ᠤᠢᠷ᠎ᠠ᠎ᠳᠤ᠂ ᠦᠪᠦᠷ ᠮᠣᠩᠭᠤᠯ᠎ᠤᠨ ᠬᠡᠷ ᠪᠦᠯᠢ᠎ᠶ᠋ᠢᠨ ᠰᠣᠷᠭᠠᠨ ᠬᠦᠮᠦᠵᠢᠯ᠎ᠤᠨ ᠰᠣᠳᠣᠯᠭᠠᠨ᠎ᠤ ᠬᠤᠷᠠᠯ᠎ᠤᠨ ᠣᠷᠠᠳ᠎ᠤᠨ ᠬᠤᠢᠳᠣ ᠬᠤᠱᠢᠭᠤᠨ᠎ᠳᠠᠬᠢ ᠪᠣᠯᠪᠠᠰᠣᠷᠠᠯ᠎ᠤᠨ ᠰᠠᠭᠤᠷᠢᠨ ᠵᠢᠴᠢ ᠦᠪᠦᠷ ᠮᠣᠩᠭᠤᠯ᠎ᠤᠨ ᠬᠤᠩ ᠪᠦᠸᠧ ᠰᠡᠳᠭᠢᠴᠡ ᠵᠦᠢ᠎ᠶ᠋ᠢᠨ ᠱᠢᠨᠵᠢᠯᠡᠬᠦ᠌ ᠣᠬᠠᠭᠠᠨ᠎ᠤ ᠰᠣᠳᠣᠯᠭᠠᠨ᠎ᠤ ᠬᠦᠷᠢᠶᠡᠯᠡᠩ᠎ᠤᠨ ᠵᠣᠯ ᠵᠢᠷᠭᠠᠯᠳᠣ ᠰᠣᠷᠭᠠᠨ ᠬᠦᠮᠦᠵᠢᠯ᠎ᠤᠨ ᠳᠣᠷᠱᠢᠯᠳᠠᠶ᠋ᠢᠨ ᠰᠣᠷᠭᠠᠭᠤᠯᠢ᠎ᠶ᠋ᠢᠨ ᠫᠠᠢᠰᠠ ᠡᠯᠬᠦᠬᠦ᠌ ᠶᠣᠰᠣᠯᠠᠯ ᠤᠷᠠᠳ᠎ᠤᠨ ᠬᠤᠢᠳᠤ ᠬᠤᠱᠢᠭᠤᠨ᠎ᠤ ᠮᠣᠩᠭᠤᠯ ᠪᠦᠷᠢᠨ ᠪᠠᠭ᠎ᠠ ᠰᠣᠷᠭᠠᠭᠤᠯᠢ᠎ᠳᠤ ᠶᠠᠪᠣᠭ᠍ᠳᠠᠪᠠ᠃
ᠬᠡᠷ ᠪᠦᠯᠢ᠎ᠶ᠋ᠢᠨ ᠰᠣᠷᠭᠠᠨ ᠬᠦᠮᠦᠵᠢᠯ᠎ᠤᠨ ᠪᠣᠯᠪᠠᠰᠣᠷᠠᠯ᠎ᠤᠨ ᠰᠠᠭᠤᠷᠢᠨ ᠪᠣᠯᠣᠨ ᠵᠣᠯ ᠵᠢᠷᠭᠠᠯᠳᠣ ᠰᠣᠷᠭᠠᠨ ᠬᠦᠮᠦᠵᠢᠯ᠎ᠤᠨ ᠳᠣᠷᠱᠢᠯᠳᠠᠶ᠋ᠢᠨ ᠰᠣᠷᠭᠠᠭᠤᠯᠢ᠎ᠶ᠋ᠢ ᠪᠠᠢᠭᠤᠯᠬᠤ᠎ᠨᠢ ᠰᠣᠷᠭᠠᠭᠤᠯᠢ᠎ᠶ᠋ᠢᠨ ᠰᠡᠳᠭᠢᠴᠡ ᠵᠦᠢ᠎ᠶ᠋ᠢᠨ ᠰᠣᠷᠭᠠᠨ ᠬᠦᠮᠦᠵᠢᠯ ᠪᠣᠯᠣᠨ ᠬᠡᠷ ᠪᠦᠯᠢ᠎ᠶ᠋ᠢᠨ ᠰᠣᠷᠭᠠᠨ ᠬᠦᠮᠦᠵᠢᠯ᠎ᠢᠶᠠᠷ ᠭᠤᠣᠯᠯᠠᠭᠤᠯᠣᠭ᠍ᠰᠠᠨ ᠵᠣᠯ ᠵᠢᠷᠭᠠᠯᠳᠣ ᠰᠣᠷᠭᠠᠨ ᠬᠦᠮᠦᠵᠢᠯ᠎ᠤᠨ ᠦᠢᠯᠡᠳᠦᠯᠬᠡ᠎ᠶ᠋ᠢᠨ ᠡᠷᠢᠯᠬᠢᠯᠡᠯ ᠬᠢᠵᠦ᠍᠂ ᠪᠠᠭ᠍ᠰᠢ ᠨᠠᠷ᠎ᠤᠨ ᠰᠣᠷᠭᠠᠨ ᠬᠦᠮᠦᠵᠢᠯ ᠦᠷᠨᠢᠬᠦᠯᠬᠦ᠌᠎ᠶ᠋ᠢᠨ ᠳᠠᠭᠠᠣ ᠬᠡᠦᠬᠡᠳ᠎ᠢ ᠪᠠᠶᠠᠷ ᠪᠠᠶᠠᠰᠣᠯᠲᠠᠢ ᠬᠦᠮᠦᠵᠢᠬᠦᠯᠵᠦ᠍᠂ ᠦᠪᠡᠷ᠎ᠤᠨ ᠠᠵᠢᠯ᠎ᠢᠶᠠᠨ ᠬᠠᠢᠷᠠᠯᠠᠨ᠂ ᠳᠣᠬᠠᠢᠯᠠᠭ᠍ᠰᠠᠨ ᠠᠵᠢᠯ᠎ᠤᠨ ᠵᠣᠯ ᠵᠢᠷᠭᠠᠯ᠎ᠢ ᠮᠡᠳᠡᠷᠡᠬᠦ᠌ ᠪᠣᠯᠣᠨ᠎ᠠ᠃ ᠰᠣᠷᠣᠭ᠍ᠴᠢᠳ ᠦᠰᠦᠨ ᠪᠤᠢᠵᠢᠯᠳᠠ᠎ᠶ᠋ᠢᠨ ᠶᠠᠪᠤᠴᠠ᠎ᠳᠤ ᠪᠠᠶᠠᠷ ᠪᠠᠶᠠᠰᠣᠯᠲᠠᠢ ᠰᠣᠷᠣᠯᠴᠠᠵᠣ᠂ ᠰᠠᠢᠨ ᠰᠠᠢᠬᠠᠨ ᠦᠢᠯᠡᠰ᠎ᠤᠨ ᠲᠦᠯᠦᠬᠡ ᠵᠢᠳᠬᠦᠬᠦ᠌᠎ᠶ᠋ᠢᠨ ᠳᠠᠭᠠᠣ ᠵᠣᠯ ᠵᠢᠷᠭᠠᠯ᠎ᠢ ᠮᠡᠳᠡᠷᠡᠬᠦ᠌ ᠪᠣᠯᠣᠨ᠎ᠠ᠃ ᠡᠬᠦᠨ᠎ᠳᠤ᠂ ᠰᠣᠷᠣᠭ᠍ᠴᠢᠳ᠎ᠤᠨ ᠬᠡᠷ᠎ᠤᠨ ᠠᠬᠠᠮᠠᠳ ᠬᠡᠦᠬᠡᠳ᠎ᠤᠨ᠎ᠢᠶᠠᠨ ᠪᠠᠶ᠎ᠡ᠎ᠳᠤᠨᠢ ᠳᠣᠬᠢᠷᠠᠭ᠍ᠰᠠᠨ ᠰᠣᠷᠭᠠᠨ ᠬᠦᠮᠦᠵᠢᠯ ᠬᠦᠷᠳᠡᠬᠦ᠌᠎ᠶ᠋ᠢᠨ ᠣᠯᠠᠮ ᠠᠴᠠ ᠳᠡᠬᠡᠳᠦ ᠳᠡᠰ ᠤᠨ ᠵᠣᠯ ᠵᠢᠷᠭᠠᠯ᠎ᠢ ᠮᠡᠳᠡᠷᠡᠵᠦ᠍᠂ 《ᠪᠠᠭ᠍ᠰᠢ ᠨᠠᠷ ᠪᠠᠶᠠᠷ ᠪᠠᠶᠠᠰᠣᠯᠲᠠᠢ ᠵᠢᠭᠠᠨ ᠰᠣᠷᠭᠠᠯᠳᠠ ᠬᠢᠵᠦ᠍᠂ ᠰᠣᠷᠣᠭ᠍ᠴᠢᠳ ᠪᠠᠶᠠᠷ ᠪᠠᠶᠠᠰᠣᠯᠲᠠᠢ ᠰᠣᠷᠣᠯᠴᠠᠵᠣ᠂ ᠨᠠᠢᠬᠡᠮ ᠨᠠᠢᠳᠠ ᠬᠠᠨᠣᠮᠵᠢᠲᠠᠢ ᠪᠠᠢᠬᠤ》 ᠰᠣᠷᠭᠠᠨ ᠬᠦᠮᠦᠵᠢᠯ᠎ᠤᠨ ᠬᠠᠷᠠᠯᠳᠠᠳᠤ ᠬᠦᠷᠴᠦ᠍᠂ ᠰᠣᠷᠭᠠᠭᠤᠯᠢ᠎ᠶ᠋ᠢᠨ ᠲᠦᠷᠬᠡᠨ ᠪᠦᠬᠡᠳ ᠳᠣᠭ᠍ᠳᠠᠭᠤᠨᠢᠶᠠᠷ ᠦᠷᠬᠦᠯᠵᠢᠯᠡᠨ ᠬᠦᠭ᠌ᠵᠢᠬᠦ᠌᠎ᠶ᠋ᠢ ᠠᠬᠢᠭᠤᠯᠬᠤ ᠪᠤᠯᠤᠨ᠎ᠠ᠃
ᠠᠵᠢᠯᠯᠠᠭ᠎ᠠ᠎ᠶ᠋ᠢᠨ ᠠᠬᠤᠢ ᠲᠠᠯᠠᠪᠠᠢ
2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄tn@mgyxw.net 蒙ICP备10000005号