ᠢᠲᠡᠭᠡᠯ᠎ᠳᠤ ᠰᠥᠮᠪᠤᠷᠯᠡᠭ᠌ᠰᠡᠨ ᠥᠢᠯᠡᠰ᠎ᠤᠨ ᠮᠥᠷ
2021-05-24 10:21:15
ᠵᠣᠬᠢᠶᠠᠭ᠍ᠴᠢ᠄
ᠬᠠᠰᠭᠦᠥ
ᠣᠩᠱᠢᠭ᠍ᠰᠠᠨ ᠣᠳᠠᠭ᠎ᠠ᠄
★★★☆☆

ᠴᠠᠬᠠᠷ ᠪᠥᠰᠡᠬᠦ᠋ᠢᠴᠤᠤᠯ᠎ᠤᠨ ᠠᠵᠢᠯ᠎ᠳᠤ ᠡᠪᠲᠡᠢ᠂ ᠬᠥᠲᠡᠯᠮᠥᠷᠢ᠎ᠳᠤ ᠲᠠᠳᠮᠠᠭᠠᠢ᠂ ᠰᠤᠷᠴᠥ᠍ ᠡᠵᠡᠮᠱᠢᠬᠦ᠌᠎ᠳᠤ ᠲᠥᠷᠭᠡᠨ ᠤᠨᠴᠠᠯᠢᠭ ᠬᠠᠰᠲᠤᠶᠠᠭ᠎ᠠ᠎ᠶ᠋ᠢᠨ ᠪᠡᠶ᠎ᠠ ᠲᠡᠭᠡᠷ᠎ᠠ ᠪᠥᠷᠢᠨ ᠢᠯᠡᠷᠡᠨ᠎ᠠ᠃ ᠬᠠᠰᠲᠤᠶᠠᠭ᠎ᠠ ᠬᠥᠪᠡᠭᠡᠲᠥ᠍ ᠱᠢᠷ᠎ᠠ ᠬᠤᠱᠢᠭᠤᠨ᠎ᠤ ᠨᠠᠷᠬᠠᠠᠭᠤᠯᠠ ᠰᠤᠮᠤ᠎ᠶ᠋ᠢᠨ ᠬᠠᠲᠠᠨᠬᠤᠱᠢᠭᠤ ᠭᠠᠴᠠᠭ᠎ᠠ᠎ᠠᠴᠠ ᠱᠢᠯᠢᠩᠬᠤᠲᠠ᠎ᠳᠤ ᠢᠷᠡᠵᠥ᠍᠂ ᠠᠩᠬ᠎ᠠ ᠠᠢᠯ ᠪᠤᠯᠬᠤ᠎ᠳᠤ ᠠᠮᠢᠲᠤᠷᠠᠯ᠎ᠤᠨ ᠰᠠᠭᠤᠷᠢ ᠨᠢᠮᠭᠡᠨ ᠪᠠᠢᠭ᠍ᠰᠠᠨ ᠴᠥ᠍ ᠨᠥᠬᠦᠷ᠎ᠲᠠᠢ ᠬᠤᠶᠠᠭᠤᠯᠠ᠎ᠪᠠᠨ ᠬᠠᠯᠠᠮᠵᠢ ᠬᠠᠢᠷ᠎ᠠ᠎ᠪᠠᠷ ᠲᠥᠱᠢᠯᠴᠡᠵᠥ᠍᠂ ᠢᠳᠡᠭᠡᠯ ᠵᠤᠷᠢᠭ ᠲᠦᠭᠦᠷᠡᠩ᠎ᠢᠶᠠᠷ ᠴᠢᠷᠮᠠᠢᠨ ᠠᠵᠢᠯᠯᠠᠬ᠍ᠰᠡᠨ᠎ᠢᠶᠠᠷ ᠭᠤᠷᠪᠠᠨ ᠵᠢᠯ᠎ᠤᠨ ᠲᠠᠷᠠᠭ᠎ᠠ 100 ᠭᠠᠷᠤᠢ ᠬᠤᠨᠢ᠎ᠲᠠᠢ᠂ ᠲᠥᠴᠢ ᠲᠠᠪᠢᠭᠠᠳ ᠥᠭᠡᠷ᠎ᠲᠠᠢ ᠪᠤᠯᠵᠥ᠍ ᠬᠥᠯᠵᠢᠭ᠌ᠰᠡᠨ ᠪᠠᠢᠨ᠎ᠡ᠃


3985387_lity_1621408371430_m.jpg


2007 ᠤᠨ᠎ᠳᠤ ᠰᠡᠳᠭᠢᠯ ᠰᠠᠨᠠᠭ᠎ᠠ ᠨᠢᠭᠡᠲᠡᠢ ᠠᠮᠠᠷᠠᠭ ᠬᠤᠤᠰ ᠴᠠᠭᠠᠨ ᠢᠲᠡᠭᠡᠨ᠎ᠤ ᠥᠢᠯᠡᠰ ᠡᠷᠬᠢᠯᠡᠬᠦ᠌᠎ᠪᠠᠷ ᠵᠤᠷᠢᠭ ᠱᠢᠭᠤᠳᠴᠦ᠍᠂ ᠠᠢᠯ᠎ᠤᠨ ᠬᠤᠶᠠᠷ ᠲᠡᠷᠭᠡᠨ ᠬᠥᠮᠥᠷᠭᠡ᠎ᠶ᠋ᠢ ᠵᠢᠯ᠎ᠤᠨ 15000 ᠲᠥᠭᠦᠷᠢᠭ᠎ᠢᠶᠠᠷ ᠲᠥᠷᠢᠶᠡᠰᠥᠯᠡᠵᠦ᠍ ᠠᠪᠤᠭᠠᠳ 《ᠪᠠᠶᠠᠯᠢᠭ》 ᠴᠠᠭᠠᠨ ᠢᠳᠡᠭᠡᠨ᠎ᠤ ᠳᠡᠯᠭᠡᠭᠦᠷ᠎ᠢᠶᠠᠨ ᠨᠡᠬᠡᠭᠡᠵᠡᠢ᠃ ᠴᠠᠭᠠᠨ ᠰᠥᠨ᠎ᠤ ᠮᠢᠯᠢᠶᠠᠯᠭ᠎ᠠ᠎ᠲᠠᠢ᠎ᠪᠠᠷ ᠥᠢᠯᠡᠳᠪᠤᠷᠢᠯᠡᠯ ᠪᠤᠷᠤᠯᠠᠭᠤᠯᠭ᠎ᠠ ᠠᠯᠢ ᠨᠢᠭᠡ ᠶᠠᠪᠤᠴᠠ ᠴᠥ᠍ ᠲᠤᠩ ᠤᠷᠤᠭ᠍ᠰᠢᠲᠠᠢ ᠪᠠᠢᠯ᠎ᠡ᠂ 2020 ᠤᠨ᠎ᠤ 5 ᠰᠠᠷ᠎ᠡ᠎ᠳᠤ ᠲᠡᠳᠡ ᠤᠲᠤ᠎ᠶ᠋ᠢᠨ ᠲᠤᠬᠢᠯᠢᠭ ᠡᠪᠯᠢᠭ᠌ᠭᠡᠨ ᠬᠤᠶᠠᠷ ᠲᠠᠪᠬᠤᠷ ᠠᠰᠠᠷ᠎ᠢ ᠵᠢᠯ᠎ᠤᠨ 3 ᠳᠦᠮᠡᠨ ᠳᠦᠬᠦᠷᠢᠭ᠎ᠢᠶᠠᠷ ᠳᠦᠷᠢᠶᠡᠰᠦᠯᠡᠵᠤ᠂ ᠡᠵᠡᠩᠨᠡᠯᠲᠡ᠎ᠶ᠋ᠢᠨ ᠬᠡᠪᠴᠢᠶ᠎ᠡ᠎ᠪᠠᠨ ᠴᠢᠨᠠᠬ᠍ᠰᠢᠳᠠ ᠦᠷᠭᠡᠳᠭᠡᠭ᠌ᠰᠡᠨ ᠪᠢᠯᠡ᠃ ᠤᠲᠤᠬᠠᠨ᠎ᠳᠤ ᠬᠠᠰᠲᠤᠶᠠᠭ᠎ᠠ ᠡᠲᠥᠷ ᠪᠥᠷᠢ ᠬᠡᠲᠥᠨ ᠵᠠᠭᠤᠨ ᠵᠢᠩ ᠰᠥ᠍ ᠪᠤᠯᠪᠠᠰᠤᠷᠠᠭᠤᠯᠵᠥ᠍᠂ ᠬᠤᠷᠤᠳ᠂ ᠴᠤᠷ᠎ᠠ᠂ ᠪᠢᠱᠢᠯᠠᠭ᠂ ᠠᠭᠠᠷᠴᠠ᠂ ᠱᠢᠷ᠎ᠠ ᠲᠤᠰᠤ᠂ ᠴᠥᠴᠥᠭᠡᠢ᠂ ᠱᠢᠷᠠᠰᠤᠨ ᠱᠢᠬᠢᠷ ᠵᠡᠷᠭᠡ ᠲᠥᠷᠥᠯ ᠵᠥᠢᠯ᠎ᠤᠨ ᠴᠠᠭᠠᠨ ᠢᠲᠡᠭᠡᠨ᠎ᠢ ᠨᠠᠷᠢᠯᠢᠭ ᠴᠢᠨᠠᠷᠵᠢᠭᠤᠨ ᠬᠢᠬᠦ᠌᠎ᠶ᠋ᠢᠨ ᠲᠠᠭᠠᠥ ᠬᠥᠮᠥᠰ᠎ᠤᠨ ᠡᠷᠡᠬᠦᠯ ᠬᠤᠭᠤᠯᠠᠯᠠᠬᠤ᠎ᠳᠤ ᠵᠤᠬᠢᠴᠠᠭᠤᠯᠤᠭ᠍ᠰᠠᠨ ᠠᠮᠲᠠ ᠱᠢᠮ᠎ᠡ ᠲᠡᠩᠴᠡᠬᠦᠭᠡᠨ ᠰᠠᠢᠬᠠᠨ ᠮᠤᠩᠭᠤᠯ ᠪᠤᠤᠪᠤ ᠬᠠᠭᠠᠷᠢᠵᠥ᠍᠂ ᠱᠢᠯᠢᠩᠬᠤᠲᠠ᠎ᠶ᠋ᠢᠨ ᠬᠡᠪᠴᠢᠶᠡᠨ᠎ᠳᠤ ᠪᠤᠷᠤᠯᠠᠭᠤᠯᠬᠤ᠎ᠠᠴᠠ ᠭᠠᠲᠠᠨ᠎ᠠ ᠵᠢᠷᠬᠢᠶ᠎ᠠ᠂ ᠴᠤᠤᠷᠢᠶ᠎ᠠ᠎ᠪᠠᠷ ᠰᠠᠢᠨ ᠤᠬᠠᠭᠤᠯᠤᠬ᠍ᠰᠡᠨ᠎ᠠᠴᠠ ᠤᠬᠤᠷᠬᠠᠨ ᠬᠤᠭᠤᠴᠠᠭᠠᠨ᠎ᠳᠤ ᠤᠷᠲᠤᠰ᠂ ᠪᠤᠭᠤᠲᠤ᠌᠂ ᠬᠥᠭᠡᠬᠤᠲᠠ᠂ ᠰᠥᠵᠸᠥ᠂ ᠾᠧᠪᠸᠢ ᠵᠡᠷᠭᠡ ᠭᠠᠵᠠᠷ᠎ᠤᠨ ᠬᠡᠷᠡᠭ᠌ᠯᠡᠭ᠌ᠴᠢᠳ᠎ᠲᠠᠢ ᠪᠤᠯᠵᠥ᠍᠂ ᠬᠦᠮᠤᠰ 《ᠴᠢᠷᠠᠢᠯᠢᠭ ᠮᠤᠩᠭᠤᠯ ᠪᠥᠰᠡᠬᠦᠢ᠎ᠶ᠋ᠢᠨ ᠬᠢᠭ᠌ᠰᠡᠨ ᠱᠢᠮ᠎ᠠ᠎ᠲᠠᠢ ᠮᠤᠩᠭᠤᠯ ᠢᠲᠡᠭᠡᠨ》 ᠬᠡᠮᠡᠨ ᠠᠪᠬᠤ ᠪᠤᠯᠵᠠᠭᠠᠵᠠᠢ᠃

ᠬᠠᠰᠲᠤᠶᠠᠭ᠎ᠠ ᠵᠠᠪ ᠴᠢᠯᠥᠭᠡ᠎ᠪᠠᠷ᠎ᠢᠶᠠᠨ ᠰᠤᠨᠢᠨ ᠰᠡᠳᠬᠦᠯ ᠤᠡᠭ᠌ᠰᠢᠵᠥ᠍᠂ ᠴᠠᠭ ᠨᠡᠢᠭᠡᠮ᠎ᠤᠨ ᠬᠥᠭ᠌ᠵᠢᠯᠲᠡ ᠬᠤᠪᠢᠷᠠᠯᠲᠠ᠎ᠶ᠋ᠢ ᠠᠩᠬᠠᠷᠴᠥ᠍ ᠬᠠᠯᠠᠮᠵᠢᠯᠠᠲᠠᠭ ᠪᠠᠰᠠ ᠨᠢᠭᠡᠨ ᠰᠠᠢᠬᠠᠨ ᠲᠠᠳᠭᠠᠯ᠎ᠲᠠᠢ᠃ 《ᠤᠢ᠍ᠢᠷ᠎ᠠ᠎ᠶ᠋ᠢᠨ ᠵᠢᠯ᠎ᠳᠤ ᠥᠪᠡᠷᠲᠡᠭᠡᠨ ᠵᠠᠰᠠᠬᠤ ᠤᠷᠤᠨ᠎ᠠᠴᠠ ᠥᠨᠲᠤᠰᠤᠲᠡᠨ᠎ᠤ ᠤᠯᠠᠮᠵᠢᠯᠠᠯᠲᠤ ᠰᠥ᠍ ᠰᠠᠭᠠᠯᠢ᠎ᠶ᠋ᠢᠨ ᠥᠢᠯᠡᠰ᠎ᠢ ᠪᠥᠬᠦ᠌ ᠲᠠᠯ᠎ᠠ᠎ᠪᠠᠷ ᠬᠥᠭ᠌ᠵᠢᠬᠦᠯᠬᠦ᠌ ᠭᠡᠵᠥ᠍ ᠪᠠᠢᠬᠤ᠎ᠶ᠋ᠢ ᠰᠤᠨᠢᠨ ᠰᠡᠳᠬᠦᠯ᠎ᠠᠴᠠ ᠬᠠᠷᠠᠵᠥ᠍ ᠤᠢ᠍ᠢᠯᠠᠭᠠᠯ᠎ᠠ᠃ ᠡᠨᠡ ᠰᠠᠢᠬᠠᠨ ᠲᠤᠬᠢᠶᠠᠯ᠎ᠳᠤ ᠲᠠᠭᠠᠷᠠᠭᠤᠯᠤᠨ ᠪᠢ ᠱᠢᠯᠢᠩᠬᠤᠳᠠ᠎ᠶ᠋ᠢᠨ ᠴᠠᠭᠠᠨ ᠢᠲᠡᠭᠡᠨ᠎ᠤ ᠨᠡᠢᠭᠡᠮᠯᠢᠭ᠎ᠲᠤ ᠤᠷᠤᠭ᠍ᠰᠠᠨ ᠪᠦᠭᠡᠳ ᠨᠠᠢᠭᠡᠮᠯᠢᠭ᠎ᠠᠴᠠ ᠡᠷᠬᠢᠯᠡᠭ᠌ᠰᠡᠨ ᠪᠤᠯᠪᠠᠰᠤᠷᠠᠯ᠎ᠳᠤ ᠪᠠᠰᠠ ᠤᠷᠤᠯᠴᠠᠵᠤ᠂ ᠤᠷ᠎ᠡ ᠮᠡᠷᠭᠡᠵᠢᠯ᠎ᠢᠶᠠᠨ ᠳᠡᠭᠡᠭ᠌ᠰᠢᠯᠡᠬᠦᠯᠦᠭ᠌ᠰᠡᠨ ᠶᠤᠮ》 ᠭᠡᠵᠥ᠍ ᠬᠠᠰᠲᠤᠶᠠᠭ᠎ᠠ ᠤᠷᠮᠠᠲᠠᠢᠬᠠᠨ ᠶᠠᠷᠢᠨ᠎ᠠ᠃

《ᠬᠥᠮᠥᠨ᠎ᠤ ᠰᠠᠢᠬᠠᠨ ᠬᠦᠰᠡᠯ᠎ᠳᠤ᠎ᠪᠠᠨ᠂ ᠬᠦᠰᠡᠯ᠎ᠤᠨ ᠰᠠᠢᠬᠠᠨ ᠢᠳᠡᠬᠡᠯ᠎ᠳᠤ᠎ᠪᠠᠨ》 ᠭᠡᠭ᠌ᠴᠢ᠎ᠪᠠᠷ ᠬᠠᠰᠳᠤᠶᠠᠭ᠎ᠠ ᠬᠠᠷ᠎ᠠ ᠪᠠᠭ᠎ᠠ᠎ᠠᠴᠠ ᠠᠮᠢᠲᠤᠷᠠᠯ᠎ᠤᠨ ᠬᠠᠲᠠᠭᠤ ᠪᠡᠷᠭᠡ᠎ᠶ᠋ᠢ ᠠᠮᠰᠠᠵᠥ᠍ ᠢᠷᠡᠭ᠌ᠰᠡᠨ ᠴᠥ᠍ ᠠᠮᠢᠲᠤᠷᠠᠯ᠎ᠳᠤ ᠶᠡᠷᠥ᠎ᠠᠴᠠ ᠭᠤᠮᠤᠲᠠᠭ᠎ᠠ ᠥᠭᠡᠢ᠂ ᠬᠠᠷᠢᠨ ᠥᠡᠭ᠌ᠭᠡᠷᠡᠬᠦᠯᠵᠥ᠍ ᠢᠷᠡᠭ᠌ᠰᠡᠨ ᠲᠡᠷᠡ ᠪᠥᠬᠦᠲᠡ᠎ᠶ᠋ᠢ ᠬᠢᠴᠢᠶᠡᠯ ᠰᠤᠷᠭᠠᠮᠵᠢ ᠪᠤᠯᠭᠠᠨ᠂ ᠥᠪᠡᠷ᠎ᠲᠤ᠎ᠪᠠᠨ ᠢᠲᠡᠭᠡᠯ᠎ᠲᠠᠢ᠂ ᠬᠥᠰᠡᠯ᠎ᠲᠠᠢ᠂ ᠵᠤᠷᠢᠭ᠎ᠲᠠᠢ ᠬᠠᠨᠲᠤᠵᠥ᠍ ᠢᠷᠡᠭ᠌ᠰᠡᠨ᠎ᠢᠶᠠᠷ ᠠᠮᠢᠲᠤᠷᠠᠯ ᠴᠥ᠍ ᠰᠠᠢᠬᠠᠨ ᠪᠥᠬᠦᠨ᠎ᠢ ᠬᠠᠷᠢᠭᠤ ᠪᠡᠯᠡᠭ᠌ᠯᠡᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号