ᠦᠤᠱᠢᠨ ᠬᠤᠱᠢᠭᠤ ᠨᠢᠬᠡᠯᠬᠡᠨ ᠵᠢᠯ᠎ᠤᠨ ᠲᠤᠳᠤᠷ᠎ᠠ ᠮᠠᠯᠵᠢᠬᠤ ᠲᠠᠷᠢᠶᠠᠯᠠᠬᠤ ᠡᠷᠦᠬᠡ᠎ᠶ᠋ᠢᠨ ᠤᠷᠤᠯᠭ᠎ᠠ᠎ᠶ᠋ᠢ ᠲᠤᠮᠳᠠᠴᠢ᠎ᠪᠠᠷ 3.5 ᠲᠦᠮᠡ ᠭᠠᠷᠤᠢ ᠲᠦᠬᠦᠷᠢᠭ ᠨᠡᠮᠡᠭ᠌ᠳᠡᠬᠦᠯᠪᠡ
2021-05-04 18:55:39
ᠵᠣᠬᠢᠶᠠᠭ᠍ᠴᠢ᠄
ᠪᠠᠢ ᠱᠢᠶᠠᠨ ᠬᠤᠩ ᠱᠢᠶᠠ ᠠᠯᠤᠰ
ᠣᠩᠱᠢᠭ᠍ᠰᠠᠨ ᠣᠳᠠᠭ᠎ᠠ᠄
★★★☆☆


ᠶᠠᠷᠤ᠎ᠶ᠋ᠢᠨ ᠪᠠᠢᠳᠠᠯ ᠲᠤᠤᠷ᠎ᠠ ᠨᠢᠬᠡ ᠮᠠᠯᠵᠢᠬᠤ ᠲᠠᠷᠢᠶᠠᠯᠠᠬᠤ ᠡᠷᠦᠬᠡ᠎ᠶ᠋ᠢᠨ ᠵᠢᠯ᠎ᠤᠨ ᠤᠷᠤᠯᠭ᠎ᠠ 3.5 ᠲᠦᠮᠡᠨ ᠲᠦᠬᠦᠷᠢᠭ ᠨᠡᠮᠡᠭ᠌ᠳᠡᠵᠠᠢ ᠬᠡᠪᠡᠯ ᠢᠳᠡᠬᠡᠵᠤ ᠶᠠᠳᠠᠮᠠᠷ ᠶᠤᠮ᠃ ᠬᠡᠪᠡᠴᠦ᠍ ᠦᠤᠱᠢᠨ ᠬᠤᠱᠢᠭᠤ ᠠᠵᠤ ᠦᠢᠯᠡᠰ᠎ᠤᠨ ᠪᠦᠷᠢᠨ ᠬᠡᠯᠬᠢᠶ᠎ᠠ᠎ᠲᠠᠢ ᠤᠳᠤ ᠦᠶ᠎ᠠ᠎ᠶ᠋ᠢᠨ ᠲᠠᠷᠢᠶᠠᠯᠠᠩ᠎ᠤᠨ ᠠᠵᠤ ᠦᠢᠯᠡᠰᠵᠢᠯᠳᠠ᠎ᠶ᠋ᠢᠨ ᠬᠤᠯᠪᠤᠭᠠᠳᠤ ᠴᠤᠭ᠍ᠴᠠ᠎ᠶ᠋ᠢ ᠪᠠᠢᠭᠤᠯᠵᠤ᠂ ᠨᠢᠬᠡᠯᠬᠡᠨ ᠵᠢᠯ᠎ᠤᠨ ᠲᠤᠳᠤᠷ᠎ᠠ ᠬᠤᠯᠪᠤᠭᠠᠳᠤ ᠴᠤᠭ᠍ᠴᠠ᠎ᠳᠠᠭᠠᠨ ᠲᠠᠢᠴᠢᠯᠠᠨ ᠤᠷᠤᠭᠤᠯᠤᠭ᠍ᠰᠠᠨ 2158 ᠮᠠᠯᠵᠢᠬᠤ ᠲᠠᠷᠢᠶᠠᠯᠠᠬᠤ ᠡᠷᠦᠬᠡ᠎ᠶ᠋ᠢᠨ ᠤᠷᠤᠯᠭ᠎ᠠ᠎ᠶ᠋ᠢ ᠲᠤᠮᠳᠠᠴᠢ᠎ᠪᠠᠷ 3.52 ᠲᠦᠮᠡᠨ ᠲᠦᠬᠦᠷᠢᠭ ᠨᠡᠮᠡᠭ᠌ᠳᠡᠬᠦᠯᠦᠭ᠌ᠰᠡᠨ ᠶᠡᠷᠤ ᠪᠤᠰᠤ᠎ᠶ᠋ᠢᠨ ᠭᠠᠢᠬᠠᠮ᠎ᠠ ᠠᠮᠵᠢᠯᠳᠠ᠎ᠶ᠋ᠢ ᠡᠬᠦᠳᠴᠠᠢ᠃

ᠲᠤᠰ ᠬᠤᠱᠢᠭᠤ 2019 ᠤᠨ᠎ᠤ 7 ᠰᠠᠷ᠎ᠠ᠎ᠠᠴᠠ ᠡᠬᠢᠯᠡᠨ 《ᠲᠠᠭᠠᠭᠤᠯᠤᠭ᠍ᠴᠢ ᠠᠵᠤ ᠠᠬᠤᠢ᠍ᠢᠯᠠᠯ + ᠲᠤᠰᠭᠠᠢ ᠬᠤᠷᠱᠢᠶ᠎ᠠ + ᠬᠡᠷ ᠪᠦᠯᠢ᠎ᠶ᠋ᠢᠨ ᠲᠠᠷᠢᠶᠠᠯᠠᠩ᠎ᠤᠨ ᠲᠠᠯᠠᠪᠠᠢ》 ᠎ᠶ᠋ᠢᠨ ᠵᠠᠭ᠍ᠪᠤᠷ᠎ᠢᠶᠠᠷ ᠬᠦᠷᠦᠰᠤ᠎ᠶ᠋ᠢ ᠱᠢᠨᠵᠢᠨ ᠪᠤᠷᠳᠤᠭᠤᠷ ᠨᠠᠢᠷᠠᠬᠤ᠂ ᠲᠠᠷᠢᠵᠤ ᠠᠷᠠᠴᠢᠯᠠᠬᠤ᠂ ᠦᠢᠯᠡᠴᠢᠯᠡᠬᠦ᠂ ᠡᠳ᠋ᠱᠢᠬᠦᠯᠬᠦ᠂ ᠬᠦᠢᠯᠬᠡᠬᠡᠬᠦ᠂ ᠪᠤᠷᠤᠯᠠᠭᠤᠯᠬᠤ ᠵᠡᠷᠬᠡ ᠲᠠᠷᠢᠶᠠᠯᠠᠩ᠎ᠤᠨ ᠠᠵᠤ ᠦᠢᠯᠡᠰ᠎ᠤᠨ ᠬᠡᠯᠬᠢᠶᠡᠨ᠎ᠤ ᠡᠯ᠎ᠠ ᠭᠤᠭ᠍ᠴᠤᠭᠠᠨ᠎ᠳᠠᠬᠢ ᠡᠵᠡᠩᠨᠡᠯᠳᠡ᠎ᠶ᠋ᠢᠨ ᠭᠤᠤᠯ ᠴᠤᠭ᠍ᠴᠠ᠎ᠶ᠋ᠢ ᠪᠠᠭ᠍ᠳᠠᠭᠠᠭ᠍ᠰᠠᠨ ᠤᠳᠤ ᠦᠶ᠎ᠠ᠎ᠶ᠋ᠢᠨ ᠲᠠᠷᠢᠶᠠᠯᠠᠩ᠎ᠤᠨ ᠠᠵᠤ ᠦᠢᠯᠡᠰᠵᠢᠯᠳᠠ᠎ᠶ᠋ᠢᠨ ᠬᠤᠯᠪᠤᠭᠠᠳᠤ ᠴᠤᠭ᠍ᠴᠠ᠎ᠶ᠋ᠢ ᠰᠡᠳᠤᠨ ᠪᠠᠢᠭᠤᠯᠵᠤ᠂ ᠠᠭᠠᠵᠢᠮ᠎ᠢᠶᠠᠷ ᠲᠠᠬᠦᠯᠳᠡᠷᠵᠢᠬᠦᠯᠦᠭ᠌ᠰᠡᠨ ᠪᠠᠢᠨ᠎ᠠ᠃ ᠤᠳᠤ ᠦᠪᠤᠷ ᠮᠤᠩᠭᠤᠯ᠎ᠤᠨ ᠪᠦᠸᠧ ᠳ᠋ᠠ ᠬᠢᠮᠢ᠎ᠶ᠋ᠢᠨ ᠠᠵᠤ ᠦᠢᠯᠡᠳᠪᠤᠷᠢ᠎ᠶ᠋ᠢᠨ ᠬᠢᠵᠠᠭᠠᠷᠳᠤ ᠺᠤᠮᠫᠠᠨᠢ᠂ ᠬᠤᠩ ᠹᠧᠩ ᠠᠮᠤ ᠲᠤᠰᠤ᠎ᠶ᠋ᠢᠨ ᠺᠤᠮᠫᠠᠨᠢ ᠮᠡᠳᠤ᠎ᠶ᠋ᠢᠨ ᠲᠠᠭᠠᠭᠤᠯᠤᠭ᠍ᠴᠢ ᠠᠵᠤ ᠠᠬᠤᠢ᠍ᠢᠯᠠᠯ᠂ ᠲᠤᠮᠳᠠᠳᠤ ᠤᠯᠤᠰ᠎ᠤᠨ ᠲᠠᠷᠢᠶᠠᠯᠠᠩ᠎ᠤᠨ ᠪᠠᠩᠬᠢ᠎ᠶ᠋ᠢᠨ ᠦᠤᠱᠢᠨ ᠬᠤᠱᠢᠭᠤᠨ᠎ᠳᠠᠬᠢ ᠰᠠᠯᠪᠤᠷᠢ ᠪᠠᠩᠬᠢ ᠮᠡᠳᠤ᠎ᠶ᠋ᠢᠨ ᠮᠦᠩᠬᠦᠨ ᠬᠦᠢᠯᠬᠡᠬᠡᠨ᠎ᠤ ᠪᠠᠢᠭᠤᠯᠤᠮᠵᠢ᠂ ᠶᠦᠩ ᠱᠦᠨ ᠲᠠᠷᠢᠶᠠᠯᠠᠩ᠎ᠤᠨ ᠮᠠᠱᠢᠨ ᠲᠦᠬᠦᠬᠡᠷᠦᠮᠵᠢ᠎ᠶ᠋ᠢᠨ ᠦᠢᠯᠡᠴᠢᠯᠡᠬᠡᠨ᠎ᠤ ᠬᠤᠷᠱᠢᠶ᠎ᠠ ᠮᠡᠳᠤ᠎ᠶ᠋ᠢᠨ ᠲᠠᠷᠢᠶᠠᠴᠢᠳ᠎ᠤᠨ ᠲᠤᠰᠭᠠᠢ ᠬᠤᠷᠱᠢᠶ᠎ᠠ ᠵᠢᠴᠢ ᠬᠡᠷ ᠪᠦᠯᠢ᠎ᠶ᠋ᠢᠨ ᠲᠠᠷᠢᠶᠠᠯᠠᠩ᠎ᠤᠨ ᠲᠠᠯᠠᠪᠠᠢ᠂ ᠲᠠᠷᠢᠮᠠᠯ᠎ᠤᠨ ᠲᠤᠮᠤ ᠡᠷᠦᠬᠡ ᠵᠡᠷᠬᠡ 96 ᠡᠵᠡᠩᠨᠡᠯᠳᠡ᠎ᠶ᠋ᠢᠨ ᠭᠤᠤᠯ ᠴᠤᠭ᠍ᠴᠠ᠎ᠪᠠᠷ ᠪᠦᠷᠢᠯᠳᠦᠭ᠌ᠰᠡᠨ ᠤᠳᠤ ᠦᠶ᠎ᠠ᠎ᠶ᠋ᠢᠨ ᠲᠠᠷᠢᠶᠠᠯᠠᠩ᠎ᠤᠨ ᠠᠵᠤ ᠦᠢᠯᠡᠰᠵᠢᠯᠳᠠ᠎ᠶ᠋ᠢᠨ ᠬᠤᠯᠪᠤᠭᠠᠳᠤ ᠴᠤᠭ᠍ᠴᠠ᠎ᠶ᠋ᠢ ᠪᠦᠷᠢᠯᠳᠦᠬᠦᠯᠵᠤ᠂ ᠱᠢᠷᠬᠤᠰᠤᠨ ᠭᠤᠤᠯ ᠪᠠᠯᠭᠠᠰᠤ᠎ᠪᠠᠷ ᠭᠤᠤᠯ ᠪᠤᠯᠭᠠᠨ ᠡᠷᠬᠢᠨ ᠲᠤᠭᠤᠷᠢᠨ᠎ᠤ 3194 ᠮᠠᠯᠵᠢᠬᠤ ᠲᠠᠷᠢᠶᠠᠯᠠᠬᠤ ᠡᠷᠦᠬᠡ᠎ᠶ᠋ᠢ ᠬᠤᠯᠪᠤᠭᠠᠳᠤ ᠴᠤᠭ᠍ᠴᠠ᠎ᠳᠠᠭᠠᠨ ᠲᠠᠢᠴᠢᠯᠠᠨ ᠤᠷᠤᠭᠤᠯᠵᠤ᠂ ᠲᠠᠷᠢᠮᠠᠯ᠎ᠤᠨ ᠰᠠᠭᠤᠷᠢᠨ᠎ᠤ ᠶᠠᠷᠦᠩᠬᠡᠢ ᠲᠠᠯᠠᠪᠠᠢ᠎ᠨᠢ 36 ᠲᠦᠮᠡᠨ ᠮᠦ᠍᠎ᠶ᠋ᠢ ᠲᠠᠪᠠᠪᠠ᠃ 《ᠪᠢᠳᠡ ᠡᠵᠡᠩᠨᠡᠯᠳᠡ᠎ᠶ᠋ᠢᠨ ᠭᠤᠤᠯ ᠴᠤᠭ᠍ᠴᠠ᠎ᠶ᠋ᠢ ᠠᠱᠢᠭ ᠲᠤᠰᠠ᠎ᠶ᠋ᠢᠨ ᠬᠠᠮᠳᠤ ᠴᠤᠭ᠍ᠴᠠ ᠪᠤᠯᠭᠠᠨ ᠴᠤᠭ᠍ᠴᠠᠯᠠᠭᠠᠳ ᠡᠳ᠋ ᠬᠦᠷᠦᠩᠬᠡ᠂ ᠪᠡᠯᠡ ᠮᠦᠩᠬᠦ᠂ ᠮᠡᠷᠬᠡᠵᠢᠯ᠂ ᠲᠦᠷᠦᠯ ᠲᠡᠮᠳᠡᠭ᠂ ᠬᠦᠳᠡᠯᠮᠤᠷᠢ ᠬᠦᠴᠦ᠍ ᠮᠡᠳᠤ᠎ᠶ᠋ᠢᠨ ᠬᠦᠳᠡᠭᠡ ᠠᠵᠤ ᠠᠬᠤᠢ᠎ᠶ᠋ᠢᠨ ᠬᠦᠴᠦᠨ ᠵᠦᠢᠯ ᠪᠦᠬᠦᠨ᠎ᠢ ᠪᠦᠳᠦᠮᠵᠢᠳᠠᠢ ᠨᠡᠢᠳᠭᠡᠨ ᠠᠭᠤᠰᠤᠯᠴᠠᠭᠤᠯᠵᠤ᠂ ᠡᠯ᠎ᠠ ᠡᠵᠡᠩᠨᠡᠯᠳᠡ᠎ᠶ᠋ᠢᠨ ᠭᠤᠤᠯ ᠴᠤᠭ᠍ᠴᠠ ᠵᠢᠴᠢ ᠮᠠᠯᠵᠢᠬᠤ ᠲᠠᠷᠢᠶᠠᠯᠠᠬᠤ ᠡᠷᠦᠬᠡ᠎ᠶ᠋ᠢᠨ ᠬᠠᠷᠢᠯᠴᠠᠨ ᠲᠠᠪᠠᠭᠤᠯᠢᠭ᠎ᠢᠶᠠᠨ ᠨᠦᠬᠦᠪᠤᠷᠢᠯᠡᠵᠤ ᠬᠠᠮᠳᠤ᠎ᠪᠠᠷ ᠠᠱᠢᠭ ᠬᠦᠷᠳᠡᠬᠦ᠌᠎ᠶ᠋ᠢ ᠪᠡᠶᠡᠯᠡᠬᠦᠯᠪᠠ》 ᠬᠡᠵᠤ ᠦᠤᠱᠢᠨ ᠬᠤᠱᠢᠭᠤᠨ᠎ᠤ ᠱᠢᠷᠬᠤᠰᠤᠨ ᠭᠤᠤᠯ ᠪᠠᠯᠭᠠᠰᠤ᠎ᠶ᠋ᠢᠨ ᠨᠠᠮ᠎ᠤᠨ ᠬᠤᠷᠢᠶᠠᠨ᠎ᠤ ᠱᠦᠵᠢ ᠸᠠᠩ ᠭᠤᠸᠠᠩ ᠫᠢᠩ ᠶᠠᠷᠢᠨ᠎ᠠ᠃


111.jpg



ᠪᠦᠸᠧ ᠳ᠋ᠠ ᠺᠤᠮᠫᠠᠨᠢ᠎ᠶ᠋ᠢᠨ ᠲᠤᠰᠭᠠᠢ ᠮᠡᠷᠬᠡᠵᠢᠯᠳᠡᠳ ᠲᠤᠷᠱᠢᠯᠲᠠ᠎ᠶ᠋ᠢᠨ ᠲᠤᠯᠠᠭᠠᠨ ᠬᠥᠯᠡᠮᠵᠢ᠎ᠳᠡᠭᠡᠨ ᠵᠠᠬᠢᠶᠠᠯᠠᠭ᠎ᠠ᠎ᠶ᠋ᠢᠨ ᠬᠢᠮᠢ᠎ᠶ᠋ᠢᠨ ᠪᠤᠷᠳᠤᠭᠤᠷ ᠤᠷᠤᠭᠤᠯᠤᠬ᠍ᠰᠠᠨ ᠢᠲᠡᠱᠢᠨ ᠨᠤᠭᠤᠭ᠎ᠠ᠎ᠶ᠋ᠢᠨ ᠤᠷᠭᠤᠯᠲᠠ᠎ᠶ᠋ᠢ ᠱᠢᠨᠵᠢᠨ ᠶᠠᠷᠢᠯᠴᠠᠨ᠎ᠠ᠃ 

ᠰᠤᠷᠪᠤᠯᠵᠢᠯᠠᠭ᠍ᠴᠢ ᠪᠠᠢ ᠱᠢᠶᠠᠨ ᠰᠡᠬᠦᠳᠡᠷᠯᠡᠪᠡ


ᠵᠢᠯ᠎ᠤᠨ ᠦᠢᠯᠡᠳᠬᠦᠨ᠎ᠤ ᠦᠷᠳᠡᠭ᠎ᠨᠢ 16 ᠳ᠋ᠦᠩᠱᠢᠭᠤᠷ ᠲᠦᠬᠦᠷᠢᠭ᠎ᠢ ᠲᠠᠪᠠᠵᠤ ᠪᠠᠢᠭ᠎ᠠ ᠪᠥᠸᠧ ᠳ᠋ᠡ ᠺᠣᠮᠫᠠᠨᠢ ᠪᠤᠯ ᠦᠤᠱᠢᠨ ᠬᠤᠱᠢᠭᠤᠨ᠎ᠤ ᠤᠳᠤ ᠦᠶ᠎ᠠ᠎ᠶ᠋ᠢᠨ ᠲᠠᠷᠢᠶᠠᠯᠠᠩ᠎ᠤᠨ ᠠᠵᠤ ᠦᠢᠯᠡᠰᠵᠢᠯᠳᠠ᠎ᠶ᠋ᠢᠨ ᠬᠤᠯᠪᠤᠭᠠᠳᠤ ᠴᠤᠭ᠍ᠴᠠ᠎ᠶ᠋ᠢᠨ ᠪᠦᠷᠢᠯᠳᠦᠬᠦᠨ ᠮᠦᠷᠳᠡᠭᠡᠨ ᠬᠤᠯᠪᠤᠭᠠᠳᠤ ᠴᠤᠭ᠍ᠴᠠ᠎ᠶ᠋ᠢᠨ ᠮᠠᠯᠵᠢᠬᠤ ᠲᠠᠷᠢᠶᠠᠯᠠᠬᠤ ᠡᠷᠦᠬᠡ᠎ᠳᠤ ᠬᠢᠮᠢ᠎ᠶ᠋ᠢᠨ ᠪᠤᠷᠳᠤᠭᠤᠷ ᠦᠢᠯᠡᠳᠪᠤᠷᠢᠯᠡᠨ ᠬᠠᠩᠭᠠᠵᠤ ᠪᠠᠢᠭ᠎ᠠ ᠲᠠᠭᠠᠭᠤᠯᠤᠬ᠍ᠴᠢ ᠠᠵᠤ ᠠᠬᠤᠢ᠍ᠢᠯᠠᠯ ᠪᠤᠯᠬᠤ ᠶᠤᠮ᠃ 《ᠪᠢᠳᠡ ᠲᠤᠰᠭᠠᠢ ᠮᠡᠷᠬᠡᠵᠢᠯᠳᠡᠨ ᠤᠷᠢᠵᠤ ᠲᠤᠬᠠᠢ᠎ᠶ᠋ᠢᠨ ᠭᠠᠵᠠᠷ᠎ᠤᠨ ᠬᠥᠷᠥᠰᠥ᠍ ᠱᠢᠷᠤᠢ᠎ᠶ᠋ᠢ ᠱᠢᠨᠵᠢᠵᠤ ᠪᠠᠢᠭᠠᠳ ᠲᠤᠰᠭᠠᠢ ᠵᠠᠬᠢᠶᠠᠯᠠᠭ᠎ᠠ᠎ᠲᠠᠢ ᠬᠢᠮᠢ᠎ᠶ᠋ᠢᠨ ᠪᠤᠷᠳᠤᠭᠤᠷ ᠨᠠᠢᠷᠠᠵᠤ᠂ ᠲᠤᠷᠱᠢᠨ ᠬᠡᠷᠡᠭ᠌ᠯᠡᠭ᠌ᠰᠡᠨ᠎ᠤ ᠲᠠᠷᠠᠭ᠎ᠠ ᠮᠠᠯᠴᠢᠨ ᠲᠠᠷᠢᠶᠠᠴᠢᠨ᠎ᠳᠤ ᠵᠠᠬ᠎ᠠ ᠲᠠᠯᠬᠡᠬᠦᠷ᠎ᠤᠨ ᠦᠨ᠎ᠠ ᠬᠠᠩᠰᠢ᠎ᠠᠴᠠ ᠲᠤᠤᠭᠤᠷ ᠦᠨ᠎ᠠ᠎ᠪᠠᠷ ᠬᠠᠩᠭᠠᠵᠤ ᠪᠤᠢ᠃ ᠬᠤᠯᠪᠤᠭᠠᠳᠤ ᠴᠤᠭ᠍ᠴᠠ᠎ᠳᠤ ᠤᠷᠤᠭ᠍ᠰᠠᠨ᠎ᠠᠴᠠ ᠪᠢᠳᠡᠨ᠎ᠤ ᠪᠤᠷᠤᠯᠠᠭᠤᠯᠭ᠎ᠠ᠎ᠶ᠋ᠢᠨ ᠵᠠᠬ᠎ᠠ ᠲᠠᠯᠬᠡᠬᠦᠷ ᠦᠷᠬᠡᠵᠢᠨ ᠲᠤᠭ᠍ᠳᠠᠪᠤᠷᠢᠵᠢᠵᠤ᠂ ᠤᠳᠤ ᠬᠢᠮᠢ᠎ᠶ᠋ᠢᠨ ᠪᠤᠷᠳᠤᠭᠤᠷ᠎ᠤᠨ ᠦᠢᠯᠡᠳᠪᠤᠷᠢᠯᠡᠯ᠎ᠤᠨ ᠱᠤᠭᠤᠮ ᠲᠦᠬᠦᠷᠡᠩ ᠠᠴᠢᠶ᠎ᠠ᠎ᠲᠠᠢ ᠠᠵᠢᠯᠯᠠᠵᠤ ᠪᠠᠢᠨ᠎ᠠ》 ᠬᠡᠵᠤ ᠪᠦᠸᠧ ᠳ᠋ᠠ ᠺᠤᠮᠫᠠᠨᠢ᠎ᠶ᠋ᠢᠨ ᠶᠡᠷᠤᠩᠬᠡᠢ ᠲᠠᠭᠠᠭᠠᠮᠠᠯ ᠸᠠᠩ ᠶᠤᠤ ᠬᠡᠯᠡᠨ᠎ᠠ᠃ ᠡᠨᠡ ᠵᠢᠯ ᠬᠢᠮᠢ᠎ᠶ᠋ᠢᠨ ᠪᠤᠷᠳᠤᠭᠤᠷ᠎ᠤᠨ ᠦᠨ᠎ᠠ ᠬᠠᠩᠰᠢ ᠨᠡᠯᠢᠶᠡᠳ ᠦᠰᠴᠦ᠍᠂ ᠨᠤᠭᠤᠯᠤᠨ ᠪᠤᠳᠤᠪᠠᠯ 1 ᠮᠦ᠍ ᠡᠷᠳᠡᠨᠢ ᠱᠢᠰᠢ᠎ᠶ᠋ᠢᠨ ᠲᠠᠷᠢᠶᠠᠨ᠎ᠳᠤ ᠬᠡᠷᠡᠭ᠌ᠯᠡᠬᠦ᠌ ᠡᠯ᠎ᠠ ᠵᠦᠢᠯ᠎ᠤᠨ ᠬᠢᠮᠢ᠎ᠶ᠋ᠢᠨ ᠪᠤᠷᠳᠤᠭᠤᠷ ᠪᠠᠷᠤᠭ 50 ᠲᠦᠬᠦᠷᠢᠭ ᠦᠰᠦᠬᠡᠳ 228 ᠲᠦᠬᠦᠷᠢᠭ᠎ᠲᠤ ᠬᠦᠷᠴᠠᠢ᠃ ᠬᠡᠪᠡᠴᠦ᠍ ᠪᠦᠸᠧ ᠳ᠋ᠠ ᠺᠤᠮᠫᠠᠨᠢ ᠮᠦᠨ ᠬᠦ᠌ ᠤᠤᠯ᠎ᠤᠨ ᠵᠠᠬᠢᠶᠠᠯᠠᠭ᠎ᠠ᠎ᠶ᠋ᠢᠨ ᠦᠨ᠎ᠠ ᠬᠠᠩᠰᠢ᠎ᠶ᠋ᠢ ᠪᠠᠷᠢᠮᠳᠠᠯᠠᠨ ᠬᠤᠯᠪᠤᠭᠠᠳᠤ ᠴᠤᠭ᠍ᠴᠠ᠎ᠶ᠋ᠢᠨ ᠮᠠᠯᠵᠢᠬᠤ ᠲᠠᠷᠢᠶᠠᠯᠠᠬᠤ ᠡᠷᠦᠬᠡ᠎ᠳᠤ 178 ᠲᠦᠬᠦᠷᠢᠭ᠎ᠢᠶᠠᠷ ᠬᠤᠳᠠᠯᠳᠤᠵᠤ ᠪᠠᠢᠨ᠎ᠠ᠃ 《ᠮᠠᠨ᠎ᠤ᠎ᠬᠢᠨ ᠨᠢᠳᠤᠨᠤᠨ ᠵᠢᠯ᠎ᠤᠨ ᠡᠬᠢ᠎ᠪᠠᠷ ᠬᠤᠯᠪᠤᠭᠠᠳᠤ ᠴᠤᠭ᠍ᠴᠠ᠎ᠳᠤ ᠤᠷᠤᠵᠤ᠂ ᠬᠢᠮᠢ᠎ᠶ᠋ᠢᠨ ᠪᠤᠷᠳᠤᠭᠤᠷ ᠤᠷᠤᠭᠤᠯᠬᠤ᠎ᠳᠤ ᠴᠦ᠍ ᠬᠦᠷᠦᠰᠤ ᠱᠢᠷᠤᠢ᠎ᠶ᠋ᠢ ᠱᠢᠨᠵᠢᠵᠤ ᠤᠨᠤᠱᠢᠯᠠᠬᠤ ᠴᠢᠬᠤᠯᠠᠳᠠᠢ᠎ᠶ᠋ᠢ ᠮᠡᠳᠡᠯ᠎ᠠ᠃ ᠪᠠᠰᠠ ᠰᠤᠨᠢᠨ ᠡ᠂ ᠬᠤᠯᠪᠤᠭᠠᠳᠤ ᠴᠤᠭ᠍ᠴᠠ᠎ᠠᠴᠠ ᠬᠠᠩᠭᠠᠭ᠍ᠰᠠᠨ ᠲᠤᠰᠭᠠᠢ ᠨᠠᠢᠷᠠᠯᠭ᠎ᠠ᠎ᠲᠠᠢ ᠬᠢᠮᠢ᠎ᠶ᠋ᠢᠨ ᠪᠤᠷᠳᠤᠭᠤᠷ᠎ᠢ ᠤᠤᠯ᠎ᠤᠨ ᠱᠢᠬ ᠲᠡᠢᠮᠤ ᠠᠷᠪᠢᠨ ᠰᠠᠴᠤᠬᠤ ᠦᠬᠡᠢ᠎ᠳᠤ ᠪᠤᠯᠴᠢᠬᠠᠨ᠎ᠠ᠂ ᠲᠡᠷᠡ ᠮᠦᠷᠳᠡᠭᠡᠨ ᠲᠠᠷᠢᠶᠠᠨ᠎ᠤ ᠤᠷᠭᠤᠯᠳᠠ ᠰᠠᠢᠨ ᠤᠨᠠᠯᠳᠠ᠎ᠨᠢ ᠶᠡᠭᠡ᠂ ᠨᠢᠳᠤᠨᠤᠨ ᠮᠢᠨᠤ ᠡᠷᠳᠡᠨᠢ ᠱᠢᠰᠢ᠎ᠶ᠋ᠢᠨ ᠮᠦ᠍ ᠨᠢᠬᠡᠴᠢ᠎ᠶ᠋ᠢᠨ ᠤᠨᠠᠯᠳᠠ 2000 ᠵᠢᠩ᠎ᠢ ᠲᠠᠪᠠᠯ᠎ᠠ》 ᠬᠡᠵᠤ ᠱᠢᠷᠬᠤᠰᠤᠨ ᠭᠤᠤᠯ ᠪᠠᠯᠭᠠᠰᠤ᠎ᠶ᠋ᠢᠨ ᠱᠢᠶᠤᠤ ᠱ᠌ᠢ ᠪᠢᠶᠠᠨ ᠲᠤᠰᠭᠤᠨ᠎ᠤ ᠲᠠᠷᠢᠶᠠᠴᠢᠨ ᠸᠠᠩ ᠶᠤᠤ ᠬᠦᠸᠧ ᠪᠠᠶᠠᠷᠳᠠᠢ ᠶᠠᠷᠢᠨ᠎ᠠ᠃ ᠲᠡᠳᠡᠨ᠎ᠤ᠎ᠬᠢᠨ ᠨᠢᠳᠤᠨᠤᠨ 130 ᠮᠦ᠍ ᠲᠠᠷᠢᠶ᠎ᠠ᠎ᠠᠴᠠ᠎ᠪᠠᠨ 30 ᠲᠦᠮᠡ ᠱᠢᠬᠠᠮ ᠲᠦᠬᠦᠷᠢᠭ᠎ᠤᠨ ᠤᠷᠤᠯᠭ᠎ᠠ ᠤᠯᠵᠠᠢ᠃

《ᠮᠠᠨ᠎ᠤ ᠬᠤᠯᠪᠤᠭᠠᠳᠤ ᠴᠤᠭ᠍ᠴᠠ᠎ᠶ᠋ᠢᠨ᠎ᠬᠢᠨ ᠡᠷᠳᠡᠨᠢ ᠱᠢᠰᠢ ᠭᠤᠤᠯᠳᠠᠢ ᠲᠠᠷᠢᠵᠤ ᠪᠠᠢᠨ᠎ᠠ᠃ ᠪᠢᠳᠡ ᠬᠦᠷᠦᠰᠤ᠎ᠶ᠋ᠢ ᠱᠢᠨᠵᠢᠨ ᠪᠤᠷᠳᠤᠭᠤᠷ ᠤᠷᠤᠭᠤᠯᠬᠤ᠎ᠶ᠋ᠢᠨ ᠬᠠᠮᠳᠤ ᠲᠠᠷᠢᠵᠤ ᠠᠷᠠᠴᠢᠯᠠᠬᠤ᠎ᠶ᠋ᠢ ᠪᠠᠷᠢᠮᠵᠢᠶᠠᠵᠢᠭᠤᠯᠤᠭ᠍ᠰᠠᠨ᠎ᠠᠴᠠ ᠡᠷᠳᠡᠨᠢ ᠱᠢᠰᠢ᠎ᠶ᠋ᠢᠨ ᠮᠦ᠍ ᠪᠦᠷᠢ᠎ᠶ᠋ᠢᠨ ᠲᠤᠮᠳᠠᠴᠢ ᠤᠨᠠᠯᠳᠠ ᠪᠠᠷᠤᠭ 200 ᠵᠢᠩ ᠨᠡᠮᠡᠭ᠌ᠳᠡᠵᠤ᠂ ᠡᠩ᠎ᠤᠨ ᠦᠶ᠎ᠠ᠎ᠶ᠋ᠢᠨ ᠵᠠᠬ᠎ᠠ ᠲᠠᠯᠬᠡᠬᠦᠷ᠎ᠤᠨ ᠦᠨ᠎ᠠ ᠬᠠᠩᠰᠢ᠎ᠪᠠᠷ ᠪᠤᠳᠤᠪᠠᠯ ᠢᠯᠡᠬᠦᠤ 200 ᠭᠠᠷᠤᠢ ᠲᠦᠬᠦᠷᠢᠭ᠎ᠤᠨ ᠤᠷᠤᠯᠭ᠎ᠠ᠎ᠲᠠᠢ ᠪᠤᠯᠵᠠᠢ᠃ ᠪᠠᠰᠠ ᠬᠢᠮᠢ᠎ᠶ᠋ᠢᠨ ᠪᠤᠷᠳᠤᠭᠤᠷ᠂ ᠲᠠᠷᠢᠶᠠᠨ ᠦᠷ᠎ᠠ ᠮᠡᠳᠤ᠎ᠶ᠋ᠢᠨ ᠲᠠᠷᠢᠶᠠᠯᠠᠩ᠎ᠤᠨ ᠮᠠᠲ᠋ᠧᠷᠢᠶᠠᠯ᠎ᠢ ᠨᠢᠬᠡᠳᠤᠯᠳᠠᠢ ᠤᠷᠤᠭᠤᠯᠵᠤ ᠬᠤᠷᠤᠬᠠᠢ ᠱᠢᠪᠡᠵᠢ᠎ᠶ᠋ᠢᠨ ᠬᠦᠨᠦᠬᠡᠯ ᠵᠡᠷᠬᠡ᠎ᠶ᠋ᠢ ᠨᠢᠬᠡᠳᠤᠯᠳᠠᠢ ᠰᠡᠷᠬᠡᠢᠯᠡᠨ ᠵᠠᠰᠠᠳᠠᠭ᠎ᠠᠴᠠ ᠮᠦ᠍ ᠪᠦᠷᠢ᠎ᠶ᠋ᠢᠨ ᠦᠪᠡᠷ᠎ᠤᠨ ᠦᠷᠳᠡᠭ᠎ᠢ 120 ᠲᠦᠬᠦᠷᠢᠭ ᠠᠷᠪᠢᠯᠠᠭ᠍ᠰᠠᠨ》 ᠬᠡᠵᠤ ᠦᠤᠱᠢᠨ ᠬᠤᠱᠢᠭᠤᠨ᠎ᠤ ᠤᠳᠤ ᠦᠶ᠎ᠠ᠎ᠶ᠋ᠢᠨ ᠲᠠᠷᠢᠶᠠᠯᠠᠩ᠎ᠤᠨ ᠠᠵᠤ ᠦᠢᠯᠡᠰᠵᠢᠯᠳᠠ᠎ᠶ᠋ᠢᠨ ᠬᠤᠯᠪᠤᠭᠠᠳᠤ ᠴᠤᠭ᠍ᠴᠠ᠎ᠶ᠋ᠢᠨ ᠠᠯᠪᠠᠨ ᠬᠡᠷ᠎ᠤᠨ ᠠᠵᠢᠯᠳᠠᠨ ᠯᠢ ᠲᠤᠤ ᠨᠠᠷᠢᠨ ᠲᠠᠩᠰᠠ ᠲᠤᠭᠠᠴᠠᠯ᠎ᠠ᠃ ᠤᠨᠠᠯᠳᠠ᠎ᠶ᠋ᠢ ᠨᠡᠮᠡᠭ᠌ᠳᠡᠬᠦᠯᠦᠭ᠌ᠰᠡᠨ ᠤᠷᠤᠯᠭ᠎ᠠ ᠪᠤᠯᠤᠨ ᠦᠪᠡᠷ᠎ᠤᠨ ᠦᠷᠳᠡᠭ᠎ᠢ ᠠᠷᠪᠢᠯᠠᠭ᠍ᠰᠠᠨ ᠵᠠᠷᠤᠳᠠᠯ᠎ᠢ ᠨᠡᠢᠯᠡᠬᠦᠯᠪᠡᠯ ᠬᠤᠯᠪᠤᠭᠠᠳᠤ ᠴᠤᠭ᠍ᠴᠠ᠎ᠶ᠋ᠢᠨ᠎ᠬᠢᠨ ᠮᠠᠯᠵᠢᠬᠤ ᠲᠠᠷᠢᠶᠠᠯᠠᠬᠤ ᠡᠷᠦᠬᠡ᠎ᠶ᠋ᠢᠨ ᠮᠦ᠍ ᠲᠤᠮᠳᠠᠴᠢ᠎ᠶ᠋ᠢᠨ ᠪᠤᠳᠠᠳᠠᠢ ᠤᠷᠤᠯᠭ᠎ᠠ᠎ᠶ᠋ᠢ 320 ᠲᠦᠬᠦᠷᠢᠭ ᠨᠡᠮᠡᠭ᠌ᠳᠡᠬᠦᠯᠪᠠ᠃ ᠯᠢ ᠲᠤᠤ᠎ᠶ᠋ᠢᠨ ᠲᠠᠨᠢᠯᠴᠠᠭᠤᠯᠤᠭ᠍ᠰᠠᠨ᠎ᠢᠶᠠᠷ᠂ ᠨᠢᠳᠤᠨᠤᠨ 2158 ᠮᠠᠯᠵᠢᠬᠤ ᠲᠠᠷᠢᠶᠠᠯᠠᠬᠤ ᠡᠷᠦᠬᠡ᠎ᠶ᠋ᠢ ᠬᠤᠯᠪᠤᠭᠠᠳᠤ ᠴᠤᠭ᠍ᠴᠠ᠎ᠳᠠᠭᠠᠨ ᠲᠠᠢᠴᠢᠯᠠᠨ ᠤᠷᠤᠭᠤᠯᠵᠤ᠂ ᠲᠠᠷᠢᠮᠠᠯ᠎ᠤᠨ ᠰᠠᠭᠤᠷᠢᠨ᠎ᠤ ᠶᠠᠷᠦᠩᠬᠡᠢ ᠲᠠᠯᠠᠪᠠᠢ 23.8 ᠲᠦᠮᠡᠨ ᠮᠦ᠍᠎ᠳᠤ ᠬᠦᠷᠴᠠᠢ᠃ ᠬᠤᠯᠪᠤᠭᠠᠳᠤ ᠴᠤᠭ᠍ᠴᠠ᠎ᠶ᠋ᠢᠨ ᠡᠵᠡᠩᠨᠡᠯᠳᠡ᠎ᠪᠠᠷ ᠲᠠᠮᠵᠢᠨ ᠡᠳᠡᠬᠡᠷ ᠡᠷᠦᠬᠡ᠎ᠶ᠋ᠢᠨ ᠤᠷᠤᠯᠭ᠎ᠠ᠎ᠶ᠋ᠢ ᠨᠡᠢᠳᠡ 7616 ᠲᠦᠮᠡᠨ ᠲᠦᠬᠦᠷᠢᠭ ᠨᠡᠮᠡᠭ᠌ᠳᠡᠬᠦᠯᠵᠤ᠂ ᠡᠷᠦᠬᠡ ᠪᠦᠷᠢ᠎ᠳᠤ ᠲᠤᠮᠳᠠᠴᠢ᠎ᠪᠠᠷ 3.52 ᠲᠦᠮᠡᠨ ᠲᠦᠬᠦᠷᠢᠭ ᠨᠤᠭ᠍ᠳᠠᠭ᠍ᠰᠠᠨ ᠪᠠᠢᠨ᠎ᠠ᠃



 

 ᠴᠤᠪᠤᠵᠤ ᠶᠠᠪᠤᠭ᠍ᠰᠠᠨ ᠪᠠᠷᠰ᠎ᠠᠴᠠ ᠴᠤᠭ᠍ᠯᠠᠵᠤ ᠰᠠᠭᠤᠭ᠍ᠰᠠᠨ ᠱᠠᠭᠠᠵᠠᠭᠠᠢ ᠲᠠᠬᠡᠷ᠎ᠠ

ᠬᠦᠳᠡᠭᠡ ᠲᠤᠰᠭᠤᠨ᠎ᠢ ᠬᠦᠭ᠌ᠵᠢᠬᠦᠯᠤᠨ ᠮᠠᠨᠳᠤᠭᠤᠯᠬᠤ ᠪᠤᠳᠠᠰ᠎ᠤᠨ ᠰᠠᠭᠤᠷᠢ ᠪᠤᠯ ᠠᠵᠤ ᠦᠢᠯᠡᠰ ᠪᠤᠯᠬᠤ ᠶᠤᠮ᠃ ᠦᠤᠱᠢᠨ ᠬᠤᠱᠢᠭᠤᠨ᠎ᠤ ᠤᠳᠤ ᠦᠶ᠎ᠠ᠎ᠶ᠋ᠢᠨ ᠲᠠᠷᠢᠶᠠᠯᠠᠩ᠎ᠤᠨ ᠠᠵᠤ ᠦᠢᠯᠡᠰᠵᠢᠯᠳᠠ᠎ᠶ᠋ᠢᠨ ᠬᠤᠯᠪᠤᠭᠠᠳᠤ ᠴᠤᠭ᠍ᠴᠠ ᠪᠦᠬᠦ᠌ ᠠᠵᠤ ᠦᠢᠯᠡᠰ᠎ᠤᠨ ᠬᠡᠯᠬᠢᠶ᠎ᠠ᠎ᠶ᠋ᠢ ᠴᠤᠭ᠍ᠴᠠᠯᠠᠨ ᠨᠢᠬᠡᠳᠤᠬᠡᠷ ᠬᠤᠶᠠᠳᠤᠭᠠᠷ ᠭᠤᠷᠪᠠᠳᠤᠭᠠᠷ ᠠᠵᠤ ᠦᠢᠯᠡᠰ᠎ᠤᠨ ᠠᠭᠤᠰᠤᠯᠴᠠᠯ᠎ᠢ ᠪᠦᠳᠦᠮᠵᠢᠳᠠᠢ ᠠᠬᠢᠭᠤᠯᠵᠤ᠂ ᠬᠦᠳᠡᠭᠡ ᠲᠤᠰᠭᠤᠨ᠎ᠤ ᠠᠵᠤ ᠦᠢᠯᠡᠰ᠎ᠢ ᠬᠦᠭ᠌ᠵᠢᠬᠦᠯᠤᠨ ᠮᠠᠨᠳᠤᠭᠤᠯᠬᠤ ᠵᠤᠬᠢᠶᠠᠨ ᠪᠠᠢᠭᠤᠯᠤᠯᠳᠠ᠎ᠶ᠋ᠢᠨ ᠠᠷᠭ᠎ᠠ ᠬᠡᠯᠪᠡᠷᠢ᠎ᠶ᠋ᠢᠨ ᠲᠠᠯ᠎ᠠ᠎ᠪᠠᠷ ᠤᠷᠤᠨ᠎ᠤ ᠲᠤᠳᠤᠷ᠎ᠠ ᠤᠨᠴᠠᠭᠠᠢ ᠨᠢᠬᠡ᠎ᠶ᠋ᠢ ᠡᠬᠦᠳᠴᠦ᠍ ᠤᠯᠠᠨ᠎ᠤ ᠬᠠᠷᠠᠭᠠᠨ᠎ᠳᠤ ᠲᠤᠳᠤᠷᠠᠯ᠎ᠠ᠃

ᠦᠤᠱᠢᠨ ᠬᠤᠱᠢᠭᠤ ᠤᠳᠤ ᠦᠶ᠎ᠠ᠎ᠶ᠋ᠢᠨ ᠲᠠᠷᠢᠶᠠᠯᠠᠩ᠎ᠤᠨ ᠠᠵᠤ ᠦᠢᠯᠡᠰᠵᠢᠯᠳᠠ᠎ᠶ᠋ᠢᠨ ᠬᠤᠯᠪᠤᠭᠠᠳᠤ ᠴᠤᠭ᠍ᠴᠠ᠎ᠶ᠋ᠢ ᠪᠠᠢᠭᠤᠯᠵᠤ᠂ ᠡᠵᠡᠩᠨᠡᠯᠳᠡ᠎ᠶ᠋ᠢᠨ ᠭᠤᠤᠯ ᠴᠤᠭ᠍ᠴᠠ᠎ᠶ᠋ᠢ ᠠᠱᠢᠭ ᠲᠤᠰᠠ᠎ᠶ᠋ᠢᠨ ᠬᠠᠮᠳᠤ ᠴᠤᠭ᠍ᠴᠠ ᠪᠤᠯᠭᠠᠨ ᠴᠤᠭ᠍ᠴᠠᠯᠠᠪᠠ᠃ ᠡᠨᠡ ᠬᠦ᠌ ᠰᠠᠭᠤᠷᠢᠨ ᠲᠠᠬᠡᠷ᠎ᠠ ᠮᠠᠯᠵᠢᠬᠤ ᠲᠠᠷᠢᠶᠠᠯᠠᠬᠤ ᠡᠷᠦᠬᠡ᠎ᠶ᠋ᠢ ᠬᠤᠯᠪᠤᠭᠠᠳᠤ ᠴᠤᠭ᠍ᠴᠠ᠎ᠳᠠᠭᠠᠨ ᠲᠠᠢᠴᠢᠯᠠᠨ ᠤᠷᠤᠭᠤᠯᠵᠤ᠂ ᠨᠢᠬᠡᠳᠤᠯᠳᠠᠢ᠎ᠪᠠᠷ ᠬᠢᠮᠢ᠎ᠶ᠋ᠢᠨ ᠪᠤᠷᠳᠤᠭᠤᠷ ᠦᠢᠯᠡᠳᠪᠤᠷᠢᠯᠡᠵᠤ ᠬᠠᠩᠭᠠᠬᠤ᠂ ᠲᠠᠷᠢᠶᠠᠯᠠᠩ᠎ᠤᠨ ᠪᠦᠳᠦᠬᠡᠭ᠌ᠳᠡᠬᠦᠨ᠎ᠢᠶᠠᠨ ᠨᠢᠬᠡᠳᠤᠯᠳᠠᠢ ᠪᠤᠷᠤᠯᠠᠭᠤᠯᠬᠤ᠂ ᠮᠦᠩᠬᠦᠨ ᠬᠦᠢᠯᠬᠡᠬᠡᠨ᠎ᠢᠶᠠᠷ ᠲᠠᠮᠵᠢᠬᠦ᠂ ᠮᠡᠷᠬᠡᠵᠢᠯ᠎ᠤᠨ ᠱᠢᠨᠡᠴᠢᠯᠡᠯᠳᠡ ᠬᠢᠬᠦ᠌ ᠵᠡᠷᠬᠡ ᠠᠷᠭ᠎ᠠ᠎ᠪᠠᠷ ᠲᠠᠮᠵᠢᠨ ᠡᠳ᠋ ᠬᠦᠷᠦᠩᠬᠡ᠂ ᠪᠡᠯᠡ ᠮᠦᠩᠬᠦ᠂ ᠮᠡᠷᠬᠡᠵᠢᠯ᠂ ᠲᠦᠷᠦᠯ ᠲᠡᠮᠳᠡᠭ᠂ ᠬᠦᠳᠡᠯᠮᠤᠷᠢ ᠬᠦᠴᠦ᠍ ᠮᠡᠳᠤ᠎ᠶ᠋ᠢᠨ ᠬᠦᠳᠡᠭᠡ ᠠᠵᠤ ᠠᠬᠤᠢ᠎ᠶ᠋ᠢᠨ ᠬᠦᠴᠦᠨ ᠵᠦᠢᠯ ᠪᠦᠬᠦᠨ᠎ᠢ ᠠᠭᠤᠰᠤᠯᠴᠠᠭᠤᠯᠵᠤ᠂ 《ᠴᠤᠪᠤᠵᠤ ᠶᠠᠪᠤᠭ᠍ᠰᠠᠨ ᠪᠠᠷᠰ᠎ᠠᠴᠠ ᠴᠤᠭ᠍ᠯᠠᠵᠤ ᠰᠠᠭᠤᠭ᠍ᠰᠠᠨ ᠱᠠᠭᠠᠵᠠᠭᠠᠢ ᠲᠡᠬᠡᠷ᠎ᠠ》 ᠬᠡᠳᠡᠭ᠎ᠤᠨ ᠤᠴᠢᠷ ᠶᠤᠰᠤ᠎ᠶ᠋ᠢ ᠪᠤᠳᠠᠳᠠᠢ᠎ᠳᠤ ᠦᠢᠯᠡᠳᠦᠯᠬᠡᠵᠢᠬᠦᠯᠦᠭ᠌ᠰᠡᠨ ᠪᠠᠢᠨ᠎ᠠ᠃ ᠲᠠᠭᠠᠭᠤᠯᠤᠭ᠍ᠴᠢ ᠠᠵᠤ ᠠᠬᠤᠢ᠍ᠢᠯᠠᠯ᠎ᠤᠨ᠎ᠬᠢᠨ ᠵᠠᠬ᠎ᠠ ᠲᠠᠯᠬᠡᠬᠦᠷ ᠨᠡᠬᠡᠬᠡᠵᠤ᠂ ᠬᠡᠷ ᠪᠦᠯᠢ᠎ᠶ᠋ᠢᠨ ᠲᠠᠷᠢᠶᠠᠯᠠᠩ᠎ᠤᠨ ᠲᠠᠯᠠᠪᠠᠢ ᠵᠢᠴᠢ ᠮᠠᠯᠵᠢᠬᠤ ᠲᠠᠷᠢᠶᠠᠯᠠᠬᠤ ᠡᠷᠦᠬᠡ᠎ᠶ᠋ᠢᠨ᠎ᠬᠢᠨ ᠦᠢᠯᠡᠳᠪᠤᠷᠢᠯᠡᠯ ᠡᠷᠬᠢᠯᠡᠨ᠂ ᠮᠠᠯᠴᠢᠨ ᠲᠠᠷᠢᠶᠠᠴᠢᠨ᠎ᠤ ᠲᠤᠰᠭᠠᠢ ᠬᠤᠷᠱᠢᠶ᠎ᠠ ᠦᠢᠯᠡᠴᠢᠯᠡᠭᠡ ᠬᠠᠩᠭᠠᠵᠤ᠂ 《1+1+1 3》 ᠎ᠳᠤ ᠬᠦᠷᠦᠭ᠌ᠰᠡᠨ ᠠᠵᠤ ᠦᠢᠯᠡᠰ᠎ᠤᠨ ᠬᠦᠭ᠌ᠵᠢᠯᠳᠡ᠎ᠶ᠋ᠢᠨ ᠦᠷ᠎ᠠ ᠠᠱᠢᠭ᠎ᠢ ᠡᠬᠦᠳᠴᠠᠢ᠃ ᠡᠨᠡ ᠪᠤᠯ ᠦᠤᠱᠢᠨ ᠬᠤᠱᠢᠭᠤᠨ᠎ᠤ ᠤᠳᠤ ᠦᠶ᠎ᠠ᠎ᠶ᠋ᠢᠨ ᠲᠠᠷᠢᠶᠠᠯᠠᠩ᠎ᠤᠨ ᠠᠵᠤ ᠦᠢᠯᠡᠰᠵᠢᠯᠳᠠ᠎ᠶ᠋ᠢᠨ ᠬᠤᠯᠪᠤᠭᠠᠳᠤ ᠴᠤᠭ᠍ᠴᠠ᠎ᠶ᠋ᠢᠨ ᠬᠠᠮᠤᠭ᠎ᠤᠨ ᠶᠡᠭᠡ ᠪᠦᠳᠦᠮᠵᠢ᠂ ᠮᠦᠨ ᠴᠦ᠍ ᠬᠦᠮᠦᠨ ᠤᠯᠠᠨ᠎ᠳᠤ ᠦᠭ᠌ᠬᠦᠭ᠌ᠰᠡᠨ ᠬᠠᠮᠤᠭ᠎ᠤᠨ ᠶᠡᠭᠡ ᠰᠠᠩᠬᠡᠷᠡᠬᠦᠯᠦᠯ ᠪᠤᠯᠬᠤ ᠶᠤᠮ᠃

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠷᠢᠭᠤᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号