ᠲᠡᠭ᠌ᠷᠢ ᠡᠭᠦᠯᠡᠱᠢᠨ ᠪᠤᠳᠤᠩᠭᠤᠢ᠍ᠢᠷᠠᠭ᠍ᠰᠠᠨ ᠨᠢᠭᠡᠨ ᠦᠳᠡᠰᠢ ᠮᠢᠨᠦ᠍ ᠲᠤᠳᠤᠷ᠎ᠠ ᠴᠤ᠌ ᠡᠯᠤᠢ ᠬᠤᠯᠤᠢ ᠳ᠋ᠠᠩ ᠳ᠋ᠦ᠍ᠩᠲᠠᠢ ᠪᠤᠯᠵᠤ᠂ ᠤᠯᠤᠰ᠎ᠤᠨ ᠲᠡᠭᠡᠰᠦ ᠱᠢᠭ᠋ ᠤᠷᠢᠶᠠᠯᠳᠤᠭ᠍ᠰᠠᠨ ᠪᠤᠳᠤᠯ᠎ᠳᠠᠭᠠᠨ ᠲᠠᠷᠤᠭ᠍ᠳᠠᠨ ᠭᠠᠷ ᠤᠳᠠᠰᠤ᠎ᠪᠠᠨ ᠤᠷᠪᠠᠭᠤᠯᠵᠤ ᠪᠠᠢᠳᠠᠯ᠎ᠠ ᠲᠡᠭ᠌ᠷᠢ᠎ᠶ᠋ᠢᠨ ᠲᠠᠭᠤᠤ 《ᠪᠤᠷᠬᠠᠨ ᠰᠡᠳᠭᠢᠯ᠎ᠳᠦ ᠡᠵᠢ》 :
ᠨᠠᠮᠠᠭᠠᠠᠳᠠᠭᠠᠨ ᠲᠡᠢᠯᠦᠭ᠌ᠳᠡᠭ᠌ᠰᠡᠨ ᠪᠤᠭᠤᠷᠤᠯ ᠬᠠᠢᠯᠠᠰᠤ ᠱᠢᠭ᠋
ᠪᠦᠷᠳᠦ᠋ᠢᠬᠦ᠌ ᠪᠠᠷ᠎ᠠ᠎ᠨᠢ ᠦᠭᠡᠢᠯᠡᠭ᠌ᠳᠡᠭᠡᠳ ᠪᠠᠢᠬᠤ ᠶᠤᠮ ᠡ
ᠨᠠᠮᠤᠷ᠎ᠤᠨ ᠨᠠᠮᠤᠷ᠎ᠲᠠᠭᠠᠨ ᠭᠠᠩᠳᠠᠭ᠍ᠰᠠᠨ ᠲᠡᠪᠡᠯ᠎ᠨᠢ
ᠪᠦᠭ᠌ᠳᠦᠷ ᠨᠢᠷᠤᠭᠤᠨ᠎ᠳᠠᠭᠠᠨ ᠡᠯᠡᠭ᠌ᠳᠡᠭᠡᠳ ᠪᠠᠢᠨ᠎ᠠ
ᠵᠢᠷᠭᠠᠯ᠎ᠤᠨ ᠲᠤᠷᠭᠠᠨ ᠲᠡᠭᠡᠷ᠎ᠡ ᠲᠤᠭ᠍ᠯᠠᠭᠤᠯᠤᠭᠠ ᠦᠭᠡᠢ ᠴᠤ᠌
ᠠᠷᠭᠠᠯ᠎ᠤᠨ ᠭᠠᠯ᠎ᠢᠶᠠᠷ᠎ᠢᠶᠠᠨ ᠨᠠᠮᠠᠶ᠋ᠢ ᠲᠤᠯᠠᠭᠠᠯᠠᠭ᠍ᠰᠠᠨ
ᠪᠤᠷᠬᠠᠨ ᠰᠡᠳᠭᠢᠯ᠎ᠳᠦ ᠡᠵᠢ ᠮᠢᠨᠢ
ᠪᠤᠶᠠᠨ᠎ᠢᠶᠠᠨ ᠡᠳ᠋ᠯᠡᠬᠦ᠌ ᠪᠤᠯᠤᠭᠠᠰᠠᠢ
ᠪᠤᠭᠤᠷᠤᠯ ᠬᠤᠷᠸ᠎ᠠ᠎ᠶ᠋ᠢᠨ ᠪᠤᠳᠠᠩ
ᠪᠤᠳᠤᠯ᠎ᠳᠤ ᠮᠢᠨᠢ ᠪᠤᠤ ᠯᠠ ᠪᠠᠭᠤᠭᠠᠰᠠᠢ ᠁
ᠭᠡᠰᠡᠨ ᠲᠠᠭᠤᠤ᠎ᠶ᠋ᠢ ᠰᠤᠨᠤᠰᠤᠭᠠᠳ ᠰᠡᠳᠭᠢᠯ ᠰᠠᠨᠠᠭ᠎ᠠ ᠶᠡᠬᠡᠳᠡ ᠬᠦᠭ᠌ᠰᠡᠨ ᠲᠤᠭ᠍ᠳᠤᠯᠵᠤ᠂ ᠨᠢᠳᠤᠨ ᠨᠢᠯᠪᠤᠰᠤ ᠪᠦᠮᠪᠦᠷᠢᠨ᠂ ᠪᠤᠷᠬᠠᠨ᠎ᠤ ᠤᠷᠤᠨ᠎ᠳᠤ ᠰᠠᠭᠠᠳᠠᠭᠠᠳ ᠨᠢᠭᠡᠨᠳᠡ ᠠᠷᠪᠠᠨ ᠵᠢᠯ ᠪᠤᠯᠤᠭ᠍ᠰᠠᠨ ᠡᠵᠢ ᠮᠢᠨᠢ ᠬᠠᠵᠠᠭᠤ᠎ᠳᠤ ᠢᠷᠡᠴᠢᠭᠡᠭᠡᠳ ᠴᠢᠬᠢᠨ᠎ᠳᠤ ᠱᠢᠪᠡᠨᠡᠵᠦ᠍ ᠪᠠᠢᠮᠠᠷ ᠰᠠᠨᠠᠭ᠍ᠳᠠᠯ᠎ᠠ᠃
ᠮᠢᠨᠤ ᠡᠵᠢ ᠬᠡᠵᠦ᠍ ᠵᠠᠯᠠᠭᠤ᠎ᠳᠠᠭᠠᠨ 《ᠨᠢᠭᠤᠷ᠎ᠲᠠᠭᠠᠨ ᠭᠡᠷᠡᠯ᠎ᠲᠠᠢ ᠨᠢᠳᠦᠨ᠎ᠳᠡᠭᠡᠨ ᠴᠤᠭ᠎ᠲᠠᠢ》 ᠤᠯᠠᠭᠠᠨ ᠴᠠᠭᠠᠨ᠎ᠨᠢ ᠢᠯᠭᠠᠷᠠᠭ᠍ᠰᠠᠨ ᠰᠠᠷᠠᠯᠠᠩ ᠴᠡᠴᠡᠭ ᠱᠢᠭ ᠭᠤᠶᠤᠬᠠᠨ ᠲᠦᠷᠦᠭ᠌ᠰᠡᠨ ᠬᠦᠮᠦᠨ ᠶᠤᠮ ᠰᠠᠨ᠃ ᠠᠪᠤ ᠡᠵᠢ᠎ᠪᠠᠨ ᠬᠦᠨᠳᠦᠯᠡᠨ ᠠᠬᠠᠱᠢᠷᠠᠭᠠ ᠨᠠᠰᠤᠳᠠᠨ᠎ᠢᠶᠠᠨ ᠠᠰᠠᠷᠠᠵᠤ᠂ ᠠᠩᠭ᠎ᠠ ᠭᠡᠦᠬᠡᠳ᠎ᠢᠶᠠᠨ ᠡᠷᠡᠭᠦᠯ ᠮᠡᠨᠳᠦ ᠦᠰᠭᠡᠵᠦ᠍᠂ ᠠᠢᠯ ᠰᠠᠭᠠᠬᠠᠯᠳᠠᠲᠠᠢᠪᠠᠨ ᠡᠶ᠎ᠡ ᠡᠪᠳᠡᠢ ᠶᠠᠪᠤᠭ᠍ᠰᠠᠨ ᠡᠭᠡᠯ ᠨᠢᠭᠡᠨ ᠬᠦᠳᠡᠭᠡ᠎ᠶ᠋ᠢᠨ ᠮᠠᠯᠴᠢᠨ ᠪᠦᠰᠡᠭᠦᠢ ᠶᠤᠮ ᠰᠠᠨ᠃ ᠡᠵᠢ ᠮᠢᠨᠢ᠂ ᠲᠤᠤᠷ᠎ᠠ᠎ᠪᠠᠨ ᠬᠦᠭᠡᠷᠦᠭᠦᠨ ᠭᠤᠷᠪᠠᠨ ᠲᠡᠭᠦᠦ ᠲᠠᠭᠠᠭᠤᠯᠵᠤ ᠵᠠᠶᠠᠭᠠᠭ᠍ᠰᠠᠨ ᠡᠨᠡ ᠭᠡᠷ᠎ᠤᠨ ᠤᠤᠭᠠᠨ ᠬᠡᠦᠬᠡᠨ᠎ᠨᠢ ᠪᠤᠯᠬᠤᠷ ᠪᠠᠭ᠎ᠠ ᠰᠤᠷᠭᠠᠭᠤᠯᠢ᠎ᠶ᠋ᠢᠨ ᠭᠤᠷᠪᠠᠳᠤᠭᠠᠷ ᠤᠨ᠎ᠤ ᠦᠶᠡᠰ ᠰᠤᠷᠤᠯᠭ᠎ᠠ᠎ᠪᠠᠨ ᠲᠤᠷᠭᠤᠨ ᠵᠤᠭ᠍ᠰᠤᠵᠤ᠂ ᠬᠠᠷᠠᠬᠠᠨ ᠪᠠᠭ᠎ᠠ᠎ᠠᠴᠠ᠎ᠪᠠᠨ ᠠᠪᠤ ᠡᠵᠢ᠎ᠪᠠᠨ ᠬᠠᠪᠰᠤᠷᠤᠨ ᠲᠡᠭᠦᠦ ᠨᠡᠷ᠎ᠢᠶᠠᠨ ᠬᠠᠷᠠᠵᠤ ᠬᠠᠷᠠᠭᠠᠯᠵᠠᠬᠤ ᠡᠭᠦᠷᠭᠡ᠎ᠶ᠋ᠢ ᠬᠦᠯᠢᠶᠡᠵᠦ᠍ ᠠᠪᠤᠭ᠍ᠰᠠᠨ ᠶᠤᠮ᠃ ᠲᠡᠷᠡ ᠦᠶ᠎ᠡ᠎ᠳᠤ ᠡᠵᠢ᠎ᠶ᠋ᠢᠨ ᠰᠤᠷᠤᠯᠭ᠎ᠠ᠎ᠶ᠋ᠢᠨ ᠬᠢᠷᠢ ᠬᠡᠮᠵᠢᠶ᠎ᠡ ᠠᠩᠬᠢ᠎ᠳᠠᠭᠠᠨ ᠤᠷᠦ᠋ᠢᠯᠠᠵᠤ᠂ ᠵᠠᠯᠭᠠᠭᠠᠳ ᠰᠤᠷᠤᠯᠴᠠᠬᠤ ᠵᠠᠪᠱᠢᠶᠠᠨ᠎ᠲᠠᠢ ᠪᠠᠢᠬᠤ᠎ᠶ᠋ᠢ ᠬᠡᠴᠢᠨᠡᠨ ᠬᠦᠰᠡᠵᠦ᠍ ᠪᠠᠢᠭ᠍ᠰᠠᠨ᠎ᠢ᠎ᠨᠢ ᠨᠠᠳᠠ᠎ᠳᠤ ᠦᠰᠦᠭ ᠪᠢᠴᠢᠭ ᠵᠢᠭᠠᠨ ᠰᠤᠷᠭᠠᠬᠤ ᠲᠤᠮᠳᠠ᠎ᠠᠴᠠ ᠪᠢ ᠰᠡᠷᠡᠵᠦ᠍ ᠮᠡᠳᠡᠭ᠌ᠰᠡᠨ ᠪᠢᠯᠡ᠃
ᠡᠵᠢ᠎ᠶ᠋ᠢ ᠠᠷᠠᠢ ᠭᠡᠵᠦ᠍ ᠠᠷᠪᠠᠨ ᠨᠠᠢ᠍ᠮᠠ ᠬᠦᠷᠬᠦ᠌᠎ᠳᠤ ᠠᠪᠠᠭ᠎ᠠ ᠠᠪᠤ᠎ᠨᠢ ᠠᠯᠪᠠᠳᠠᠯᠭ᠎ᠠ᠎ᠪᠠᠷ ᠠᠪᠤ ᠡᠵᠢ ᠲᠡᠭᠦᠦ ᠨᠠᠷ᠎ᠢᠶᠠᠨ ᠬᠠᠷᠠᠵᠤ ᠬᠠᠷᠠᠭᠠᠯᠵᠠᠭᠤᠯᠬᠤ ᠬᠡᠮᠡᠨ ᠬᠦᠴᠦᠨ᠎ᠤ ᠬᠦᠷᠭᠡᠨ ᠠᠪᠴᠤ᠌᠂ ᠨᠢᠭᠡ ᠨᠠᠰᠤᠨ᠎ᠤ ᠬᠢᠨᠢ ᠤᠷᠤᠭ᠎ᠤᠨ ᠶᠠᠪᠤᠳᠠᠯ᠎ᠢ᠎ᠨᠢ ᠲᠤᠭ᠍ᠳᠠᠭ᠍ᠰᠠᠨ ᠪᠠᠢᠵᠠᠢ᠃ ᠭᠡᠳᠡᠯ᠎ᠡ ᠬᠦᠴᠦᠨ᠎ᠤ ᠬᠦᠷᠭᠡᠨᠤ ᠬᠢᠨᠢ ᠬᠡᠷ ᠪᠦᠯᠢ ᠨᠡᠩ ᠬᠦᠴᠢᠷᠳᠡᠯᠳᠡᠢ᠂ ᠭᠤᠷᠪᠠᠨ ᠦᠳᠡᠯᠦᠭᠡ ᠨᠠᠰᠤᠳᠠᠨ᠂ ᠨᠢᠭᠡ ᠲᠡᠭᠦᠦ᠎ᠲᠠᠢ ᠲᠠᠪᠤᠨ ᠠᠮᠠ᠎ᠲᠠᠢ ᠠᠢᠯ ᠪᠠᠢᠪᠠ᠃
ᠲᠡᠭᠡᠷ᠎ᠡ ᠵᠠᠭᠤᠨ᠎ᠤ ᠵᠢᠷᠠᠭᠠᠳ ᠤᠨ᠎ᠳᠤ ᠤᠯᠤᠰ ᠲᠠᠶᠠᠭᠠᠷ ᠭᠤᠷᠪᠠᠨ ᠵᠢᠯ᠎ᠤᠨ ᠭᠠᠴᠢᠭ᠎ᠲᠤ ᠲᠤᠯᠭᠠᠷᠠᠵᠤ᠂ ᠠᠷᠠᠳ ᠤᠯᠠᠨ ᠢᠳᠡᠵᠦ᠍ ᠡᠮᠦᠰᠭᠦ᠎ᠳᠡᠭᠡᠨ ᠵᠦᠪ ᠦᠭᠡᠢ ᠴᠠᠭ ᠡᠷᠢᠨ᠎ᠳᠤ ᠮᠠᠨ᠎ᠤ ᠪᠠᠷᠢᠭᠠᠳᠠ 《ᠠᠷᠠᠳ᠎ᠤᠨ ᠨᠢᠭᠡᠳᠦᠯ》 ᠵᠡᠷᠭᠡ᠎ᠶ᠋ᠢ ᠪᠠᠢᠭᠤᠯᠬᠤ ᠬᠦᠳᠡᠯᠭᠡᠭᠡᠨ᠎ᠳᠤ ᠢᠳᠡᠪᠬᠢᠳᠡᠢ ᠤᠷᠤᠯᠴᠠᠵᠦ᠍᠂ ᠵᠢᠯ᠎ᠤᠨ ᠬᠤᠷᠢᠶᠠᠭ᠍ᠰᠠᠨ ᠠᠮᠤ ᠪᠤᠳᠠᠭ᠎ᠠ᠎ᠪᠠᠨ 《ᠠᠯᠪᠠᠨ ᠠᠮᠤ》 ᠬᠡᠮᠡᠨ ᠭᠦᠩᠱᠧ᠎ᠳᠤ ᠲᠤᠱᠢᠶᠠᠵᠤ᠂ ᠪᠠᠷᠢᠭᠠᠳᠠ ᠨᠡᠢᠳᠡ᠎ᠶ᠋ᠢᠨ ᠲᠤᠮᠤ ᠬᠤᠭᠤᠯᠠᠨ ᠭᠡᠷ ᠪᠠᠢᠭᠤᠯᠵᠤ᠂ ᠦᠳᠡᠯᠦᠭ᠌ᠰᠡᠨ ᠵᠠᠯᠠᠭᠤ᠂ ᠨᠢᠯᠬ᠎ᠠ ᠬᠡᠦᠬᠡᠳ ᠭᠡᠵᠦ᠍ ᠢᠯᠭᠠᠯ ᠦᠭᠡᠢ ᠬᠠᠮᠳᠤ᠎ᠪᠠᠷ ᠴᠠᠭ᠎ᠤᠨ ᠬᠤᠭᠤᠯᠠ᠎ᠶ᠋ᠢ ᠬᠡᠮᠵᠢᠶ᠎ᠡ᠎ᠲᠠᠢ ᠢᠳᠡᠵᠦ᠍᠂ ᠦᠯᠦᠰᠴᠤ᠌ ᠦᠯᠪᠡᠷᠬᠦ᠌ ᠵᠤᠪᠠᠯᠠᠩ᠎ᠲᠠᠢ ᠦᠶᠡᠰ᠂ ᠡᠵᠢ ᠮᠢᠨᠢ ᠡᠳᠦᠷ ᠪᠦᠷᠢ ᠶᠠᠪᠤᠵᠤ ᠰᠠᠭᠤᠬᠤ᠎ᠳᠠᠭᠠᠨ ᠲᠦᠭᠦᠮ ᠦᠭᠡᠢ ᠭᠤᠷᠪᠠᠨ ᠨᠠᠰᠤᠳᠠᠨ᠎ᠢᠶᠠᠨ ᠲᠦᠱᠢᠵᠦ᠍ ᠲᠤᠯᠤᠨ ᠭᠤᠷᠪᠠᠨ ᠴᠠᠭ᠎ᠤᠨ ᠬᠤᠭᠤᠯᠠ᠎ᠶ᠋ᠢ᠎ᠨᠢ ᠠᠷᠭᠠᠴᠠᠭᠠᠬᠤ᠎ᠶ᠋ᠢᠨ ᠲᠠᠭᠠᠤ᠂ ᠴᠢᠯᠦᠭᠡ ᠵᠠᠪ᠎ᠢᠶᠠᠷ᠎ᠢᠶᠠᠨ ᠬᠦᠳᠡᠭᠡ ᠬᠡᠬᠡᠷ᠎ᠡ ᠤᠴᠢᠵᠤ ᠠᠷᠪᠠᠢ ᠨᠦᠢᠯ ᠨᠤᠭᠤᠭ᠎ᠠ ᠲᠡᠭᠦᠵᠦ᠍᠂ ᠡᠷᠳᠡᠨᠢ ᠱᠢᠰᠢ᠎ᠶ᠋ᠢᠨ ᠪᠠᠩᠵᠠ᠎ᠶ᠋ᠢ ᠭᠡᠮᠬᠡᠯᠡᠵᠦ᠍᠂ ᠲᠡᠭᠡᠷᠮ᠎ᠡ ᠲᠡᠭᠡᠷ᠎ᠡ ᠢᠩᠳᠡᠵᠤ᠂ ᠲᠠᠯᠬ᠎ᠠ ᠪᠤᠯᠭᠠᠭᠠᠳ ᠲᠡᠭᠦᠭ᠌ᠰᠡᠨ ᠨᠤᠭᠤᠭᠠᠲᠠᠢᠪᠠᠨ ᠬᠤᠯᠢᠨ ᠴᠢᠨᠠᠵᠤ ᠠᠮᠢ ᠭᠤᠤᠯ ᠵᠤᠯᠭᠠᠭᠤᠯᠵᠤ᠂ ᠱᠢᠷ᠎ᠡ ᠡᠳᠦᠷ ᠪᠤᠷᠤ ᠬᠤᠨᠤᠭ᠎ᠢ ᠲᠤᠭᠤᠯᠵᠤ ᠪᠠᠢᠵᠠᠢ᠃
ᠡᠵᠢ ᠮᠢᠨᠢ ᠡᠢᠮᠦᠷᠬᠦᠤ ᠶᠠᠳᠠᠭᠤ ᠬᠤᠭᠤᠰᠤᠨ ᠠᠮᠢᠳᠤᠷᠠᠯ᠎ᠳᠤ ᠢᠳᠡᠭᠡᠯ ᠠᠯᠳᠠᠵᠤ ᠬᠤᠢᠰᠢ ᠤᠬᠤᠷᠢᠭ᠍ᠰᠠᠨ ᠦᠭᠡᠢ᠂ ᠠᠵᠢᠯᠴᠢ ᠠᠷᠪᠢᠴᠢ ᠵᠠᠩ ᠰᠤᠷᠳᠠᠯ ᠪᠤᠯᠤᠨ ᠠᠷᠢᠭᠤᠨ ᠴᠡᠪᠡᠷ ᠬᠤᠶᠠᠷ ᠭᠠᠷ᠎ᠢᠶᠠᠷ᠎ᠢᠶᠠᠨ ᠠᠢᠯ ᠭᠡᠷ᠎ᠤᠨ ᠠᠮᠢᠳᠤᠷᠠᠯ᠎ᠢᠶᠠᠨ ᠠᠯᠢ ᠴᠢᠳᠠᠬᠤ᠎ᠪᠠᠷ ᠤᠷᠠᠯᠠᠨ ᠪᠤᠰᠭᠠᠭ᠍ᠰᠠᠭᠠᠷ ᠢᠷᠡᠭ᠌ᠰᠡᠨ ᠶᠤᠮ᠃ ᠤᠨᠴᠠᠭᠠᠢᠯᠠᠨ ᠴᠠᠭᠠᠨ ᠰᠠᠷ᠎ᠠ ᠪᠤᠯᠵᠤ᠂ ᠱᠢᠨᠡᠯᠡᠬᠦ᠌ ᠦᠶᠡᠰ ᠬᠤᠶᠠᠷ ᠭᠡᠷ᠎ᠤᠨ ᠬᠦᠮᠦᠰ᠎ᠤᠨ ᠱᠢᠨ᠎ᠡ ᠵᠢᠯ᠎ᠳᠤ ᠡᠮᠦᠰᠭᠦ ᠬᠤᠪᠴᠠᠰᠤ ᠬᠤᠨᠠᠷ ᠱᠠᠬᠠᠢ ᠭᠤᠳᠤᠯᠢ ᠰᠦᠨᠢ ᠰᠦᠨᠢ ᠭᠤᠷᠪᠠᠨ ᠨᠤᠬᠠᠢ᠎ᠶ᠋ᠢ ᠪᠠᠷᠠᠭᠤᠨ᠎ᠠ ᠲᠠᠱᠢᠳᠠᠯᠠ ᠲᠤᠰ᠎ᠤᠨ ᠳ᠋ᠧᠩ᠎ᠤᠨ ᠪᠦᠳᠡᠬᠢ ᠭᠡᠷᠡᠯ ᠲᠤᠤᠷ᠎ᠠ ᠰᠠᠭᠤᠭᠠᠳ ᠨᠢᠭᠡ ᠨᠢᠭᠡ ᠵᠡᠭᠦᠦ᠂ ᠱᠢᠷᠭᠡᠭ ᠱᠢᠷᠭᠡᠭ ᠤᠳᠠᠰᠤ᠎ᠪᠠᠷ ᠦ ᠰᠡᠪ ᠦᠭᠡᠢ ᠰᠠᠢᠬᠠᠨ ᠤᠶᠤᠵᠤ᠂ ᠱᠢᠨ᠎ᠡ᠎ᠶ᠋ᠢᠨ ᠨᠢᠭᠡᠨ᠎ᠤ ᠦᠷᠯᠦᠭᠡ ᠪᠤᠯᠳᠠᠯ᠎ᠠ ᠲᠢᠭ ᠲᠠᠭ ᠪᠡᠯᠡᠳᠭᠡᠵᠦ᠍ ᠲᠠᠯᠪᠢᠳᠠᠭ᠃ ᠲᠡᠷᠡ ᠦᠶ᠎ᠡ᠎ᠳᠤ ᠮᠠᠨ᠎ᠤ ᠲᠡᠨᠳᠡ ᠬᠦᠮᠦᠨ ᠪᠦᠷᠢ᠎ᠳᠤ ᠵᠦᠪᠬᠡᠨ ᠬᠤᠶᠠᠷ ᠲᠤᠬᠤᠢ ᠬᠠᠭᠠᠰ ᠪᠦᠰ᠎ᠤᠨ ᠪᠢᠯᠧᠲ ᠬᠠᠩᠭᠠᠵᠤ ᠪᠠᠢᠭ᠍ᠰᠨᠨ ᠪᠤᠯᠬᠤᠷ ᠡᠵᠢ ᠮᠢᠨᠢ ᠠᠷᠭ᠎ᠠ ᠪᠦᠬᠦᠨ᠎ᠢ ᠰᠦᠪᠡᠭ᠌ᠴᠢᠯᠡᠨ ᠤᠯᠤᠰ᠎ᠤᠨ ᠲᠡᠭᠡᠰᠦᠨ ᠲᠠᠰᠤᠷᠬᠠᠢ ᠮᠠᠭᠤ ᠢᠰᠡᠭᠡᠢ ᠮᠡᠳᠦ᠎ᠶ᠋ᠢᠨ ᠭᠡᠭᠡᠭ᠌ᠳᠡᠮᠡᠯ ᠡᠳ᠋᠎ᠢ ᠠᠱᠢᠬ᠍ᠯᠠᠵᠤ ᠱᠠᠬᠠᠢ ᠭᠤᠳᠤᠯ ᠤᠶᠤᠵᠤ ᠪᠠᠢᠵᠠᠢ᠃
ᠡᠳᠦᠷ ᠬᠤᠨᠤᠭ᠎ᠢ ᠬᠤᠷᠤᠭᠤ ᠲᠠᠷᠤᠨ ᠲᠤᠭᠠᠯᠠᠵᠤ᠂ ᠬᠦᠰᠡᠵᠦ᠍ ᠬᠦᠯᠢᠶᠡᠭ᠌ᠰᠡᠨ ᠴᠠᠭᠠᠨ ᠰᠠᠷ᠎ᠠ ᠬᠦᠷᠴᠦ᠍ ᠢᠷᠡᠬᠦ᠌᠎ᠳᠤ᠂ ᠪᠢᠳᠡ ᠱᠢᠨ᠎ᠡ᠎ᠶ᠋ᠢᠨ ᠨᠢᠭᠡᠨ᠎ᠤ ᠦᠷᠯᠦᠭᠡ ᠡᠷᠳᠡ ᠪᠤᠰᠴᠤ᠌ ᠵᠤᠯᠠ ᠬᠦᠵᠢ ᠠᠰᠠᠭᠠᠵᠤ ᠲᠡᠭ᠌ᠷᠢ ᠪᠤᠷᠬᠠᠨ᠎ᠳᠠᠭᠠᠨ ᠮᠦᠷᠭᠦᠵᠦ᠍ ᠪᠠᠷᠠᠭ᠍ᠰᠠᠨ᠎ᠤ ᠲᠠᠷᠠᠭ᠎ᠠ ᠡᠵᠢ᠎ᠶ᠋ᠢᠨ᠎ᠢᠶᠠᠨ ᠤᠶᠤᠭ᠍ᠰᠠᠨ ᠱᠢᠨ᠎ᠡ ᠬᠤᠪᠴᠠᠰᠤ᠂ ᠱᠠᠬᠠᠢ ᠭᠤᠳᠤᠯᠢ ᠡᠮᠦᠰᠴᠤ᠌ ᠲᠡᠭᠦᠦ ᠨᠠᠷ᠎ᠢᠶᠠᠨ ᠳᠠᠭᠠᠭᠤᠯᠤᠨ ᠲᠦᠷᠦᠯ ᠰᠠᠳᠤᠨ ᠪᠤᠯᠤᠨ ᠵᠡᠷᠭᠡᠯᠡᠳᠡᠭᠡ ᠭᠡᠷ᠎ᠢᠶᠠᠷ᠎ᠢᠶᠠᠨ ᠱᠢᠨ᠎ᠠ᠎ᠶ᠋ᠢᠨ ᠵᠤᠯᠭᠠᠯᠳᠠ ᠬᠢᠵᠦ᠍᠂ ᠴᠠᠭᠠᠨ ᠢᠳᠡᠭᠡ᠂ ᠪᠤᠤᠪᠤ ᠪᠤᠭᠤᠷᠰᠤᠭ ᠪᠠ ᠢᠷᠦᠭᠡᠯ᠎ᠤᠨ ᠠᠳᠢᠰ ᠬᠦᠷᠳᠡᠵᠦ᠍᠂ ᠬᠤᠪᠴᠠᠰᠤ ᠬᠤᠨᠠᠷ᠎ᠢᠶᠠᠨ ᠭᠠᠢᠬᠠᠭᠤᠯᠤᠨ᠂ ᠠᠢᠯ ᠠᠢᠮᠠᠭ᠎ᠤᠨ ᠬᠦᠮᠦᠰ᠎ᠤᠨ ᠮᠠᠭ᠍ᠳᠠᠭᠠᠯ ᠰᠠᠢᠱᠢᠶᠠᠯ᠎ᠢ ᠤᠯᠵᠤ᠂ ᠬᠦᠭᠡᠷᠴᠦ᠍ ᠦᠰᠦᠷᠤᠨ ᠪᠠᠶᠠᠷᠯᠠᠨ ᠭᠦᠶᠦᠵᠦ᠍ ᠪᠠᠢᠭ᠍ᠰᠠᠨ ᠮᠢᠨᠢ ᠬᠡᠴᠢᠨᠡᠨ ᠵᠤᠯ ᠵᠢᠷᠭᠠᠯ᠎ᠲᠠᠢ ᠰᠠᠨᠠᠭ᠍ᠳᠠᠬᠤ ᠠᠵᠢ᠃
ᠭᠡᠳᠡᠯ᠎ᠡ᠂ ᠡᠵᠢ ᠮᠢᠨᠢ ᠬᠡᠴᠢᠨᠡᠨ ᠡᠳᠦᠷ ᠬᠤᠨᠤᠭ᠎ᠢ ᠤᠨᠳᠠᠬᠤ ᠨᠦᠢᠷ ᠦᠭᠡᠢ᠂ ᠦᠯᠦᠰᠴᠤ᠌ ᠤᠮᠳᠠᠭᠠᠰᠤᠨ ᠶᠠᠳᠠᠷᠠᠵᠤ ᠵᠦᠳᠡᠷᠡᠵᠦ᠍ ᠶᠠᠪᠤᠭ᠍ᠰᠠᠨ᠎ᠠᠴᠠ ᠨᠠᠰᠤᠨ᠎ᠠᠴᠠ᠎ᠪᠠᠨ ᠡᠷᠳᠡ ᠦᠳᠡᠯᠵᠦ᠍᠂ ᠨᠢᠷᠤᠭᠤ᠎ᠨᠢ ᠪᠦᠭ᠌ᠳᠦ᠋ᠢᠵᠤ᠂ ᠲᠠᠯᠤ ᠮᠦᠷᠦ᠍᠂ ᠬᠦᠯ᠎ᠨᠢ ᠡᠪᠡᠳᠬᠦ᠌ ᠬᠠᠭᠤᠴᠢᠨ ᠠᠷᠬᠠᠭ ᠡᠪᠡᠳᠴᠢᠨ᠎ᠲᠠᠢ ᠪᠤᠯᠤᠭ᠍ᠰᠠᠨ ᠶᠤᠮ ᠡ᠃
ᠡᠵᠢ ᠮᠢᠨᠢ ᠪᠠᠭ᠎ᠠ ᠯᠠ ᠲᠡᠩᠬᠡᠬᠡ᠎ᠲᠠᠢ ᠪᠤᠯ ᠬᠡᠨ ᠠᠯᠢᠨ᠎ᠳᠤ᠎ᠨᠢ ᠲᠤᠰᠠ ᠪᠤᠯᠤᠶ᠎ᠠ ᠭᠡᠳ ᠵᠢᠳᠭᠦᠵᠦ᠍ ᠶᠠᠪᠤᠳᠠᠭ ᠯᠠ ᠪᠠᠢᠭ᠍ᠰᠠᠨ᠃ ᠨᠠᠮᠠᠶ᠋ᠢ ᠬᠡᠦᠬᠡᠳ᠎ᠲᠠᠢ ᠪᠤᠯᠬᠤ ᠲᠡᠷᠡ ᠵᠢᠯ ᠬᠡᠳᠦᠨ ᠮᠢᠩᠭᠠᠨ ᠭᠠᠵᠠᠷ᠎ᠢ ᠬᠤᠯᠠ ᠭᠡᠵᠦ᠍ ᠪᠤᠳᠤᠭ᠍ᠰᠠᠨ ᠦᠭᠡᠢ ᠬᠤᠶᠠᠷ ᠡᠳᠦᠷ ᠬᠤᠶᠠᠷ ᠰᠦᠨᠢ᠎ᠶ᠋ᠢᠨ ᠭᠠᠯᠳᠤ ᠲᠡᠷᠭᠡᠨ᠎ᠳᠤ ᠰᠠᠭᠤᠵᠤ᠂ ᠬᠡᠦᠬᠡᠳ ᠦᠵᠡᠭ᠌ᠳᠡᠬᠦ᠌᠎ᠠᠴᠠ ᠡᠮᠦᠨ᠎ᠡ ᠡᠳᠦᠷ᠎ᠨᠢ ᠠᠮᠵᠢᠨ ᠢᠷᠡᠵᠦ᠍᠄ 《ᠵᠨ ᠪᠤᠷᠬᠠᠨ᠂ ᠡᠵᠢ᠎ᠨᠢ ᠢᠷᠡᠯ᠎ᠡ᠂ ᠬᠡᠦᠬᠡᠨ ᠮᠢᠨᠢ ᠰᠠᠳᠭᠢᠯ ᠠᠮᠤᠷ ᠪᠠᠢ》 ᠬᠡᠳ ᠢᠨᠢᠶᠡᠬᠦ᠌᠎ᠳᠤ ᠵᠦᠪᠬᠡᠨ ᠡᠵᠢ᠎ᠳᠤ ᠯᠡ ᠮᠢᠨᠢ ᠪᠠᠢᠳᠠᠭ ᠬᠡᠵᠢᠶᠡᠳᠡ ᠤᠨᠳᠠᠷᠠᠰᠢ ᠦᠭᠡᠢ ᠲᠤᠶᠠᠭ᠎ᠠ᠎ᠲᠠᠢ ᠬᠠᠷᠠᠴᠠ᠎ᠶ᠋ᠢ ᠪᠢ ᠠᠩᠬ᠎ᠠ ᠤᠯᠵᠤ ᠬᠠᠷᠠᠭ᠍ᠰᠠᠨ ᠶᠤᠮ᠃
ᠡᠵᠢ ᠮᠢᠨᠢ᠂ ᠨᠠᠮᠠᠶ᠋ᠢ ᠦᠭᠡ ᠬᠡᠯᠡᠵᠦ᠍ ᠠᠯᠬᠤᠵᠤ ᠬᠢᠰᠭᠢᠬᠦ᠂ ᠦᠰᠦᠭ ᠪᠢᠴᠢᠭ ᠰᠤᠷᠴᠤ᠌᠂ ᠠᠯᠪᠠᠨ ᠠᠵᠢᠯ᠎ᠳᠤ ᠭᠠᠷᠴᠤ᠌ ᠠᠢᠯ ᠭᠡᠷ ᠪᠤᠯᠳᠠᠯ᠎ᠠ ᠵᠢᠭᠠᠨ ᠰᠤᠷᠭᠠᠭ᠍ᠰᠠᠭᠠᠷ ᠢᠷᠡᠭ᠌ᠰᠡᠨ ᠪᠦᠬᠡᠳ ᠨᠠᠮᠠᠶ᠋ᠢ ᠠᠵᠢᠯᠴᠢ ᠬᠦᠳᠡᠯᠮᠤᠷᠢᠴᠢ᠂ ᠠᠰᠪᠤᠷ ᠴᠠᠭᠠᠪᠤᠷ᠂ ᠡᠷᠳᠡᠮ ᠮᠡᠳᠡᠯᠭᠡ᠎ᠲᠠᠢ᠂ ᠠᠭᠤᠵᠢᠮ ᠪᠠᠭ᠍ᠳᠠᠭᠠᠮᠵᠢ᠎ᠲᠠᠢ᠂ ᠬᠤᠯᠠ᠎ᠶ᠋ᠢᠨ ᠬᠠᠷᠠᠴᠠ᠎ᠲᠠᠢ ᠡᠭᠦᠷᠭᠡ ᠬᠠᠷᠢᠭᠤᠴᠠᠯᠭ᠎ᠠ᠎ᠶ᠋ᠢ ᠡᠭᠦᠷᠭᠡᠯᠡᠵᠦ᠍ ᠲᠡᠢᠯᠬᠦ᠌ ᠡᠷᠡᠰ ᠬᠠᠳᠠᠭᠤ ᠵᠠᠩ ᠠᠷᠠᠨᠱᠢᠨ᠎ᠲᠠᠢ ᠪᠤᠯᠭᠠᠨ ᠬᠦᠮᠦᠵᠢᠭᠦᠯᠦᠭ᠌ᠰᠡᠨ ᠶᠤᠮ᠃
ᠡᠵᠢ᠎ᠲᠠᠢ᠎ᠪᠠᠨ ᠬᠠᠮᠳᠤ ᠪᠠᠢᠬᠤ ᠴᠠᠭ ᠮᠦᠴᠡ ᠪᠤᠯ ᠬᠠᠮᠤᠭ᠎ᠤᠨ ᠠᠵᠠ ᠵᠢᠷᠭᠠᠯ᠎ᠲᠠᠢ᠂ ᠬᠠᠮᠤᠭ᠎ᠤᠨ ᠪᠠᠶᠠᠷ ᠬᠦᠷ᠎ᠲᠠᠢ᠂ ᠡᠵᠢ᠎ᠲᠠᠢ᠎ᠪᠠᠨ ᠬᠠᠮᠳᠤ ᠪᠠᠢᠬᠤ᠎ᠳᠤ ᠡᠬᠡ ᠲᠡᠯᠡᠬᠡᠢ᠎ᠶ᠋ᠢᠨ ᠠᠯᠢᠪᠠ ᠤᠷᠭᠤᠮᠠᠯ ᠪᠤᠳᠠᠰ ᠪᠦᠷ ᠡᠵᠢ᠎ᠶ᠋ᠢᠨ ᠬᠠᠢᠷᠠᠳᠤ ᠠᠮᠢᠯᠠᠴᠢᠬᠠᠭ᠍ᠰᠠᠨ ᠱᠢᠭ᠋ ᠰᠠᠨᠠᠭ᠍ᠳᠠᠳᠠᠭ᠃ ᠶᠠᠭᠤ ᠪᠦᠬᠦᠨ᠎ᠢ ᠬᠠᠷᠠᠬᠤ᠎ᠳᠤ ᠡᠵᠢ᠎ᠶ᠋ᠢᠨ ᠲᠦᠷᠢ᠎ᠪᠠᠷ ᠬᠠᠷᠠᠭ᠍ᠳᠠᠵᠤ᠂ ᠡᠬᠡ᠎ᠶ᠋ᠢᠨ ᠬᠠᠢᠷᠠᠳᠤ ᠪᠦᠪᠠᠢᠯᠡᠭ᠌ᠳᠠᠵᠤ ᠪᠠᠢᠮᠠᠷ ᠡ᠂ ᠡᠵᠢ ᠮᠢᠨᠢ᠃