ᠵᠢᠮ᠎ᠠ ᠶᠤᠰᠤᠲᠠᠢ ᠠᠮᠢᠳᠤᠷᠠᠯ᠎ᠤᠨ ᠵᠠᠩ ᠳᠠᠳᠭᠠᠯ ᠪᠤᠯ ᠡᠴᠢᠭᠡ ᠡᠬᠡ᠎ᠶ᠋ᠢᠨ ᠬᠡᠥᠬᠡᠳᠲᠡᠭᠡᠨ ᠦᠭ᠌ᠬᠦ ᠬᠠᠮᠤᠭ᠎ᠤᠨ ᠰᠠᠢᠨ ᠡᠷᠡᠬᠦᠯ ᠮᠡᠨᠲᠦ᠎ᠶ᠋ᠢᠨ ᠪᠡᠯᠡᠭ ᠪᠤᠯᠤᠨ᠎ᠠ᠃ ᠶᠠᠫᠤᠨ᠎ᠤ ᠨᠢᠭᠡᠨ ᠤᠨᠲᠠᠯᠭ᠎ᠠ᠎ᠶ᠋ᠢ ᠦᠨᠡᠯᠡᠨ ᠵᠢᠱ᠌ᠢᠬᠦ᠌ ᠰᠤᠳᠤᠯᠭᠠᠨ᠎ᠤ ᠪᠠᠢᠭᠤᠯᠤᠮᠵᠢ᠎ᠶ᠋ᠢᠨ ᠰᠤᠳᠤᠯᠭᠠᠨ᠎ᠳᠤ ᠢᠯᠡᠷᠡᠭᠦᠯᠦᠭ᠌ᠰᠡᠨ᠎ᠢᠶᠠᠷ᠂ ᠡᠴᠢᠬᠡ ᠡᠬᠡ᠎ᠶ᠋ᠢᠨ ᠤᠨᠲᠠᠯᠭ᠎ᠠ᠎ᠶ᠋ᠢᠨ ᠳᠠᠭᠠᠳᠭᠠᠯ᠎ᠨᠢ ᠦᠷ᠎ᠠ ᠬᠡᠤᠬᠡᠳ᠎ᠢ᠎ᠪᠠᠨ ᠱᠢᠭᠤᠳ ᠨᠦᠯᠦᠭᠡᠯᠡᠳᠡᠭ᠂ ᠦᠭᠡᠷ᠎ᠡ᠎ᠪᠠᠷ ᠬᠡᠯᠡᠪᠡᠯ᠂ ᠡᠴᠢᠭᠡ ᠡᠬᠡ᠎ᠨᠢ ᠤᠷᠤᠢ ᠤᠨᠲᠠᠪᠠᠯ ᠬᠡᠤᠬᠡᠳ᠎ᠨᠢ ᠴᠦ᠍ ᠡᠷᠲᠡ ᠤᠨᠲᠠᠳᠠᠭ ᠦᠭᠡᠢ᠃
ᠭᠡᠷ ᠲᠡᠷᠭᠡ᠎ᠪᠠᠨ ᠠᠬᠤᠢ᠍ᠢᠯᠠᠬᠤ ᠵᠡᠷᠭᠡ ᠱᠢᠯᠲᠠᠭᠠᠨ᠎ᠠᠴᠠ ᠪᠤᠯᠵᠦ᠍᠂ ᠡᠮᠡᠭ᠌ᠲᠡᠢᠴᠤᠳ᠎ᠤᠨ ᠤᠨᠲᠠᠯᠭ᠎ᠠ᠎ᠶ᠋ᠢᠨ ᠴᠠᠭ᠎ᠨᠢ ᠡᠩ᠎ᠤᠨ ᠪᠠᠢᠳᠠᠯ᠎ᠳᠤ ᠡᠷᠡᠭ᠌ᠲᠡᠢᠴᠤᠳᠠᠴᠠ ᠤᠬᠤᠷ ᠪᠠᠢᠵᠦ᠍᠂ ᠡᠵᠢ᠎ᠨᠢ ᠨᠦᠢᠷ ᠮᠠᠭᠤᠲᠠᠢ ᠪᠤᠯ ᠬᠡᠤᠬᠡᠳ᠎ᠤᠨ ᠠᠮᠢᠳᠤᠷᠠᠯ᠎ᠤᠨ ᠳᠠᠳᠭᠠᠯ᠎ᠨᠢ ᠴᠦ᠍ ᠦᠭᠡᠷᠡᠳᠡᠵᠦ᠍ ᠠᠮᠠᠷᠬᠠᠨ ᠨᠦᠢᠷ ᠮᠠᠭᠤᠳᠠᠢ ᠪᠤᠯᠳᠠᠭ᠃ ᠤᠨᠴᠠᠭᠠᠢᠯᠠᠨ ᠡᠵᠢ᠎ᠶ᠋ᠢᠨ ᠬᠢᠨᠢ ᠤᠨᠲᠠᠵᠦ᠍ ᠠᠮᠠᠷᠠᠬᠤ ᠴᠠᠭ᠎ᠨᠢ ᠰᠦᠨᠢ᠎ᠶ᠋ᠢᠨ 12 ᠴᠠᠭ᠎ᠠᠴᠠ ᠬᠡᠲᠦᠷᠡᠭ᠌ᠰᠡᠨ ᠪᠠᠢᠪᠠᠯ ᠬᠡᠤᠬᠡᠳ᠎ᠤᠨ ᠬᠢᠨᠢ ᠤᠨᠲᠠᠯᠭ᠎ᠠ᠎ᠶ᠋ᠢᠨ ᠴᠠᠭ᠎ᠨᠢ ᠴᠤ᠌ ᠳᠠᠭᠠᠯᠳᠤᠨ ᠨᠡᠩ ᠤᠷᠤᠢ ᠪᠤᠯᠳᠠᠭ᠃ ᠢᠩᠬᠢᠬᠦ᠌ᠨᠢ ᠦᠷ᠎ᠠ ᠬᠡᠤᠬᠡᠳ᠎ᠤᠨ ᠬᠢᠨᠢ ᠭᠦᠢᠴᠡᠳ ᠤᠨᠲᠠᠯᠭ᠎ᠠ᠎ᠶ᠋ᠢᠨ ᠴᠠᠭ᠎ᠢ ᠪᠠᠳᠤᠯᠠᠬᠤ᠎ᠳᠤ ᠱᠢᠭᠤᠳ ᠨᠦᠯᠦᠭᠡ ᠪᠤᠯᠳᠠᠭ᠃ ᠨᠦᠢᠷ ᠬᠦᠷᠦᠯᠴᠡᠬᠦ᠌ ᠦᠭᠡᠢ ᠪᠤᠯ ᠬᠡᠤᠬᠡᠳ᠎ᠤᠨ ᠦᠰᠦᠨ ᠪᠤᠢᠵᠢᠯᠲᠠ᠎ᠶ᠋ᠢ ᠠᠬᠢᠭᠤᠯᠬᠤ ᠬᠤᠷᠮᠤᠨ᠎ᠤ ᠱᠦᠭᠦᠷᠡᠯᠲᠡ ᠶᠡᠭᠡ ᠬᠡᠮᠵᠢᠶ᠎ᠡ᠎ᠪᠠᠷ ᠪᠠᠭᠠᠰᠭᠤ᠎ᠶ᠋ᠢᠨ ᠤᠯᠠᠮ᠎ᠠᠴᠠ ᠦᠰᠦᠨ ᠪᠤᠢᠵᠢᠯᠲᠠ᠎ᠳᠤᠨᠢ ᠨᠦᠯᠦᠭᠡ ᠪᠤᠯᠳᠠᠭ᠃
ᠡᠢᠮᠦ᠎ᠠᠴᠠ ᠭᠡᠷ᠎ᠤᠨ ᠠᠬᠠᠮᠠᠳ ᠬᠡᠤᠬᠡᠳ᠎ᠤᠨ ᠤᠨᠲᠠᠯᠭ᠎ᠠ᠎ᠶ᠋ᠢᠨ ᠡᠷᠡᠭᠦᠯ ᠰᠠᠷᠠᠭᠤᠯ ᠪᠠᠢᠬᠤ᠎ᠶ᠋ᠢ ᠪᠠᠲᠤᠯᠠᠬᠤ᠎ᠶ᠋ᠢᠨ ᠲᠦᠯᠦᠭᠡ ᠲᠤᠤᠷᠠᠬᠢ ᠠᠷᠪᠠᠨ ᠵᠦᠢᠯ᠎ᠢ ᠭᠦᠢᠴᠡᠳᠭᠡᠬᠦ᠌ ᠬᠡᠷᠡᠭ᠌ᠲᠡᠢ᠃
1. ᠬᠡᠤᠬᠡᠳ ᠪᠤᠯᠤᠨ ᠦᠪᠡᠷ᠎ᠤᠨ ᠪᠡᠶ᠎ᠡ᠎ᠶ᠋ᠢᠨ ᠨᠢᠭᠡ ᠭᠠᠷᠠᠭ᠎ᠤᠨ ᠤᠨᠲᠠᠯᠭ᠎ᠠ᠎ᠶ᠋ᠢᠨ ᠴᠠᠭ᠎ᠢᠶᠠᠨ ᠤᠢ᠍ᠢᠯᠠᠭᠠᠵᠦ᠍᠂ ᠵᠢᠮ᠎ᠡ ᠭᠤᠷᠢᠮ᠎ᠲᠠᠢ ᠤᠨᠲᠠᠬᠤ ᠴᠠᠭ ᠪᠤᠯᠤᠨ ᠤᠨᠳᠠᠯᠭ᠎ᠠ᠎ᠶ᠋ᠢᠨ ᠳᠠᠳᠭᠠᠯ᠎ᠢ ᠪᠠᠷᠢᠮᠳᠠᠯᠠᠵᠦ᠍᠂ ᠬᠡᠥᠬᠡᠳ᠎ᠤᠨ ᠬᠦᠴᠡᠳ ᠤᠨᠲᠠᠯᠭ᠎ᠠ᠎ᠶ᠋ᠢᠨ ᠴᠠᠬ᠎ᠢ ᠪᠠᠲᠤᠯᠠᠬᠤ ᠬᠡᠷᠡᠭ᠌ᠲᠡᠢ᠃
2. ᠤᠨᠲᠠᠬᠤ ᠴᠠᠬ᠎ᠨᠢ ᠤᠷᠤᠢ᠂ ᠤᠨᠲᠠᠬᠤ ᠴᠠᠭ᠎ᠨᠢ ᠬᠦᠢᠴᠡᠳ ᠪᠤᠰᠤ ᠪᠤᠯ 30 ᠮᠢᠨᠦ᠋ᠲ ᠤᠷᠢᠳᠴᠢᠯᠠᠨ ᠤᠨᠲᠠᠵᠦ᠍ ᠦᠵᠡᠭᠡᠷᠡᠢ᠃ ᠬᠡᠷᠪᠡ ᠤᠷᠮ᠎ᠠ ᠰᠡᠳᠭᠢᠯᠭᠡ ᠮᠠᠭᠤᠲᠠᠢ ᠪᠤᠯ ᠤᠨᠲᠠᠬᠤ ᠴᠠᠭ᠎ᠢᠶᠠᠨ ᠪᠠᠰᠠ 30 ᠮᠢᠨᠦ᠋ᠲ ᠤᠷᠢᠳᠴᠢᠯᠠᠭᠤᠯᠵᠦ᠍ ᠪᠤᠯᠤᠨ᠎ᠠ᠃ ᠡᠬᠦᠨ᠎ᠤ ᠬᠠᠮᠳᠤ᠂ ᠠᠮᠠᠷᠠᠯᠲᠠ᠎ᠶ᠋ᠢᠨ ᠡᠳᠦᠷ ᠪᠤᠯᠤᠨ ᠠᠵᠢᠯᠯᠠᠬᠤ ᠡᠳᠦᠷ᠎ᠤᠨ ᠤᠨᠲᠠᠯᠭ᠎ᠠ᠎ᠶ᠋ᠢᠨ ᠴᠠᠭ᠎ᠢᠶᠠᠨ 1 ᠴᠠᠭ᠎ᠠᠴᠠ ᠳᠡᠭᠡᠭ᠌ᠰᠢ᠎ᠶ᠋ᠢᠨ ᠵᠦᠷᠢᠶ᠎ᠡ᠎ᠲᠠᠢ ᠪᠠᠢᠯᠭᠠᠵᠦ᠍ ᠪᠤᠯᠬᠤ ᠦᠬᠡᠢ᠂ ᠢᠩᠬᠢᠪᠡᠯ ᠰᠠᠢ ᠬᠡᠥᠬᠡᠳ᠎ᠤᠨ ᠴᠢᠨᠠᠷ ᠰᠠᠢᠲᠠᠢ ᠤᠨᠲᠠᠯᠭ᠎ᠠ᠎ᠶ᠋ᠢ ᠪᠠᠲᠤᠯᠠᠵᠦ᠍ ᠴᠢᠳᠠᠨ᠎ᠠ᠃
3. ᠡᠴᠢᠭᠡ ᠡᠬᠡ᠎ᠨᠢ ᠦᠪᠡᠷ᠎ᠢᠶᠠᠨ ᠪᠠᠰᠠ ᠡᠷᠲᠡᠭᠡᠨ ᠤᠨᠳᠠᠵᠦ᠍ ᠬᠡᠥᠬᠡᠳᠲᠡᠭᠡᠨ ᠬᠡᠪ ᠲᠠᠭᠤᠷᠢᠶᠠᠯ ᠪᠤᠯᠬᠤ ᠬᠡᠷᠡᠭ᠌ᠲᠡᠢ᠃
4. ᠬᠡᠥᠬᠡᠳ᠎ᠢ ᠵᠠᠪᠠᠯ ᠦᠷᠯᠦᠭᠡᠨᠤ ᠬᠤᠭᠤᠯᠠ ᠢᠳᠡᠬᠦᠯᠬᠦ᠌ ᠪᠦᠭᠡᠳ ᠬᠤᠭᠤᠯᠠ ᠢᠳᠡᠬᠦ᠌ ᠴᠠᠭ᠎ᠤᠨ ᠵᠢᠮ᠎ᠡ ᠶᠤᠰᠤᠲᠠᠢ ᠪᠠᠢᠬᠤ᠎ᠶ᠋ᠢ ᠪᠠᠲᠤᠯᠠᠬᠤ ᠬᠡᠷᠡᠭ᠌ᠲᠡᠢ᠃ ᠤᠷᠤᠢ᠎ᠶ᠋ᠢᠨ ᠬᠤᠭᠤᠯᠠᠨ᠎ᠤ ᠴᠠᠭ᠎ᠨᠢ ᠤᠯᠠᠮ ᠤᠷᠤᠢ ᠪᠤᠯ ᠬᠡᠥᠬᠡᠳ᠎ᠤᠨ ᠤᠨᠳᠠᠯᠭ᠎ᠠ᠎ᠶ᠋ᠢᠨ ᠴᠠᠭ᠎ᠨᠢ ᠤᠯᠠᠮ ᠤᠷᠤᠢ᠂ ᠤᠨᠲᠠᠯᠭ᠎ᠠ᠎ᠶ᠋ᠢᠨ ᠴᠠᠭ᠎ᠨᠢ ᠴᠤ᠌ ᠤᠯᠠᠮ᠎ᠠᠴᠠ ᠤᠬᠤᠷ ᠪᠤᠯᠲᠠᠭ᠃ ᠡᠢᠮᠦ᠎ᠠᠴᠠ ᠤᠷᠤᠢ᠎ᠶ᠋ᠢᠨ ᠬᠤᠭᠤᠯᠠ᠎ᠶ᠋ᠢ ᠡᠷᠲᠡ ᠱᠢᠭ ᠢᠳᠡᠬᠦᠯᠦᠨᠠ᠃
5. ᠬᠡᠥᠬᠡᠳ᠎ᠤᠨ ᠪᠡᠶ᠎ᠡ᠎ᠶ᠋ᠢᠨ ᠲᠠᠮᠢᠷ᠎ᠤᠨ ᠬᠦᠳᠡᠯᠬᠡᠭᠡᠨᠳᠤ ᠤᠷᠤᠯᠴᠠᠬᠤ᠎ᠶ᠋ᠢ ᠵᠤᠷᠢᠬ᠍ᠵᠢᠭᠤᠯᠤᠨ᠎ᠠ᠂ ᠡᠨᠡ᠎ᠨᠢ ᠬᠡᠥᠬᠡᠳ᠎ᠤᠨ ᠤᠨᠲᠠᠯᠭ᠎ᠠ᠎ᠶ᠋ᠢᠨ ᠶᠠᠰᠦ ᠴᠢᠨᠠᠷ᠎ᠢ ᠳᠡᠭᠡᠭ᠌ᠰᠢᠯᠡᠬᠦᠯᠵᠦ᠍ ᠴᠢᠳᠠᠨ᠎ᠠ᠃
6. ᠬᠡᠥᠬᠡᠳ᠎ᠤᠨ ᠤᠨᠲᠠᠯᠭ᠎ᠠ᠎ᠶ᠋ᠢᠨ ᠦᠷᠦᠭᠡᠨ᠎ᠳᠤ ᠲᠧᠯᠸᠢᠰ᠂ ᠺᠤᠮᠫᠢᠦ᠋ᠲᠧᠷ᠂ ᠤᠶᠤᠨᠴᠢ ᠭᠠᠷ ᠤᠲᠠᠰᠦ ᠵᠡᠷᠭᠡ᠎ᠶ᠋ᠢ ᠲᠠᠯᠪᠢᠵᠦ᠍ ᠪᠤᠯᠬᠤ ᠦᠬᠡᠢ᠃
7. ᠬᠡᠥᠬᠡᠳ᠎ᠤᠨ ᠤᠨᠲᠠᠯᠭ᠎ᠠ᠎ᠶ᠋ᠢᠨ ᠦᠷᠦᠭᠡ ᠨᠠᠮ ᠵᠢᠮ ᠪᠠᠢᠬᠤ᠎ᠶ᠋ᠢ ᠪᠠᠲᠤᠯᠠᠵᠦ᠍᠂ ᠭᠡᠷᠡᠯ᠎ᠢ ᠪᠦᠳᠡᠬᠢ ᠪᠠᠢᠯᠭᠠᠵᠦ᠍᠂ ᠲᠤᠯᠠᠭᠠᠨ᠎ᠤ ᠬᠡᠮᠵᠢᠶ᠎ᠠ᠂ ᠴᠢᠬᠢᠭ᠎ᠤᠨ ᠬᠡᠮᠵᠢᠶ᠎ᠡ᠎ᠨᠢ ᠲᠤᠬᠢᠷᠠᠮᠵᠢᠲᠠᠢ᠂ ᠠᠭᠤᠷ ᠠᠮᠢᠰᠭᠤᠯ ᠱᠢᠨ᠎ᠡ ᠰᠤᠷᠭᠤᠭ᠂ ᠤᠷᠴᠢᠨ ᠲᠤᠭᠤᠷᠢᠨ ᠴᠡᠪᠡᠷ ᠲᠡᠭ᠌ᠰᠢᠭᠡᠨ ᠪᠠᠢᠬᠤ᠎ᠶ᠋ᠢ ᠪᠠᠳᠤᠯᠠᠨ᠎ᠠ᠃
8. ᠭᠡᠷ᠎ᠤᠨ ᠠᠬᠠᠮᠠᠳ ᠪᠤᠯᠤᠨ ᠬᠡᠥᠬᠡᠳ ᠬᠠᠮᠲᠦ᠎ᠪᠠᠷ ᠤᠷᠤᠯᠴᠠᠵᠦ᠍᠂ ᠰᠠᠢᠨ ᠰᠠᠢᠬᠠᠨ ᠤᠨᠲᠠᠯᠭ᠎ᠠ᠎ᠶ᠋ᠢᠨ ᠤᠷᠴᠢᠨ ᠲᠤᠭᠤᠷᠢᠨ᠎ᠢ ᠪᠤᠢ ᠪᠤᠯᠭᠠᠨ᠎ᠠ᠂ ᠲᠤᠬᠠᠢᠯᠠᠪᠠᠯ᠂ ᠬᠠᠮᠳᠦ᠎ᠪᠠᠷ ᠬᠡᠥᠬᠡᠳ᠎ᠤᠨ ᠨᠤᠮ ᠦᠵᠡᠬᠦ᠂ ᠬᠤᠭᠤᠷᠤᠨᠲᠦ᠎ᠪᠠᠨ ᠪᠠᠶᠠᠷ ᠪᠠᠶᠠᠰᠭᠤᠯᠠᠩ᠎ᠲᠠᠢ ᠤᠴᠢᠷ ᠶᠠᠪᠤᠳᠠᠯ᠎ᠢ ᠬᠡᠯᠡᠯᠴᠡᠬᠦ᠌ ᠵᠡᠷᠭᠡ᠃
9. ᠬᠡᠥᠬᠡᠳ᠎ᠤᠨ ᠺᠤᠹᠧᠢᠨ ᠤᠤᠭᠤᠬᠤ᠎ᠶ᠋ᠢ ᠬᠢᠵᠠᠭᠠᠷᠯᠠᠵᠦ᠍᠂ ᠦᠳᠡ᠎ᠶ᠋ᠢᠨ ᠬᠤᠢᠨᠠᠬᠢ ᠭᠤᠷᠪᠠᠨ ᠴᠠᠭ᠎ᠠᠴᠠ ᠬᠤᠢᠰᠢ ᠬᠡᠥᠬᠡᠳ᠎ᠲᠤ ᠺᠤᠹᠧᠢᠨ ᠠᠭᠤᠯᠤᠬ᠍ᠰᠠᠨ ᠤᠮᠳᠠᠭᠠᠨ ᠤᠤᠭᠤᠯᠭᠠᠬᠤ ᠦᠬᠡᠢ᠃
10. ᠬᠡᠥᠬᠡᠳ᠎ᠲᠤ ᠱᠢᠨ᠎ᠡ ᠨᠢᠭᠡᠨ ᠡᠳᠦᠷ᠎ᠨᠢ ᠰᠦᠨᠢ᠎ᠶ᠋ᠢᠨ ᠤᠨᠲᠠᠯᠭ᠎ᠠ᠎ᠠᠴᠠ ᠡᠬᠢᠯᠡᠳᠡᠭ᠂ ᠬᠠᠷᠢᠨ ᠦᠷᠯᠦᠭᠡ᠎ᠠᠴᠠ ᠡᠬᠢᠯᠡᠳᠡᠭ ᠪᠢᠰᠢ ᠬᠡᠳᠡᠭ᠎ᠢ ᠮᠡᠳᠡᠷᠡᠭᠦᠯᠦᠨ᠎ᠡ᠃