ᠵᠤᠬᠢᠶᠠᠬ᠍ᠴᠢ᠄ ᠣ᠊ · ᠠᠬ᠍ᠲᠠᠢ ᠲᠦᠮᠡᠨᠬᠡᠱᠢᠭ
— ᠪᠦᠬᠦ᠌ ᠤᠯᠤᠰ᠎ᠤᠨ 《ᠴᠠᠭ ᠦᠶ᠎ᠡ᠎ᠶ᠋ᠢᠨ ᠬᠡᠪ ᠲᠠᠭᠤᠷᠢᠶᠠᠯ》 ᠠᠯᠠᠱᠠ ᠠᠢᠮᠠᠭ᠎ᠤᠨ ᠤᠯᠤᠰ ᠲᠦᠷᠦ᠎ᠶ᠋ᠢᠨ ᠵᠦᠪᠯᠡᠯᠭᠡᠨ᠎ᠤ ᠤᠤᠯ᠎ᠤᠨ ᠲᠡᠷᠢᠭᠦᠯᠡᠭ᠌ᠴᠢ ᠰᠦᠬᠡ᠎ᠶ᠋ᠢ ᠲᠡᠮᠳᠡᠭ᠌ᠯᠡᠪᠡ
ᠤᠷᠤᠱᠢᠯ
《᠁ ᠦᠮᠬᠦᠷᠢᠬᠦ᠌ ① ᠬᠠᠮᠬᠤᠤᠯ ᠬᠠᠨ᠎ᠤ ᠬᠢᠯᠢ᠎ᠠᠴᠠ ᠭᠠᠷᠴᠤ᠌ ②
ᠪᠤᠴᠠᠬᠤ ᠭᠠᠯᠠᠭᠤ ᠬᠤ᠌ ③ ᠶ᠋ᠢᠨ ᠲᠡᠭ᠌ᠷᠢ᠎ᠳᠤ ᠤᠷᠤᠪᠠ
ᠶᠡᠭᠡ ᠡᠯᠡᠰᠦᠨ᠎ᠤ ᠦᠨᠦᠴᠢᠨ ᠤᠳᠤᠭ᠎ᠠ ᠡᠭ᠌ᠴᠡ
ᠤᠷᠳᠤ ᠮᠦᠷᠡᠨ᠎ᠤ ᠱᠢᠩᠭᠡᠬᠦ᠌ ᠨᠠᠷᠠᠨ ᠲᠦᠭᠦᠷᠢᠭ ᠁》
ᠲᠠᠩ ᠤᠯᠤᠰ᠎ᠤᠨ ᠶᠡᠭᠡ ᠱᠢᠯᠦᠭ᠌ᠴᠢ ᠸᠠᠩ ᠸᠧᠢ᠎ᠶ᠋ᠢᠨ 《ᠬᠢᠯᠢ᠎ᠶ᠋ᠢᠨ ᠪᠤᠭᠤᠮᠳᠠ᠎ᠳᠤ ᠡᠯᠴᠢᠯᠡᠭ᠌ᠰᠡᠨᠨᠢ》 ᠭᠡᠬᠦ᠌ ᠱᠢᠯᠦᠭ᠎ᠨᠢ ᠬᠡᠴᠢᠨᠡᠨ ᠬᠦᠮᠦᠰ᠎ᠤᠨ ᠭᠤᠪᠢ ᠨᠤᠳᠤᠬ᠂ ᠶᠡᠭᠡ ᠡᠯᠡᠰᠦᠨ᠎ᠤ ᠭᠠᠢᠬᠠᠮᠱᠢᠭ ᠨᠢᠭᠤᠴᠠ᠎ᠶ᠋ᠢᠨ ᠲᠤᠬᠠᠢ ᠬᠡᠢ ᠲᠠᠭᠠᠮᠠᠬ᠍ᠯᠠᠯᠢ ᠠᠷᠠᠭᠠᠮᠵᠢᠨ᠂ ᠤᠢ ᠬᠦᠰᠡᠯ᠎ᠢ ᠲᠠᠳᠠᠬ᠍ᠰᠠᠨᠢ ᠪᠤᠤ ᠮᠡᠳᠡ᠃
ᠪᠠᠳᠠᠢ᠎ᠶ᠋ᠢᠨ ᠵᠢᠷᠡᠨᠤ ᠶᠡᠭᠡ ᠡᠯᠡᠰᠦᠨ᠎ᠤ ᠪᠠᠷᠠᠭᠤᠨ ᠵᠦᠭ ᠪᠠ ᠬᠤᠢᠳᠤ ᠴᠢᠭ᠌ᠯᠡᠯ᠎ᠳᠤ ᠱᠢᠷᠭᠠᠯ ᠡᠯᠡᠰᠦ ᠲᠠᠯᠠᠢ ᠮᠡᠳᠦ ᠲᠠᠪᠠᠯᠭᠠᠯᠠᠵᠤ᠂ ᠡᠵᠡᠭᠦᠢ ᠭᠤᠪᠢ ᠨᠢᠳᠤ ᠠᠯᠳᠠᠮ᠎ᠠ ᠦᠷᠭᠦᠯᠵᠢᠯᠡᠨ᠂ ᠠᠯᠳᠠᠨ ᠲᠤᠤᠷᠠᠢ᠎ᠨᠢ ᠨᠠᠷᠠᠨ᠎ᠤ ᠭᠡᠷᠡᠯᠳᠤ ᠬᠢᠯᠠᠰᠤᠨ᠂ ᠡᠵᠡᠨ᠎ᠡ ᠭᠤᠤᠯ᠎ᠨᠢ ᠵᠢᠤᠢ ᠶᠠᠨ ᠰᠤᠶᠤᠯ᠎ᠢᠶᠠᠨ ᠬᠠᠢᠯᠠᠬ᠍ᠰᠠᠨ ᠲᠡᠭ᠌ᠷᠢ ᠶᠡᠭᠡ ᠨᠤᠳᠤᠭ᠎ᠢ ᠡᠩ ᠦᠷᠭᠡᠨ ᠡᠵᠡᠨ᠎ᠡ ᠭᠡᠳᠡᠭ᠃
ᠲᠤᠮᠳᠠᠳᠤ ᠤᠯᠤᠰ᠎ᠤᠨ ᠬᠤᠶᠠᠳᠤᠭᠠᠷ ᠲᠤᠮᠤ ᠲᠤᠳᠤᠭᠠᠳᠤ ᠬᠠᠭᠤᠷᠠᠢ᠎ᠶ᠋ᠢᠨ ᠭᠤᠤᠯ — ᠬᠠᠷ ᠠ ᠭᠤᠤᠯ᠎ᠨᠢ ᠬᠦᠬᠡᠨᠡᠭᠤᠷ ᠮᠤᠵᠢ᠎ᠶ᠋ᠢᠨ ᠴᠢ ᠯᠢᠶᠠᠨ ᠱᠠᠨ ᠠᠭᠤᠯᠠ᠎ᠶ᠋ᠢᠨ ᠪᠠᠷᠠᠭᠤᠨ ᠪᠠᠯ᠎ᠠᠴᠠ ᠡᠬᠢ ᠠᠪᠴᠤ᠌᠂ ᠵᠠᠭᠦᠨᠰᠢ ᠬᠦᠷᠴᠢᠬᠢᠨᠡᠨ ᠱᠤᠤᠬᠢᠨ ᠤᠷᠤᠰᠤᠭᠠᠳ 500 ᠺᠢᠯᠦᠮᠧᠲᠷ ᠶᠠᠪᠤᠬ᠍ᠰᠠᠨᠤ ᠲᠠᠷᠠᠭ᠎ᠠ᠂ ᠭᠠᠨᠰᠤ ᠪᠠ ᠦᠪᠦᠷ ᠮᠤᠩᠭᠤᠯ᠎ᠤᠨ ᠬᠤᠭᠤᠷᠤᠨᠳᠤ ᠬᠡᠳᠦ ᠲᠠᠬᠢᠷᠯᠠᠬ᠍ᠰᠠᠨᠠᠴᠠ ᠲᠤᠨᠤᠮᠠᠯ ᠡᠯᠡᠰᠦ᠎ᠨᠢ ᠨᠡᠷ᠎ᠡ ᠠᠯᠳᠠᠷᠳᠤ ᠭᠤᠷᠪᠠᠯᠵᠢᠨ ᠬᠤᠢᠭ ᠵᠢᠤᠢ ᠶᠠᠨ᠎ᠤ ᠨᠤᠭᠤᠭᠠᠨ ᠪᠦᠷᠢ᠎ᠳᠤ᠎ᠶ᠋ᠢ ᠪᠦᠳᠦᠭᠡᠵᠡᠢ᠃ ᠡᠨᠡᠬᠦ᠌ ᠭᠤᠷᠪᠠᠯᠵᠢᠨ ᠬᠤᠢᠭ᠎ᠤᠨ ᠨᠤᠭᠤᠭᠠᠨ ᠪᠦᠷᠢ᠎ᠳᠤ᠎ᠨᠢ ᠲᠠᠷᠤᠢ ᠡᠵᠡᠨ᠎ᠠ ᠤᠷᠤᠨ
ᠪᠤᠯᠤᠨ᠎ᠠ᠃
ᠡᠨᠡ ᠪᠤᠯ ᠵᠢᠤᠢ ᠶᠠᠨ ᠰᠤᠶᠤᠯ᠎ᠤᠨ ᠡᠬᠢ ᠡᠭᠦᠰᠦᠭ᠌ᠰᠡᠨ ᠭᠠᠵᠠᠷ᠃ ᠪᠠᠷᠠᠭᠤᠨ ᠬᠠᠨ ᠤᠯᠤᠰ᠎ᠠᠴᠠ ᠠᠪᠤᠭᠠᠳ᠂ ᠰᠦᠩ᠂ ᠶᠤᠸᠠᠨ ᠤᠯᠤᠰ ᠬᠦᠷᠳᠡᠯ᠎ᠡ ᠠᠳᠡ ᠪᠦᠷ ᠴᠡᠷᠢᠭ ᠰᠠᠭᠤᠵᠤ᠂ ᠲᠠᠷᠢᠶᠠᠯᠠᠵᠤ ᠪᠠᠢᠬ᠍ᠰᠠᠨ ᠲᠡᠤᠬᠡ᠎ᠲᠠᠢ᠃ ᠲᠡᠯᠡᠬᠡᠢ᠎ᠳᠤ ᠠᠯᠳᠠᠷᠳᠠᠢ ᠬᠠᠷ ᠠ ᠬᠤᠳᠠ᠎ᠶ᠋ᠢᠨ ᠪᠠᠭᠤᠷᠢ ᠠᠳᠡ ᠪᠠᠢᠷᠢᠯᠠᠵᠤ᠂ ᠬᠠᠨ᠂ ᠲᠠᠩ᠂ ᠪᠠᠷᠠᠭᠤᠨ ᠱᠢᠶᠠ᠂ ᠶᠤᠸᠠᠨ ᠤᠯᠤᠰ᠎ᠤᠨ ᠦᠶ᠎ᠡ᠎ᠳᠠᠬᠢ ᠴᠡᠷᠢᠭ ᠲᠠᠢᠨ᠎ᠤ ᠴᠢᠬᠤᠯᠠ ᠰᠠᠭᠤᠷᠢᠨ᠂ ᠲᠤᠷᠭ᠎ᠠ ᠲᠤᠷᠳᠤᠩ᠎ᠤᠨ ᠠᠷᠤ ᠵᠠᠮ ᠲᠡᠭᠡᠷᠡᠬᠢ ᠵᠠᠮ ᠬᠠᠷᠢᠯᠴᠠᠭᠠᠨ᠎ᠤ ᠪᠠᠭᠠᠯᠵᠤᠤᠷ ᠪᠠᠢᠵᠤ᠂ ᠬᠠᠨ ᠤᠯᠤᠰ᠎ᠤᠨ ᠦᠶ᠎ᠡ᠎ᠶ᠋ᠢᠨ ᠲᠡᠤᠬᠡ ᠰᠤᠶᠤᠯ᠎ᠤᠨ ᠦᠯᠡᠳᠡᠭ᠌ᠳᠡᠯ 4 ᠲᠦᠮᠡ ᠭᠠᠷᠤᠢ ᠱᠢᠷᠬᠡᠭ ᠭᠠᠷᠤᠬ᠍ᠰᠠᠨ᠎ᠢᠶᠠᠷ᠂ ᠰᠤᠳᠤᠯᠭᠠᠨ᠎ᠤ ᠡᠳᠡᠭᠡᠳ᠎ᠲᠤ 20 ᠳ᠋ᠤᠭᠠᠷ ᠵᠠᠭᠤᠨ᠎ᠤ ᠴᠢᠬᠤᠯᠠ ᠲᠤᠮᠤ ᠠᠷᠬᠢᠯᠤᠬᠢ᠎ᠶ᠋ᠢᠨ ᠰᠤᠳᠤᠯᠤᠯ᠎ᠤᠨ ᠢᠯᠡᠷᠡᠭᠦᠯᠦᠯᠳᠡ᠎ᠶ᠋ᠢᠨ ᠨᠢᠭᠡ᠎ᠪᠠᠷ ᠦᠨᠡᠯᠡᠭ᠌ᠳᠡᠵᠠᠢ᠃
ᠠᠳᠡ ᠮᠦᠨ 《ᠪᠠᠭᠠᠳᠤᠷᠯᠢᠭ ᠲᠤᠤᠯᠢᠰ》 ᠢ ᠪᠢᠴᠢᠭ᠌ᠯᠡᠭ᠌ᠰᠡᠨ ᠭᠠᠵᠠᠷ᠃ 300 ᠵᠢᠯ᠎ᠤᠨ ᠡᠮᠦᠨ᠎ᠠ᠂ 3.2 ᠲᠦᠮᠡᠨ ᠡᠷᠦᠬᠡ᠂ 17 ᠲᠦᠮᠡ ᠭᠠᠷᠤᠢ ᠲᠤᠷᠭᠤᠳᠴᠤᠳ ᠸᠤᠯᠭ᠎ᠠ ᠮᠦᠷᠡᠨ᠎ᠤ ᠲᠤᠤᠷᠠᠳᠤ ᠤᠷᠤᠰᠭᠠᠯ᠎ᠠᠴᠠ ᠴᠠᠭᠠᠨ ᠤᠷᠤᠰ᠎ᠤᠨ ᠨᠤᠶᠠᠷᠬᠠᠯ᠎ᠠᠴᠠ ᠰᠠᠯᠬᠤ᠎ᠶ᠋ᠢᠨ ᠲᠦᠯᠦᠭᠡ᠂ ᠲᠠᠪᠬᠤᠷ ᠲᠠᠪᠬᠤᠷ ᠠᠶᠤᠯ ᠲᠦᠭ᠌ᠰᠢᠭᠦᠷᠢ᠎ᠶ᠋ᠢ ᠲᠤᠭᠤᠯᠤᠨ᠂ ᠵᠢᠯ ᠭᠠᠷᠤᠢ ᠵᠠᠮᠨᠠᠵᠤ᠂ ᠡᠬᠡ ᠤᠯᠤᠰ᠎ᠤᠨ᠎ᠢᠶᠠᠨ ᠡᠯᠢᠭᠡᠨ᠎ᠳᠤ ᠪᠤᠴᠠᠨ ᠢᠷᠡᠭᠡᠳ᠂ ᠴᠢᠰᠦ ᠨᠢᠯᠪᠤᠰᠤ᠎ᠪᠠᠷ᠎ᠢᠶᠠᠨ 《ᠲᠤᠷᠤᠨᠠᠰᠢ ᠪᠤᠴᠠᠬ᠍ᠰᠠᠨ》 ᠪᠠᠭᠠᠳᠤᠷᠯᠢᠭ ᠲᠡᠤᠬᠡ᠎ᠶ᠋ᠢ ᠪᠦᠳᠦᠭᠡᠪᠡ; ᠲᠡᠭᠡᠷ᠎ᠡ ᠵᠠᠭᠤᠨ᠎ᠤ ᠲᠠᠪᠢ ᠵᠢᠷᠠᠭᠠᠳ ᠤᠨ᠎ᠳᠤ᠂ ᠡᠵᠡᠨ᠎ᠡ ᠨᠤᠳᠤᠭ᠎ᠨᠢ ᠡᠬᠡ ᠤᠯᠤᠰ᠎ᠤᠨ ᠰᠠᠨᠰᠠᠷ ᠠᠶᠠᠯᠠᠯ ᠪᠠ ᠤᠯᠤᠰ᠎ᠤᠨ ᠬᠠᠮᠠᠭᠠᠯᠠᠯᠳᠠ᠎ᠶ᠋ᠢᠨ ᠦᠢᠯᠡᠰ᠎ᠤᠨ ᠲᠦᠯᠦᠭᠡ᠂ ᠭᠤᠷᠪᠠᠨᠳᠠ ᠨᠡᠭᠦᠵᠤ᠂ ᠲᠤᠮᠳᠠᠳᠤ᠎ᠶ᠋ᠢᠨ ᠦᠨᠳᠦᠰᠦᠳᠡᠨ᠎ᠤ ᠵᠠᠭᠤ ᠮᠢᠩᠭᠠᠨ ᠵᠢᠯ᠎ᠤᠨ ᠰᠠᠨᠰᠠᠷ ᠠᠶᠠᠯᠠᠯ᠎ᠤᠨ ᠵᠡᠭᠦᠳᠦ᠎ᠶ᠋ᠢ ᠲᠡᠷᠭᠡᠯᠱᠢᠭᠦᠯᠬᠦ᠌᠎ᠳᠤ ᠬᠦᠮᠦᠨ ᠨᠤᠳᠤᠭ ᠬᠤᠶᠠᠭᠤᠯᠠᠪᠠᠷᠢᠶᠠᠨ ᠭᠠᠪᠢᠶ᠎ᠠ ᠵᠢᠳᠬᠦᠯ ᠦᠵᠡᠭᠦᠯᠦᠭ᠌ᠰᠡᠨ᠎ᠢ ᠲᠡᠤᠬᠡᠨᠡ ᠲᠡᠮᠳᠡᠭ᠌ᠯᠡᠭᠦᠰᠦᠳᠠᠢ᠃
ᠡᠵᠡᠨ᠎ᠡ ᠨᠤᠳᠤᠭ ᠪᠤᠯ ᠠᠮᠢ ᠠᠬᠤᠢ ᠲᠦᠢᠯ᠎ᠤᠨ ᠬᠡᠪᠡᠷᠡᠭ ᠤᠷᠤᠨ ᠪᠤᠯᠤᠨ᠎ᠠ᠃ ᠲᠡᠤᠬᠡᠨ ᠲᠡᠭᠡᠷ ᠡ ᠡᠵᠡᠨ᠎ᠠ ᠪᠤᠯ ᠤᠢ ᠮᠤᠳᠤ ᠢᠬ᠍ᠴᠤᠷᠠᠵᠤ᠂ ᠤᠰᠤ ᠭᠤᠤᠯ ᠤᠷᠤᠰᠤᠬ᠍ᠰᠠᠨ᠂ ᠠᠳᠠᠨ ᠲᠡᠮᠡᠭᠡ ᠤᠯᠠᠭᠠᠢ ᠰᠤᠬᠠᠢ᠎ᠶ᠋ᠢᠨ ᠤᠢ᠎ᠳᠤ ᠤᠷᠤᠪᠠᠯ ᠬᠠᠷᠠᠬ᠍ᠳᠠᠳᠠᠭ ᠦᠭᠡᠢ᠂ ᠠᠬ᠍ᠳᠠ ᠬᠦᠯᠦᠭ᠎ᠲᠠᠢ ᠬᠦᠮᠦᠨ ᠢᠬ᠍ᠴᠢ ᠰᠠᠬᠤᠯᠠᠭ ᠵᠠᠭᠤᠨ ᠲᠤᠮᠳᠠ ᠤᠷᠤᠪᠠᠯ ᠦᠵᠡᠭ᠌ᠳᠡᠳᠡᠭ ᠦᠭᠡᠢ ᠦᠡᠭ᠌ᠭᠡ ᠦᠵᠡᠮᠵᠢᠳᠤ ᠤᠷᠤᠨ ᠪᠠᠢᠷᠢ᠃ ᠭᠡᠶ᠎ᠡ ᠲᠡᠭᠡᠷ᠎ᠡ ᠵᠠᠭᠤᠨ᠎ᠤ ᠲᠠᠪᠢ ᠵᠢᠷᠠᠭᠠᠳ ᠤᠨ᠎ᠠᠴᠠ ᠲᠡᠭᠡᠷᠡᠮᠳᠡᠯᠭᠡ᠎ᠶ᠋ᠢᠨ ᠴᠢᠨᠠᠷᠳᠠᠢ ᠨᠡᠭᠡᠭᠡᠨ ᠠᠱᠢᠬ᠍ᠯᠠᠯᠳᠠ ᠵᠢᠴᠢ ᠪᠠᠢᠭᠠᠯᠢ ᠠᠬᠤᠢ᠎ᠶ᠋ᠢᠨ ᠭᠠᠩᠳᠠᠬ᠍ᠰᠠᠨ ᠱᠢᠯᠳᠠᠭᠠᠨ᠎ᠢᠶᠠᠷ ᠡᠵᠡᠨ᠎ᠡ᠎ᠶ᠋ᠢᠨ ᠠᠮᠢ ᠠᠬᠤᠢ ᠬᠦᠨᠳᠦ ᠨᠤᠴᠢᠳᠠᠢ ᠰᠦᠷᠳᠡᠭᠦᠯᠦᠯ᠎ᠳᠤ ᠤᠴᠠᠷᠠᠵᠤ᠂ ᠤᠷᠭᠤᠮᠠᠯ᠎ᠤᠨ ᠪᠦᠷᠬᠦᠴᠡ ᠡᠪᠳᠡᠭ᠌ᠳᠡᠨ᠂ ᠬᠦᠷᠦᠰᠦ ᠱᠢᠷᠤᠢ᠎ᠶ᠋ᠢᠨ ᠤᠷᠤᠰᠭᠠᠬ᠍ᠳᠠᠯ ᠬᠡᠴᠡᠭᠦᠳᠡᠭᠡᠳ᠂ ᠡᠯᠡᠰᠦᠨ ᠱᠢᠭᠤᠷᠭ᠎ᠠ᠎ᠶ᠋ᠢᠨ ᠡᠬᠢ ᠡᠭᠦᠰᠦᠯ ᠪᠤᠯᠵᠠᠢ᠃ ᠲᠡᠷᠡ ᠦᠶ᠎ᠡ᠎ᠠᠴᠠ ᠡᠬᠢᠯᠡᠵᠤ 《ᠰᠠᠯᠬᠢ ᠱᠢᠪᠧᠷᠢᠶᠡᠠᠴᠠ ᠡᠭᠦᠰᠭᠦ᠎ᠳᠤ᠂ ᠡᠯᠡᠰᠦ ᠡᠵᠡᠨ᠎ᠡ᠎ᠠᠴᠠ ᠪᠤᠰᠤᠨ᠎ᠠ》 ᠭᠡᠬᠦ᠌ ᠠᠮᠠᠨ ᠶᠠᠷᠢᠶ᠎ᠠ ᠪᠤᠢ ᠪᠤᠯᠪᠠ᠃ ᠡᠯᠡᠰᠦᠨ ᠱᠢᠭᠤᠷᠭᠠᠨ᠎ᠢ ᠪᠤᠷᠤᠳᠤᠬᠤᠢ᠂ ᠨᠢᠩᠱᠢᠶᠠ ᠤᠷᠤᠨ ᠲᠡᠷᠡᠴᠢᠯᠡᠨ ᠪᠦᠬᠦ᠋ᠢᠯᠡ ᠤᠮᠠᠷᠠᠳᠤ᠎ᠶ᠋ᠢᠨ ᠠᠮᠢ ᠠᠬᠤᠢ᠎ᠶ᠋ᠢ
ᠰᠦᠷᠳᠡᠭᠦᠯᠵᠠᠢ᠃
ᠠᠮᠢ ᠠᠬᠤᠢ᠎ᠶ᠋ᠢᠨ ᠬᠡᠴᠡᠭᠦᠤ ᠰᠦᠷᠳᠡᠭᠦᠯᠦᠯ᠎ᠤᠨ ᠡᠮᠦᠨ᠎ᠡ᠂ ᠡᠵᠡᠨ᠎ᠡ ᠨᠤᠳᠤᠭ᠎ᠲᠠᠢ ᠲᠤᠷᠭᠤᠳ ᠶᠠᠰᠤᠳᠠᠨᠤ ᠨᠢᠭᠡᠨ ᠮᠤᠩᠭᠤᠯ ᠺᠠᠳ᠋ᠷ ᠡᠵᠡᠨ᠎ᠡ᠎ᠶ᠋ᠢᠨ ᠨᠤᠭᠤᠭᠠᠨ ᠪᠦᠷᠢ᠎ᠳᠤ᠎ᠪᠠᠨ ᠠᠪᠤᠷᠠᠬᠤ᠎ᠶ᠋ᠢᠨ ᠲᠦᠯᠦᠭᠡ᠂ ᠡᠵᠡᠨ᠎ᠡ ᠬᠤᠱᠢᠭᠤᠨ᠎ᠤ ᠲᠠᠷᠤᠭ᠎ᠠ᠂ ᠱᠦᠵᠢ ᠪᠠᠢᠬ᠍ᠰᠠᠨ 18 ᠵᠢᠯ᠎ᠤᠨ ᠬᠤᠭᠤᠴᠠᠭᠠᠨ᠎ᠳᠤ᠂ ᠠᠷᠠᠳ ᠤᠯᠠᠨ᠎ᠢᠶᠠᠨ ᠲᠠᠭᠠᠭᠤᠯᠤᠨ᠂ ᠮᠤᠳᠤ ᠲᠠᠷᠢᠵᠤ ᠤᠢ᠍ᠢᠵᠢᠭᠤᠯᠤᠭᠠᠳ᠂ 《ᠬᠦᠮᠦᠨ ᠤᠬᠤᠷᠢᠵᠤ ᠡᠯᠡᠰᠦ ᠤᠷᠤᠬ᠍ᠰᠢᠯᠠᠬ᠍ᠰᠠᠨ》 ᠪᠠᠢᠳᠠᠯ᠎ᠢ ᠲᠦᠢᠯᠪᠦᠷᠢᠳᠠᠢ ᠬᠤᠪᠢᠷᠠᠭᠤᠯᠤᠬ᠍ᠰᠠᠨᠢᠶᠠᠷ ᠪᠠᠷᠠᠬᠤ ᠦᠭᠡᠢ᠂ ᠡᠯᠡᠰᠦ ᠮᠠᠩᠬ᠎ᠠ᠎ᠠᠴᠠ ᠬᠡᠳᠦᠨ ᠠᠷᠪᠠᠨ ᠲᠦᠮᠡᠨ ᠮᠦ᠍ ᠭᠠᠵᠠᠷ ᠪᠤᠯᠢᠶᠠᠨ ᠠᠪᠴᠤ᠌᠂ ᠨᠤᠭᠤᠭᠠᠨ ᠪᠦᠷᠢ᠎ᠳᠤ ᠬᠤᠪᠢᠷᠭᠠᠵᠠᠢ; ᠲᠡᠷᠡ ᠨᠡᠭᠦᠷᠡᠰᠦᠨ ᠠᠭᠤᠷᠬᠠᠢ ᠪᠠᠢᠭᠤᠯᠵᠤ᠂ ᠡᠵᠡᠨ᠎ᠡ᠎ᠶ᠋ᠢᠨ ᠬᠦᠮᠦᠰ᠎ᠤᠨ ᠵᠠᠭᠤ ᠮᠢᠩᠭᠠᠨ ᠵᠢᠯ᠎ᠢᠶᠠᠷ ᠵᠠᠭ ᠰᠤᠬᠠᠢ ᠱᠢᠳᠠᠭᠠᠵᠤ ᠪᠠᠢᠬ᠍ᠰᠠᠨ ᠲᠡᠤᠬᠡ᠎ᠶ᠋ᠢ ᠡᠴᠦᠰᠯᠡᠭᠦᠯᠵᠤ᠂ ᠪᠠᠢᠭᠠᠯᠢᠭ ᠵᠠᠭᠤᠨ ᠤᠢ᠎ᠶ᠋ᠢ ᠬᠠᠮᠠᠭᠠᠯᠠᠪᠠ; ᠲᠡᠷᠡ ᠬᠠᠷ᠎ᠠ ᠭᠤᠤᠯ᠎ᠤᠨ ᠬᠠᠮᠢᠶᠠᠷᠤᠯᠳᠠ᠎ᠶ᠋ᠢᠨ ᠵᠦᠪᠯᠡᠯ᠎ᠳᠤ ᠭᠤᠶᠤᠴᠢᠯᠠᠵᠤ᠂ ᠡᠵᠡᠨ᠎ᠡ ᠭᠤᠤᠯ᠎ᠳᠤ ᠤᠰᠤ ᠤᠷᠤᠭᠤᠯᠵᠤ᠂ ᠬᠠᠳᠠᠵᠤ ᠦᠬᠦᠬᠦ᠌ ᠱᠢᠬᠠᠬ᠍ᠰᠠᠨ ᠬᠡᠳᠦᠨ ᠵᠠᠭᠤᠨ ᠲᠦᠮᠡᠨ ᠮᠦ᠍᠎ᠶ᠋ᠢᠨ ᠲᠤᠤᠷᠠᠢ᠂ ᠤᠯᠠᠭᠠᠨ ᠰᠤᠬᠠᠢ᠎ᠶ᠋ᠢ ᠠᠪᠤᠷᠠᠵᠠᠢ; ᠲᠡᠷᠡ ᠠᠷᠢᠭᠤᠨ ᠴᠢᠭᠡᠴᠢ᠂ ᠲᠦᠪ ᠭᠤᠤᠯᠴᠢ᠂ ᠠᠷᠠᠳ᠎ᠢᠶᠠᠨ ᠭᠡᠪᠡᠯ ᠦᠷᠦ᠍ ᠵᠢᠷᠦᠬᠡ᠎ᠨᠢ ᠦᠨᠳᠡᠯᠵᠡᠵᠤ᠂ ᠡᠵᠡᠨ᠎ᠡ ᠨᠤᠳᠤᠭ᠎ᠤᠨ ᠨᠡᠢᠭᠡᠮ ᠠᠵᠤ ᠠᠬᠤᠢ᠎ᠶ᠋ᠢᠨ ᠬᠦᠭ᠌ᠵᠢᠯᠳᠡ᠎ᠳᠤ ᠠᠯᠢᠪᠠ ᠪᠦᠬᠦᠨ᠎ᠢᠶᠠᠨ ᠵᠤᠷᠢᠭᠤᠯᠵᠤ᠂ ᠦᠪᠡᠷ᠎ᠤᠨ ᠦᠢᠯᠡ ᠠᠵᠢᠯᠯᠠᠭ᠎ᠠ᠎ᠪᠠᠷ᠎ᠢᠶᠠᠨ ᠨᠡᠢᠭᠡᠮ ᠵᠢᠷᠤᠮ᠎ᠤᠨ ᠭᠤᠤᠯᠯᠠᠬ᠍ᠴᠢ ᠦᠷᠳᠡᠭ᠎ᠤᠨ ᠦᠵᠡᠯᠳᠡ᠎ᠶ᠋ᠢ ᠦᠢᠯᠡᠳᠦᠯᠭᠡᠵᠢᠭᠦᠯᠵᠤ᠂ ᠪᠦᠬᠦ᠌ ᠤᠯᠤᠰ᠎ᠤᠨ 《ᠴᠠᠭ ᠦᠶ᠎ᠡ᠎ᠶ᠋ᠢᠨ ᠬᠡᠪ ᠲᠠᠭᠤᠷᠢᠶᠠᠯ》 ᠢᠶᠠᠷ ᠦᠨᠡᠯᠡᠭ᠌ᠳᠡᠪᠡ᠃
ᠲᠡᠷᠡ ᠵᠢᠩᠬᠢᠨᠢ ᠲᠢᠩᠬᠢᠮ ᠲᠤᠪᠴᠢᠶ᠎ᠠ᠎ᠶ᠋ᠢᠨ ᠲᠡᠰ᠎ᠤᠨ ᠺᠠᠳ᠋ᠷ᠎ᠤᠨ ᠠᠵᠢᠯ᠎ᠤᠨ ᠪᠠᠢᠷᠢ᠎ᠠᠴᠠ ᠬᠤᠶᠠᠷ ᠵᠢᠯ ᠤᠷᠢᠳᠴᠢᠯᠠᠨ ᠠᠮᠠᠷᠠᠵᠤ᠂ ᠶᠡᠭᠡ ᠬᠤᠳᠠ᠎ᠳᠤ ᠠᠮᠠᠷᠠᠵᠤ ᠵᠢᠷᠭᠠᠬᠤ ᠠᠵᠠ ᠲᠤᠬᠢᠶᠠᠯ᠎ᠢᠶᠠᠨ ᠤᠷᠬᠢᠵᠤ᠂ 《ᠲᠤᠭᠤᠳᠠᠭ ᠰᠠᠭᠤᠬᠤ ᠦᠭᠡᠢ᠂ ᠲᠠᠤᠯᠠᠢ ᠪᠠᠭᠠᠬᠤ ᠦᠭᠡᠢ》 ᠬᠠᠷ᠎ᠠ ᠬᠤᠳᠠ᠎ᠶ᠋ᠢᠨ ᠡᠯᠡᠰᠦᠨ᠎ᠳᠤ ᠭᠡᠷ ᠪᠠᠷᠢᠵᠤ ᠰᠠᠭᠤᠷᠢᠱᠢᠭᠠᠳ᠂ ᠵᠠᠭ ᠲᠠᠷᠢᠵᠤ᠂ ᠦᠡᠭ᠌ᠭᠡᠷᠡᠭ᠌ᠰᠡᠨ᠎ᠤ ᠬᠤᠪᠬᠠᠢ ᠡᠯᠡᠰᠦᠳᠤ ᠮᠦᠷ ᠮᠦᠷ ᠪᠢᠳᠡᠭᠦᠮᠵᠢᠯᠡᠯᠳᠡ᠎ᠶ᠋ᠢᠨ ᠤᠢ ᠲᠠᠷᠢᠵᠤ ᠡᠳᠡᠭᠡᠷᠡᠭᠦᠯᠦᠨ᠂ ᠬᠠᠷ᠎ᠠ ᠬᠤᠳᠠ ᠵᠦᠭ ᠭᠠᠯᠵᠠᠭᠤᠷᠠᠨ ᠲᠠᠭᠠᠷᠢᠬ᠍ᠰᠠᠨ ᠲᠤᠬ᠍ᠰᠢᠨ ᠡᠯᠡᠰᠦ᠎ᠶ᠋ᠢ ᠴᠢᠳᠦᠷᠯᠡᠭ᠌ᠰᠡᠨ ᠪᠠᠢᠨ᠎ᠠ᠃
ᠡᠨᠡ ᠬᠦᠮᠦᠨ ᠪᠤᠯ ᠠᠯᠠᠱᠠ ᠠᠢᠮᠠᠭ᠎ᠤᠨ ᠤᠯᠤᠰ ᠲᠦᠷᠦ᠎ᠶ᠋ᠢᠨ ᠵᠦᠪᠯᠡᠯᠭᠡᠨ᠎ᠤ ᠤᠤᠯ᠎ᠤᠨ ᠲᠡᠷᠢᠭᠦᠯᠡᠭ᠌ᠴᠢ ᠰᠦᠬᠡ ᠪᠤᠯᠤᠨ᠎ᠠ᠃
ᠡᠵᠡᠨ᠎ᠡ ᠨᠤᠳᠤᠭᠲᠤ᠌᠂ ᠨᠢᠭᠡ ᠵᠦᠢᠯ᠎ᠤᠨ ᠲᠡᠯᠡᠬᠡᠢ᠎ᠳᠤ ᠬᠤᠪᠤᠷᠬᠠᠨ ᠮᠤᠳᠤ ᠤᠷᠭᠤᠳᠠᠭ᠃ ᠲᠠᠷᠠ᠎ᠨᠢ ᠲᠠᠷᠤᠢ ᠲᠤᠤᠷᠠᠢ ᠪᠤᠯᠤᠨ᠎ᠠ᠃ 《ᠤᠷᠭᠤᠭᠠᠳ ᠮᠢᠩᠭᠠᠨ ᠵᠢᠯ ᠦᠬᠦᠬᠦ᠌ ᠦᠭᠡᠢ᠂ ᠦᠬᠦᠭᠡᠳ ᠮᠢᠩᠭᠠᠨ ᠵᠢᠯ ᠤᠨᠠᠬᠤ ᠦᠭᠡᠢ᠂ ᠤᠨᠠᠭᠠᠳ ᠮᠢᠩᠭᠠᠨ ᠵᠢᠯ ᠦᠵᠢᠷᠠᠬᠦ᠌ ᠦᠭᠡᠢ》᠃ ᠡᠢᠮᠤ ᠪᠤᠯᠬᠤᠷ ᠡᠨᠡ ᠨᠤᠳᠤᠭ᠎ᠲᠤ ᠠᠪᠴᠤ᠌ ᠬᠡᠯᠡᠪᠡᠯ ᠲᠤᠤᠷᠠᠢ᠎ᠨᠢ ᠲᠠᠷᠤᠢ ᠠᠭᠤᠤ ᠶᠡᠭᠡ ᠵᠤᠷᠢᠭ ᠰᠠᠨᠠᠭᠠᠨ᠎ᠤ ᠪᠦᠷᠢᠯᠸ᠎ᠠ ᠪᠠᠢᠵᠤ ᠲᠠᠭᠠᠷᠠᠨ᠎ᠠ᠃ ᠰᠦᠬᠡ ᠡᠪᠦᠭᠡᠨ ᠡᠨᠡᠬᠦ᠌ ᠵᠤᠷᠢᠭ ᠰᠠᠨᠠᠭ᠎ᠠ᠎ᠶ᠋ᠢ ᠦᠪᠡᠷ ᠪᠡᠶ᠎ᠡ᠎ᠳᠡᠭᠡᠨ ᠠᠭᠤᠰᠭᠠᠨ ᠱᠢᠩᠭᠡᠭᠡᠵᠤ᠂ ᠡᠵᠡᠨ᠎ᠡ ᠨᠤᠳᠤᠭ᠎ᠤᠨ᠎ᠢᠶᠠᠨ ᠠᠮᠢ ᠠᠬᠤᠢ᠎ᠶ᠋ᠢᠨ ᠲᠦᠯᠦᠭᠡ ᠦᠬᠦᠳᠡᠯ᠎ᠡ ᠵᠢᠳᠬᠦᠬᠦ᠌ ᠲᠠᠩᠭᠠᠷᠢᠭ ᠲᠠᠯᠪᠢᠬ᠍ᠰᠠᠨ᠎ᠠᠴᠠ ᠲᠡᠷᠡ ᠠᠷᠠᠳ ᠤᠯᠠᠨ᠎ᠤ᠎ᠪᠠᠨ ᠬᠦᠨᠳᠦᠳᠭᠡᠯ ᠪᠢᠱᠢᠷᠡᠯ᠎ᠢ ᠤᠯᠵᠤ᠂ 《ᠡᠯᠡᠰᠦ ᠵᠠᠰᠠᠬ᠍ᠰᠠᠨ ᠲᠡᠨᠡᠭ ᠡᠪᠦᠭᠡᠨ》᠂ 《ᠶᠡᠭᠡ ᠡᠯᠡᠰᠦᠨ᠎ᠳᠠᠬᠢ ᠮᠦᠡᠭ᠌ᠭᠡᠶ᠋ᠢᠨ ᠲᠤᠤᠷᠠᠢ》 ᠬᠡᠮᠡᠨ ᠰᠠᠢᠬᠠᠨ ᠠᠯᠳᠠᠷ ᠬᠦᠷᠳᠡᠪᠡ᠃
ᠰᠦᠬᠡ ᠦᠪᠡᠷ᠎ᠤᠨ ᠦᠢᠯᠡ ᠠᠵᠢᠯᠯᠠᠭ᠎ᠠ᠎ᠪᠠᠷ᠎ᠢᠶᠠᠨ ᠨᠢᠭᠡᠨ ᠡᠪ ᠬᠠᠮᠳᠤ ᠨᠠᠮ᠎ᠤᠨ ᠭᠡᠱᠢᠭᠦᠨ᠂ ᠤᠳᠤᠷᠢᠳᠭᠤ ᠺᠠᠳ᠋ᠷ᠎ᠤᠨ ᠬᠡᠪ ᠲᠠᠭᠤᠷᠢᠶᠠᠯ᠎ᠢ ᠱᠤᠭᠤᠵᠤ᠂ ᠨᠡᠢᠭᠡᠮ ᠵᠢᠷᠤᠮ᠎ᠤᠨ ᠭᠤᠤᠯᠯᠠᠬ᠍ᠴᠢ ᠦᠷᠳᠡᠭ᠎ᠤᠨ ᠦᠵᠡᠯᠳᠡ᠎ᠶ᠋ᠢ ᠭᠦᠨᠵᠡᠭᠡᠢ ᠲᠠᠢᠯᠪᠤᠷᠢᠯᠠᠵᠠᠢ᠃ ᠲᠡᠭᠦᠨ᠎ᠤ ᠲᠠᠢᠴᠢᠯᠠᠭᠠ ᠲᠤᠤᠷ᠎ᠠ ᠡᠵᠡᠨ᠎ᠡ ᠨᠤᠳᠤᠭ᠎ᠲᠤ ᠲᠡᠭᠦᠨ᠎ᠤ ᠤᠯᠠ ᠮᠦᠷ᠎ᠢᠶᠠᠷ ᠨᠡᠩ ᠤᠯᠠᠨ 《ᠡᠯᠡᠰᠦ᠎ᠶ᠋ᠢ ᠵᠠᠰᠠᠬ᠍ᠰᠠᠨ ᠲᠡᠨᠡᠭ ᠡᠪᠦᠭᠡᠨ》 ᠴᠤᠯᠭᠤᠷᠠᠬ᠍ᠰᠠᠭᠠᠷ ᠪᠠᠢᠨ᠎ᠠ ᠁
《ᠤᠤᠳ᠋ ᠁》
ᠮᠢᠩᠭ᠎ᠠ ᠭᠠᠷᠤᠢ ᠺᠢᠯᠤᠮᠧᠲᠷ ᠲᠡᠪᠬᠢᠬ᠍ᠰᠠᠨ ᠭᠠᠯᠳᠤ ᠲᠡᠷᠭᠡ ᠠᠮᠢᠰᠭᠤᠭ᠎ᠠ ᠠᠪᠬᠤ ᠭᠡᠰᠡᠨ ᠴᠤ᠌ ᠶᠤᠮ ᠤᠤ᠂ ᠡᠰᠡᠬᠦᠯ᠎ᠡ ᠡᠴᠦᠰ᠎ᠤᠨ ᠦᠷᠳᠡᠭᠡ ᠬᠦᠷᠴᠤ᠌ ᠰᠠᠨᠠᠭ᠎ᠠ ᠠᠮᠠᠷᠠᠯ᠎ᠠ ᠭᠡᠰᠡᠨ ᠴᠤ᠌ ᠪᠤᠯᠪᠠᠤ ᠤᠤ᠂ ᠪᠤᠤ ᠮᠡᠳᠡ᠂ ᠤᠷᠳᠤ ᠭᠡᠭ᠌ᠴᠢ ᠤᠭᠤᠬᠢᠯᠠᠬ᠍ᠰᠠᠨᠢᠶᠠᠨ᠂ ᠲᠡᠷᠡ ᠲᠡᠮᠦᠷ᠂ ᠲᠤᠷᠮᠤᠰᠤᠯᠠᠭᠤᠷ᠎ᠤᠨ ᠬᠤᠭᠤᠷᠤᠨᠳᠤᠬᠢ ᠴᠢᠬᠢ ᠭᠠᠳᠠᠮ᠎ᠠ ᠵᠢᠵᠢᠬᠢᠨᠡᠬ᠍ᠰᠡᠨ ᠲᠠᠭᠤᠨ᠎ᠤ ᠲᠤᠮᠳᠠ ᠬᠤᠷᠳᠤᠴᠠ ᠬᠠᠰᠤᠬ᠍ᠰᠠᠭᠠᠷ ᠲᠠᠯᠠᠢᠬᠦ᠋ᠪ ᠦᠷᠳᠡᠭᠡᠨ᠎ᠳᠤ ᠤᠷᠤᠵᠤ ᠵᠤᠬ᠍ᠰᠤᠯᠠ᠃
ᠬᠠᠷᠢᠬᠤ ᠰᠡᠳᠭᠢᠯ ᠬᠠᠷᠪᠤᠬ᠍ᠰᠠᠨ ᠰᠤᠮᠤ ᠭᠡᠳᠡᠭ᠎ᠨᠢ ᠦᠨᠡᠳᠠᠢ᠃ ᠴᠠᠭ ᠭᠠᠷᠤᠢ᠎ᠶ᠋ᠢᠨ ᠡᠮᠦᠨ᠎ᠡ᠎ᠠᠴᠠ ᠲᠤᠬ᠍ᠳᠠᠪᠤᠷᠢ ᠠᠯᠳᠠᠵᠤ᠂ ᠤᠷᠤᠨ ᠭᠠᠷᠤᠨ ᠶᠠᠭᠤᠮ᠎ᠠ ᠬᠡᠤᠮ᠎ᠡ᠎ᠪᠠᠨ ᠲᠢᠭ᠌ᠯᠡᠵᠤ᠂ ᠭᠦᠭ᠌ᠰᠢᠨ ᠳ᠋ᠧᠯᠢᠭᠢᠶᠠᠷᠢᠶᠠᠨ 《70 ᠱᠢᠬᠠᠵᠤ ᠪᠠᠢᠭᠠᠳ ᠪᠠᠰᠠ ᠵᠠᠯᠠᠭᠤ ᠬᠦᠮᠦᠨ ᠱᠢᠭ ᠤᠷᠤᠨ ᠰᠠᠭᠤᠷᠢ᠎ᠪᠠᠨ ᠠᠯᠳᠠᠭᠠᠳ ᠪᠠᠢᠬᠤ ᠶᠤᠮ》 ᠭᠡᠵᠤ ᠬᠦᠭᠡᠷᠦᠬᠦᠢ ᠵᠠᠩᠨᠠᠭᠤᠯᠤᠬ᠍ᠰᠠᠨ ᠰᠦᠬᠡ ᠡᠪᠦᠭᠡᠨ ᠪᠤᠬ᠍ᠴᠤ ᠪᠠᠭᠤᠳᠠᠯ᠎ᠢᠶᠠᠨ ᠱᠢᠭᠦᠷᠴᠤ᠌᠂ ᠬᠦᠭ᠌ᠰᠢᠨᠲᠠᠢᠪᠠᠨ ᠸᠠᠭᠤᠨᠤ ᠡᠭᠦᠳᠡ ᠵᠦᠭ ᠲᠦᠭᠦᠯᠠ᠃
ᠲᠡᠷᠭᠡᠨ ᠭᠠᠳᠠᠨ᠎ᠠ ᠬᠠᠳᠠᠬ ᠲᠡᠯᠭᠡᠭ᠌ᠰᠡᠨ᠂ ᠰᠤᠷᠭᠤᠭ ᠴᠡᠴᠡᠭ ᠪᠠᠷᠢᠬ᠍ᠰᠠᠨ ᠤᠯᠠᠨ ᠬᠦᠮᠦᠨ ᠴᠤᠬ᠍ᠯᠠᠬ᠍ᠰᠠᠨᠨᠢ ᠲᠡᠳᠡᠨᠡᠷ᠎ᠢ ᠤᠬ᠍ᠳᠤᠬᠤ᠎ᠪᠠᠷ ᠢᠷᠡᠭ᠌ᠰᠡᠨ᠎ᠢ ᠰᠦᠭᠡ ᠪᠦᠷᠢᠨ ᠭᠠᠳᠠᠷᠯᠠᠪᠠ᠃ ᠲᠡᠷᠭᠡᠨ ᠡᠭᠦᠳᠡ᠎ᠪᠠᠷ ᠪᠠᠭᠤᠬᠤ᠎ᠲᠠᠢ ᠵᠡᠷᠭᠡ ᠬᠦᠮᠦᠰ᠎ᠤᠨ ᠬᠠᠯᠠᠭᠤᠨ ᠠᠯᠠᠭ᠎ᠠ ᠲᠠᠱᠢᠯᠳᠠ ᠨᠢᠵᠢᠭᠢᠨᠡᠵᠤ᠂ ᠰᠦᠬᠡ ᠳ᠋ᠧᠯᠢᠭ ᠬᠤᠶᠠᠭᠤᠯᠠ᠎ᠳᠤ ᠬᠠᠳᠠᠭ ᠲᠡᠪᠱᠢᠭᠦᠯᠦᠨ ᠰᠤᠷᠭᠤᠬ ᠴᠡᠴᠡᠭ ᠬᠦᠷᠭᠡᠬᠦ᠌᠎ᠶ᠋ᠢᠨ ᠬᠠᠮᠳᠤ᠂ ᠡᠵᠡᠨ᠎ᠡ ᠬᠤᠱᠢᠭᠤᠨ᠎ᠤ ᠱᠦᠵᠢ᠂ ᠬᠤᠱᠢᠭᠤᠨ ᠲᠠᠷᠤᠭ᠎ᠠ ᠲᠦᠷᠦᠭᠦᠳᠠᠢ ᠮᠠᠰᠢ ᠤᠯᠠᠨ ᠬᠦᠮᠦᠨ ᠭᠠᠷ ᠠᠳᠭᠤᠨ ᠮᠡᠨᠳᠦᠯᠡᠵᠤ᠂ ᠪᠠᠶᠠᠷ ᠬᠦᠷᠭᠡᠨ᠎ᠡ᠃
ᠨᠡᠢᠰᠯᠡᠯ ᠪᠡᠭᠡᠵᠢᠩ᠎ᠳᠤ ᠬᠦᠷᠴᠤ᠌ 《ᠪᠦᠬᠦ᠌ ᠤᠯᠤᠰ᠎ᠤᠨ ᠴᠠᠭ ᠦᠶ᠎ᠡ᠎ᠶ᠋ᠢᠨ ᠬᠡᠪ ᠲᠠᠭᠤᠷᠢᠶᠠᠯ》 ᠤᠨ ᠢᠷᠠᠭᠤ ᠠᠯᠳᠠᠷ᠎ᠢ ᠬᠦᠷᠳᠡᠭᠡᠳ ᠢᠷᠡᠭ᠌ᠰᠡᠨ ᠲᠡᠭᠦᠨ᠎ᠳᠤ ᠠᠪᠴᠤ᠌ ᠬᠡᠯᠡᠪᠡᠯ᠂ ᠡᠨᠡᠬᠦ᠌ ᠤᠬ᠍ᠳᠤᠬᠤ ᠶᠤᠰᠤᠯᠠᠯ᠎ᠨᠢ ᠪᠠᠷᠢᠮᠵᠢᠶ᠎ᠠ᠎ᠠᠴᠠ ᠬᠡᠳᠦᠷᠡᠭᠡ ᠦᠭᠡᠢ᠎ᠨᠢ ᠦᠨᠡᠨᠳᠠᠢ᠃ ᠭᠡᠪᠡᠴᠤ᠌ ᠨᠢᠭᠡ ᠨᠠᠰᠤ᠎ᠪᠠᠷ᠎ᠢᠶᠠᠨ ᠤᠳᠤᠷᠢᠳᠤᠯᠭ᠎ᠠ᠎ᠶ᠋ᠢᠨ ᠪᠠᠢᠷᠢᠨ᠎ᠳᠤ ᠠᠵᠢᠯᠯᠠᠭᠠᠳ᠂ ᠤᠯᠠᠨ ᠤᠯᠠᠨ ᠠᠯᠪᠠᠨ ᠲᠠᠯᠠᠪᠠᠢ᠎ᠶ᠋ᠢ ᠦᠡᠭ᠌ᠭᠡᠷᠡᠭᠡᠭ᠌ᠰᠡᠨ ᠴᠤ᠌ ᠡᠢᠮᠤ ᠶᠤᠰᠤᠯᠠᠯ᠎ᠳᠤ ᠠᠩᠬ᠎ᠠ ᠲᠤᠯᠭᠠᠷᠠᠬ᠍ᠰᠠᠨ ᠲᠡᠷᠡ ᠵᠢᠭᠠᠬᠠᠨ ᠡᠪ ᠦᠭᠡᠢᠷᠡᠵᠤ᠄ 《ᠲᠠ ᠪᠦᠬᠦᠨ᠎ᠳᠡᠭᠡᠨ ᠪᠠᠶᠠᠷᠯᠠᠵᠤ ᠪᠠᠢᠨ᠎ᠠ᠂ ᠡᠨᠡ ᠢᠷᠠᠭᠤ ᠠᠯᠳᠠᠷ ᠪᠦᠬᠦ᠌ ᠡᠵᠡᠨ᠎ᠡ ᠬᠤᠱᠢᠭᠤᠨ᠎ᠤ ᠭᠡᠵᠤ ᠶᠠᠷᠢᠨ᠎ᠡ》᠃
ᠤᠬ᠍ᠳᠤᠯᠭᠠᠶ᠋ᠢᠨ ᠶᠤᠰᠤᠯᠠᠯ ᠬᠠᠯᠠᠭᠤᠨ ᠲᠤᠯᠠᠭᠠᠨ᠂ ᠬᠦᠷ ᠬᠦᠭ᠌ᠵᠢᠶᠡᠨ᠎ᠲᠠᠢ ᠪᠦᠭᠡᠳ ᠤᠬᠤᠷ ᠠᠪᠰᠠᠷᠬᠠᠨ᠃ ᠨᠤᠳᠤᠭ᠎ᠤᠨ᠎ᠢᠶᠠᠨ ᠠᠮᠢᠰᠭᠤᠭ᠎ᠠ᠎ᠶ᠋ᠢ ᠠᠪᠤᠬ᠍ᠰᠠᠨ ᠰᠦᠬᠡ᠎ᠶ᠋ᠢᠨ ᠨᠢᠭᠤᠷ ᠴᠢᠷᠠᠢ ᠲᠡᠭᠡᠷ᠎ᠡ᠎ᠨᠢ ᠶᠠᠳᠠᠷᠠᠯ ᠵᠦᠳᠡᠷᠡᠯ ᠤᠷᠤ ᠮᠦᠷ ᠦᠭᠡᠢ ᠠᠷᠢᠯᠵᠠᠢ᠃ ᠦᠳᠡ ᠶᠡᠭᠡ ᠬᠡᠯᠪᠠᠢᠭ᠌ᠰᠡᠨᠠᠴᠠ ᠮᠠᠰᠢ ᠤᠯᠠᠨ ᠬᠦᠮᠦᠰ ᠰᠦᠬᠡ ᠵᠢᠴᠢ ᠬᠦᠭ᠌ᠰᠢᠨᠢᠨᠢ ᠬᠤᠭᠤᠯᠠᠨ᠎ᠳᠤ ᠤᠷᠤᠭᠤᠯᠬᠤ᠎ᠪᠠᠷ ᠵᠠᠯᠠᠯᠭ᠎ᠠ ᠲᠠᠯᠪᠢᠪᠠ᠃
— ᠬᠠᠷᠢᠬᠤ ᠦᠭᠡᠢ ᠯᠡ ᠪᠤᠯᠬᠤ ᠦᠭᠡᠢ᠂ ᠭᠠᠷᠴᠤ᠌ ᠢᠷᠡᠭᠡᠳ ᠭᠠᠷᠠᠭ ᠱᠢᠬᠠᠭᠤ ᠪᠤᠯᠴᠢᠬᠠᠯ᠎ᠠ᠂ ᠮᠢᠨᠤ ᠮᠠᠭᠤ ᠠᠮᠢᠨᠳᠠᠢᠨᠤᠭᠤᠳ ᠮᠢᠨᠢ ᠶᠠᠭᠠᠬᠢᠵᠤ ᠪᠠᠢᠬᠤ᠎ᠶ᠋ᠢ ᠮᠡᠳᠡᠬᠦ᠌ ᠦᠭᠡᠢ᠃
ᠤᠯᠠᠨ᠎ᠤ ᠰᠡᠳᠭᠢᠯ ᠬᠡᠴᠢᠨᠡᠨ ᠵᠤᠴᠢᠨᠰᠠᠭ ᠬᠠᠯᠠᠭᠤᠨ ᠪᠠᠢᠬ᠍ᠰᠠᠨ ᠴᠤ᠌᠂ ᠰᠦᠬᠡ᠎ᠶ᠋ᠢᠨ ᠬᠠᠷᠢᠬᠤ ᠪᠤᠳᠤᠯ᠎ᠢ ᠬᠤᠪᠢᠷᠠᠭᠤᠯᠵᠤ ᠴᠢᠳᠠᠬ᠍ᠰᠠᠨ ᠦᠭᠡᠢ᠃ ᠲᠡᠷᠡ ᠲᠠᠯᠠᠢᠬᠦ᠋ᠪ ᠪᠠᠯᠭᠠᠰᠤᠨ᠎ᠳᠤ ᠰᠠᠭᠤᠭ᠎ᠠ ᠡᠭᠡᠴᠢ᠎ᠶ᠋ᠢᠨ᠎ᠳᠡᠭᠡᠨ ᠤᠷᠤᠵᠤ᠂ ᠬᠤᠶᠠᠷ ᠠᠶᠠᠭ᠎ᠠ ᠬᠠᠯᠠᠭᠤᠨ ᠴᠠᠢ ᠪᠠᠯᠭᠤᠵᠤ᠂ ᠪᠡᠭᠡᠵᠢᠩ᠎ᠳᠤ ᠬᠦᠷᠦᠭ᠌ᠰᠡᠨ ᠤᠴᠢᠷᠤᠳᠢᠶᠠᠨ ᠵᠤᠭᠤᠭ ᠪᠤᠯᠭᠠᠵᠤ ᠶᠠᠷᠢᠬ᠍ᠰᠠᠨ᠎ᠢᠶᠠᠨ ᠲᠡᠷᠭᠡ᠎ᠪᠠᠨ ᠭᠠᠯᠯᠠᠵᠤ᠂ ᠬᠠᠷ᠎ᠠ ᠬᠤᠳᠠ ᠵᠦᠭ᠎ᠢᠶᠠᠨ ᠲᠠᠪᠬᠢᠭᠤᠯᠪᠠ᠃
4 ᠰᠠᠷ᠎ᠠ᠎ᠶ᠋ᠢᠨ 22 ᠤ ᠡᠳᠦᠷ᠂ ᠪᠡᠭᠡᠵᠢᠩ ᠵᠦᠭ ᠮᠤᠷᠳᠠᠬ᠍ᠰᠠᠨ᠎ᠠᠴᠠ ᠪᠤᠳᠤᠵᠤ ᠦᠵᠡᠪᠡᠯ ᠶᠠᠬ ᠨᠢᠭᠡ ᠭᠠᠷᠠᠭ ᠪᠤᠯᠴᠢᠬᠠᠬ᠍ᠰᠠᠨ ᠪᠠᠢᠯ᠎ᠠ᠃ ᠤᠯᠤᠰ᠎ᠤᠨ ᠨᠡᠢᠰᠯᠡᠯ᠂ ᠤᠷᠤᠨ᠎ᠤ ᠲᠦᠪ᠂ ᠵᠤᠴᠢᠳ᠎ᠤᠨ ᠪᠠᠭᠤᠳᠠᠯ᠂ ᠭᠠᠯᠳᠤ ᠲᠡᠷᠭᠡᠨ ᠲᠡᠭᠡᠷ᠎ᠡ ᠲᠡᠭᠦᠨ᠎ᠤ ᠠᠮᠢᠨᠳᠠᠢ ᠭᠡᠭ᠌ᠳᠡᠭ᠌ᠰᠡᠨ ᠵᠠᠭᠤᠨ ᠤᠢ᠎ᠨᠢ ᠪᠤᠳᠤᠯ᠎ᠠᠴᠠ᠎ᠨᠢ ᠭᠠᠷᠴᠤ᠌ ᠦᠡᠭ᠌ᠭᠡᠷᠡᠭ᠌ᠰᠡᠨ ᠦᠭᠡᠢ᠃
— ᠬᠠᠳᠠᠵᠤ ᠦᠬᠦᠭ᠌ᠰᠡᠨ ᠦᠭᠡᠢ ᠪᠢᠵᠠ⁈
— ᠬᠠᠷ᠎ᠠ ᠰᠠᠯᠬᠢᠨ᠎ᠳᠤ ᠦᠨᠳᠦᠰᠦ᠎ᠪᠠᠨ ᠨᠤᠯ᠎ᠳᠤ ᠴᠤᠬᠢᠭᠤᠯᠤᠭᠠ ᠦᠭᠡᠢ ᠪᠠᠢᠬᠤ⁈
— ᠲᠡᠮᠡᠭᠡ ᠮᠠᠯ ᠵᠠᠭᠤᠨ ᠲᠠᠷᠢᠶᠠᠨ᠎ᠳᠤ ᠤᠷᠤᠬ᠍ᠰᠠᠨ ᠦᠭᠡᠢ ᠪᠠ ᠁
ᠬᠦᠮᠦᠨ ᠭᠡᠵᠤ ᠰᠤᠨᠢᠨ᠂ ᠡᠪᠡᠰᠦ ᠮᠤᠳᠤ᠂ ᠤᠷᠭᠤᠮᠠᠯ ᠲᠠᠷᠢᠮᠠᠯ᠎ᠲᠠᠢ ᠴᠤ᠌ ᠬᠠᠢᠷ᠎ᠠ ᠰᠡᠳᠭᠢᠯᠭᠡ᠎ᠲᠠᠢ ᠪᠤᠯᠴᠢᠬᠠᠳᠠᠭ᠎ᠨᠢ ᠬᠠᠴᠢᠨ᠃ ᠭᠡᠶ᠎ᠡ ᠡᠳᠡᠭᠡᠷ ᠵᠠᠭᠢ ᠲᠡᠷᠡ ᠠᠷᠪᠠᠨ ᠵᠢᠯ᠎ᠤᠨ ᠬᠦᠴᠦ᠍ ᠬᠦᠯᠦᠰᠦ᠂ ᠨᠢᠮᠪᠠᠢ ᠠᠷᠠᠴᠢᠯᠠᠭᠠᠪᠠᠷᠢᠶᠠᠨ ᠪᠤᠢᠵᠢᠭᠤᠯᠵᠤ ᠦᠰᠭᠡᠭ᠌ᠰᠡᠨ᠎ᠳᠡᠭᠡᠨ ᠬᠠᠢᠷ᠎ᠠ ᠦᠭᠡᠢ ᠶᠠᠭᠠᠬᠢᠪ᠃
ᠬᠠᠷ᠎ᠠ ᠬᠤᠳᠠ᠎ᠶ᠋ᠢᠨ ᠰᠠᠭᠤᠷᠢᠱᠢᠯ᠎ᠳᠠᠭᠠᠨ ᠬᠦᠷᠬᠦ᠌᠎ᠳᠤ᠂ ᠦᠳᠡᠰᠢ᠎ᠶ᠋ᠢᠨ 6 ᠴᠠᠭ ᠤᠢ᠍ᠢᠷᠠᠳᠤᠬ᠍ᠰᠠᠨ ᠪᠠᠢᠯ᠎ᠠ᠃ ᠲᠡᠷᠭᠡᠨ᠎ᠠᠴᠠ᠎ᠪᠠᠨ ᠪᠠᠭᠤᠮᠠᠬ᠍ᠴᠠ᠂ ᠠᠵᠢᠯ᠎ᠤᠨ ᠬᠤᠪᠴᠠᠰᠤ᠎ᠪᠠᠨ ᠰᠤᠯᠢᠬᠤ᠎ᠳᠤᠨᠢ᠂ ᠬᠦᠭ᠌ᠰᠢᠨ᠎ᠨᠢ ᠳ᠋ᠧᠯᠢᠭ᠄ 《ᠬᠡᠳᠦᠨ ᠮᠢᠩᠭᠠᠨ ᠭᠠᠵᠠᠷ ᠶᠠᠪᠤᠭᠠᠳ ᠢᠷᠡᠭ᠌ᠰᠡᠨ ᠱᠢᠤ᠂ ᠪᠡᠶ᠎ᠡ᠎ᠪᠠᠨ ᠲᠡᠮᠦᠷ ᠬᠦᠮᠦᠨ ᠭᠡᠵᠤ ᠪᠤᠳᠤᠵᠤ ᠪᠠᠢᠨ᠎ᠠ ᠤᠤ᠂ ᠮᠠᠷᠭᠠᠰᠢ᠎ᠳᠠᠭᠠᠨ ᠪᠤᠯᠴᠢᠬᠠ》 ᠭᠡᠵᠤ ᠢᠳᠭᠠᠨᠠ᠃
— ᠬᠡᠳᠦᠨ ᠡᠳᠦᠷ ᠠᠵᠢᠯ ᠬᠢᠭ᠌ᠰᠡᠨ ᠦᠭᠡᠢ ᠬᠠᠮᠤᠭ ᠪᠡᠶ᠎ᠡ ᠠᠳᠭᠤᠷᠠᠵᠤ ᠬᠦᠱᠢᠵᠤ ᠪᠠᠢᠨ᠎ᠠ᠂ ᠨᠢᠭᠡ ᠰᠠᠢᠨ ᠬᠦᠯᠦᠰᠦ ᠭᠠᠷᠤᠭᠠᠳ ᠢᠷᠡᠶ᠎ᠠ᠂ ᠴᠢ ᠤᠷᠤᠢ᠎ᠶ᠋ᠢᠨ ᠬᠤᠭᠤᠯᠠ᠎ᠪᠠᠨ ᠪᠡᠯᠡᠳᠭᠡᠵᠤ ᠪᠠᠢ ᠭᠡᠳ ᠰᠦᠬᠡ ᠬᠦᠷᠵᠡ ᠠᠳᠭᠤᠭᠠᠳ ᠭᠠᠷᠤᠯ᠎ᠠ ᠁
ᠡᠮᠦᠨᠡᠬᠡᠨ ᠲᠠᠷᠢᠬ᠍ᠰᠠᠨ ᠬᠡᠳᠦᠨ ᠵᠠᠭᠤᠨ ᠰᠠᠭᠤᠷᠢ ᠵᠠᠭ᠎ᠨᠢ ᠪᠦᠷ ᠮᠡᠨᠳᠤ ᠰᠠᠢᠬᠠᠨ᠎ᠢᠶᠠᠷ᠎ᠢᠶᠠᠨ ᠪᠠᠢᠯ᠎ᠠ᠃ ᠰᠦᠬᠡ 7 ᠬᠤᠳᠳᠤᠭ᠎ᠤᠨ᠎ᠢᠶᠠᠨ ᠴᠠᠬᠢᠯᠭᠠᠨ ᠨᠡᠭᠡᠭᠡᠯᠳᠡ᠎ᠶ᠋ᠢ ᠨᠡᠭᠡᠭᠡᠵᠤ᠂ ᠵᠠᠭ ᠮᠤᠳᠤᠨ᠎ᠳᠠᠭᠠᠨ ᠤᠰᠤ ᠵᠠᠯᠠᠪᠠ᠃ ᠭᠤᠤᠷᠰᠤᠨ ᠬᠤᠭᠤᠯᠠᠢ᠎ᠪᠠᠷ ᠪᠤᠷᠬᠢᠯᠤᠨ ᠭᠠᠷᠬᠤ ᠤᠰᠤ ᠵᠠᠬ ᠪᠦᠷᠢ᠎ᠶ᠋ᠢᠨ ᠦᠨᠳᠦᠰᠦ ᠤᠷᠤᠭᠤ ᠱᠢᠮᠡᠳᠬᠦ᠌ᠶ᠋ᠢ ᠬᠠᠷᠠᠬ᠍ᠰᠠᠨ ᠲᠡᠷᠡ ᠱᠢᠬᠢᠷ ᠭᠦᠯᠭᠦᠭ᠌ᠰᠡᠨ ᠬᠡᠤᠬᠡᠳ ᠱᠢᠭ ᠵᠢᠷᠭᠠᠯ᠎ᠲᠠᠢ ᠮᠦᠱᠢᠶᠡᠨᠡ᠃ ᠵᠠᠪᠰᠠᠷ᠎ᠲᠤ᠎ᠨᠢ ᠬᠦᠷᠵᠡ᠎ᠪᠠᠨ ᠡᠭᠦᠷᠴᠤ᠌᠂ ᠰᠡᠷᠡᠯᠵᠢᠨ ᠬᠦᠷᠢᠶ᠎ᠡ᠎ᠪᠠᠨ ᠲᠤᠭᠤᠷᠢᠨ ᠦᠵᠡᠯ᠎ᠠ᠃ ᠬᠤᠳᠠ᠎ᠶ᠋ᠢᠨ ᠴᠠᠷᠳᠠᠮᠠᠯ ᠵᠠᠮ᠎ᠢᠶᠠᠷ ᠬᠡᠳᠦᠨ ᠡᠳᠦᠷ ᠬᠦᠯ ᠴᠢᠯᠡᠳᠠᠯᠠ ᠶᠠᠪᠤᠬ᠍ᠰᠠᠨ ᠲᠡᠭᠦᠨ᠎ᠳᠤ᠂ ᠤᠯᠠ ᠲᠤᠤᠷ᠎ᠠ᠎ᠨᠢ ᠨᠡᠮᠡᠯᠵᠡᠬᠦ᠌ ᠱᠢᠷᠭᠠᠯ ᠡᠯᠡᠰᠦ ᠵᠦᠭᠡᠯᠡᠨ ᠲᠠᠭᠠᠳᠠᠢ ᠰᠠᠨᠠᠬ᠍ᠳᠠᠨᠠ᠃
ᠠᠷᠪᠠ ᠱᠢᠬᠠᠮ ᠭᠠᠵᠠᠷ ᠲᠤᠭᠤᠷᠢᠭᠠᠳ ᠪᠤᠴᠠᠵᠤ ᠢᠷᠡᠯ᠎ᠡ᠃ ᠲᠡᠮᠡᠭᠡᠳ ᠲᠤᠤᠷ ᠡᠪᠳᠡᠭ᠌ᠰᠡᠨ ᠮᠠᠶᠢᠭ ᠦᠭᠡᠢ᠎ᠳᠤ ᠰᠡᠳᠭᠢᠯ᠎ᠨᠢ ᠲᠠᠢᠪᠤᠭᠤᠱᠢᠷᠡᠪᠡ᠃ 《ᠲᠡᠮᠡᠭᠡᠳ ᠬᠦᠭᠡᠷᠦᠬᠦᠢ ᠶᠤᠮ᠃ ᠬᠠᠪᠤᠷ᠎ᠤᠨ ᠡᠨᠡ ᠴᠠᠭ᠎ᠲᠤ ᠨᠤᠭᠤᠭᠠᠨ ᠦᠡᠭ᠌ᠭᠡ ᠦᠵᠡᠪᠡᠯ ᠱᠢᠳᠤᠷᠤᠭᠠᠳ ᠭᠦᠶᠦᠳᠡᠭ ᠶᠤᠮ》 ᠭᠡᠵᠤ ᠪᠤᠳᠤᠨ᠎ᠠ᠃ ᠠᠷᠪᠠᠨ ᠵᠢᠯ᠎ᠳᠤ ᠲᠡᠷᠡ ᠲᠡᠮᠡᠭᠡᠨ ᠰᠦᠷᠦᠭ᠎ᠲᠠᠢ ᠤᠳᠠᠭᠠᠨ ᠲᠠᠭᠠᠭᠠᠮᠠᠢ ᠲᠠᠢᠨ ᠬᠢᠭ᠌ᠰᠡᠨ ᠪᠤᠯᠪᠠᠴᠤ᠌᠂ ᠵᠠᠭᠤᠨ ᠤᠢ᠎ᠳᠤ ᠤᠷᠤᠬ᠍ᠰᠠᠨ ᠲᠡᠮᠡᠭᠡ᠎ᠶ᠋ᠢ ᠶᠡᠷᠦ᠎ᠨᠢ ᠬᠠᠷᠠᠳᠠᠵᠤ ᠴᠤᠬᠢᠬᠤ᠎ᠶ᠋ᠢ ᠪᠠᠢᠳᠤᠭᠠᠢ᠂ ᠬᠠᠷᠢᠶᠠᠵᠤ ᠵᠦᠬᠡᠭᠡᠵᠤ ᠦᠡᠭ᠌ᠭᠡᠷᠡᠭ᠌ᠰᠡᠨ ᠤᠳᠠᠭ᠎ᠠ ᠦᠭᠡᠢ᠃ ᠦᠷᠦ᠍ ᠵᠦᠭᠡᠯᠡᠨ ᠰᠡᠳᠭᠢᠯ ᠭᠡᠵᠤ ᠡᠢᠮᠤ ᠪᠠᠢᠭ᠎ᠠ᠃
ᠤᠰᠤᠨ᠎ᠤ ᠴᠠᠬᠢᠯᠭᠠᠨ᠎ᠢ ᠲᠠᠷᠤᠵᠤ᠂ ᠭᠡᠷ᠎ᠲᠡᠭᠡᠨ ᠪᠤᠴᠠᠬᠤ᠎ᠳᠤ ᠨᠢᠭᠡᠨᠳᠡ ᠤᠷᠤᠢ᠎ᠶ᠋ᠢᠨ 9 ᠴᠠᠭ ᠦᠡᠭ᠌ᠭᠡᠷᠡᠭ᠌ᠰᠡᠨ ᠪᠠᠢᠯ᠎ᠠ᠃ ᠤᠷᠤᠢ᠎ᠶ᠋ᠢᠨ ᠬᠤᠭᠤᠯᠠ ᠲᠤᠩ ᠲᠦᠭᠦᠮ᠂ ᠨᠢᠭᠡ ᠠᠶᠠᠭ᠎ᠠ ᠮᠢᠶᠠᠨᠲ᠋ᠢᠶᠤᠤᠷ᠂ ᠨᠢᠭᠡ ᠫᠢᠯᠠ ᠲᠠᠪᠤᠰᠤᠯᠠᠬ᠍ᠰᠠᠨ ᠨᠤᠭᠤᠭ᠎ᠠ᠂ ᠬᠤᠶᠠᠷ ᠬᠤᠨᠳᠠᠭ᠎ᠠ ᠠᠷᠢᠬᠢ᠂ ᠡᠪᠦᠭᠡᠨ ᠬᠦᠭ᠌ᠰᠢᠨᠲᠠᠢᠪᠠᠨ ᠵᠤᠭᠤᠬ᠍ᠳᠠᠬᠤ ᠵᠠᠪᠰᠠᠷ ᠤᠷᠤᠢ᠎ᠶ᠋ᠢᠨ ᠬᠤᠭᠤᠯᠠ᠎ᠪᠠᠨ ᠢᠳᠡᠵᠤ ᠪᠠᠷᠠᠭᠠᠭᠠᠳ᠂ ᠠᠶᠠᠭ᠎ᠠ ᠱᠢᠨᠠᠭ᠎ᠠ᠎ᠪᠠᠨ ᠴᠠᠭᠠᠬ᠍ᠰᠢᠯᠠᠭᠤᠯᠵᠤ᠂ ᠲᠠᠮᠠᠬᠢ ᠨᠤᠴᠤᠭᠠᠨ ᠰᠤᠷᠤᠬᠤ᠎ᠶ᠋ᠢᠨ ᠵᠠᠪᠰᠠᠷ᠂ ᠱᠦᠭᠦᠢ ᠲᠡᠭᠡᠷ᠎ᠡ᠎ᠠᠴᠠ᠎ᠪᠠᠨ ᠡᠳᠦᠷ᠎ᠤᠨ ᠲᠡᠮᠳᠡᠭ᠌ᠯᠡᠯ᠎ᠢᠶᠠᠨ ᠠᠪᠴᠤ᠌᠄ 4 ᠰᠠᠷ᠎ᠠ᠎ᠶ᠋ᠢᠨ 28 ᠤ ᠡᠳᠦᠷ᠂ ᠬᠦᠬᠡᠬᠤᠳᠠ᠎ᠠᠴᠠ ᠪᠤᠴᠠᠵᠤ ᠢᠷᠡᠪᠡ᠃ ᠨᠢᠯᠬ᠎ᠠ ᠵᠠᠭᠢ ᠪᠦᠭᠦᠳᠡ᠎ᠶ᠋ᠢ᠎ᠨᠢ ᠨᠢᠭᠡ ᠮᠦᠷ ᠤᠰᠤᠯᠠᠪᠠ᠃ ᠮᠠᠷᠭᠠᠰᠢ ᠵᠠᠭᠤᠨ ᠴᠢᠬᠢ᠎ᠶ᠋ᠢ ᠤᠰᠤᠯᠠᠬᠤ ᠴᠢᠬᠤᠯᠠᠳᠠᠢ ᠭᠡᠵᠤ ᠪᠢᠴᠢᠭ᠌ᠰᠡᠨ ᠪᠠᠢᠪᠠ ᠁
ᠨᠢᠭᠡ ᠡᠳᠦᠷ ᠢᠩᠬᠢᠵᠤ ᠦᠡᠭ᠌ᠭᠡᠷᠡᠪᠡ᠃ ᠡᠨᠡ᠎ᠨᠢ ᠲᠡᠭᠦᠨ᠎ᠤ ᠠᠮᠢᠳᠤᠷᠠᠯ᠎ᠤᠨ ᠵᠢᠮ᠎ᠠ ᠶᠤᠰᠤ ᠪᠤᠯᠤᠬ᠍ᠰᠠᠨ ᠪᠠᠢᠵᠠᠢ᠃ ᠵᠢᠯ ᠪᠦᠷᠢ᠎ᠶ᠋ᠢᠨ ᠭᠤᠷᠪᠠᠨ ᠰᠠᠷ᠎ᠠ᠎ᠳᠤ ᠢᠷᠡᠵᠤ᠂ 11 ᠰᠠᠷ᠎ᠠ᠎ᠳᠤ ᠪᠤᠴᠠᠬᠤ ᠪᠤᠯᠳᠠᠯ᠎ᠠ᠂ ᠲᠡᠷᠡ ᠬᠦᠭ᠌ᠰᠢᠨᠲᠠᠢᠪᠠᠨ ᠬᠠᠮᠳᠤ ᠬᠠᠷ᠎ᠠ ᠬᠤᠳᠠ᠎ᠳᠤ 8 ᠰᠠᠷ᠎ᠠ ᠰᠠᠭᠤᠨ᠎ᠠ᠃ ᠦᠷᠯᠦᠭᠡ ᠦᠷ᠎ᠡ ᠮᠠᠩᠬᠠᠢᠬᠤ᠎ᠳᠤ ᠪᠤᠰᠴᠤ᠌᠂ ᠦᠳᠡᠰᠢ ᠤᠳᠤ ᠲᠦᠭᠡᠭ᠌ᠰᠡᠨᠤ ᠲᠠᠷᠠᠭ᠎ᠠ ᠪᠤᠴᠠᠨ᠎ᠠ᠃ ᠡᠢᠮᠦᠷᠬᠦ᠌ ᠠᠵᠢᠯ᠎ᠤᠨ ᠵᠢᠮ᠎ᠠ ᠶᠤᠰᠤ᠎ᠶ᠋ᠢ ᠲᠠᠷᠠ ᠶᠠᠭ 10 ᠵᠢᠯ ᠪᠠᠷᠢᠮᠳᠠᠯᠠᠵᠠᠢ᠃ 10 ᠵᠢᠯ᠎ᠤᠨ ᠬᠤᠭᠤᠷᠤᠨᠳᠤ᠂ ᠬᠡᠰᠡᠭ ᠬᠡᠰᠡᠭ ᠵᠠᠭᠤᠨ ᠤᠢ ᠬᠠᠷ᠎ᠠ ᠬᠤᠳᠠ᠎ᠳᠤ ᠦᠨᠳᠦᠰᠦ ᠬᠠᠳᠭᠤᠨ ᠨᠤᠭᠤᠭᠠᠷᠠᠵᠤ ᠡᠮᠨᠢᠭ ᠡᠯᠡᠰᠦ᠎ᠶ᠋ᠢ ᠴᠢᠳᠦᠷᠯᠡᠬᠦ᠌ᠳᠤ᠂ ᠯᠠᠬ᠍ᠱᠢᠨ ᠲᠦᠷᠢᠲᠠᠢ᠂ ᠴᠤᠭ ᠵᠤᠯᠢ᠎ᠲᠠᠢ᠂ ᠤᠳᠤᠷᠢᠳᠤᠯᠭ᠎ᠠ᠎ᠶ᠋ᠢᠨ ᠬᠡᠪ ᠨᠠᠮᠪᠠ᠎ᠲᠠᠢ ᠲᠡᠷᠡ ᠨᠢᠭᠡᠨᠳᠡ ᠵᠠᠵᠢᠨ ᠦᠰᠦ᠎ᠨᠢ ᠴᠠᠢᠵᠤ᠂ ᠨᠢᠭᠤᠷ ᠴᠢᠷᠠᠢ᠎ᠨᠢ ᠬᠦᠷᠦᠰᠦ᠎ᠵᠢᠨ᠂ ᠮᠠᠩᠨᠠᠢ ᠲᠦᠷᠦᠭᠦᠤ ᠦᠭᠡᠢ ᠠᠳᠤᠷᠢᠶ᠎ᠠ ᠰᠠᠭᠤᠵᠤ᠂ ᠭᠤᠪᠢ᠎ᠶ᠋ᠢᠨ ᠮᠠᠯᠴᠢᠨ᠎ᠲᠠᠢ ᠢᠯᠭᠠᠬ᠍ᠳᠠᠮᠠ ᠦᠭᠡᠢ 《ᠮᠠᠯᠴᠢᠨ》 ᠪᠤᠯᠵᠤ᠂ ᠲᠠᠨᠢᠬᠤ ᠦᠭᠡᠢ ᠮᠡᠳᠡᠬᠦ᠌ ᠦᠭᠡᠢ ᠬᠦᠮᠦᠨ᠎ᠳᠤ᠂ ᠡᠨᠡ ᠬᠦᠮᠦᠨ ᠴᠢᠨᠢ ᠤᠤᠯ᠎ᠳᠠᠭᠠᠨ ᠵᠢᠩᠬᠢᠨᠢ ᠲᠢᠩᠬᠢᠮ᠎ᠤᠨ ᠲᠠᠰ᠎ᠤᠨ ᠺᠠᠳ᠋ᠷ ᠪᠠᠢᠬ᠍ᠰᠠᠨ ᠬᠦᠮᠦᠨ ᠭᠡᠵᠤ ᠶᠠᠷᠢᠬᠤ᠎ᠪᠠᠷ᠂ 《ᠬᠡᠳᠦᠢ ᠬᠠᠳᠠᠭᠤ ᠲᠤᠬ᠍ᠯᠠᠳᠠᠭ ᠬᠦᠮᠦᠨ ᠪᠤᠢ》 ᠭᠡᠵᠤ ᠪᠤᠳᠤᠬ᠍ᠳᠠᠭᠤᠯᠤᠮᠠᠷ᠃ ᠭᠡᠪᠡᠴᠤ᠌ ᠲᠡᠷᠡ ᠦᠪᠡᠷ᠎ᠤᠨ ᠰᠤᠩᠭᠤᠯᠳᠠ᠎ᠳᠠᠭᠠᠨ ᠬᠠᠷᠠᠮᠰᠠᠵᠤ ᠦᠡᠭ᠌ᠭᠡᠷᠡᠭᠡ ᠦᠭᠡᠢ᠂ ᠡᠯᠡᠰᠦ᠎ᠶ᠋ᠢ ᠤᠢ᠍ᠢᠵᠢᠭᠤᠯᠬᠤ ᠬᠦᠰᠡᠯ ᠪᠤᠳᠤᠯ᠎ᠢᠶᠠᠨ ᠬᠤᠪᠢᠷᠠᠭᠤᠯᠤᠭᠠ ᠦᠭᠡᠢ᠃ 《ᠪᠢ ᠠᠮᠢᠳᠤ ᠰᠡᠷᠡᠭᠦᠨ ᠪᠠᠢᠬᠤ ᠴᠠᠭ ᠮᠦᠴᠡ᠎ᠳᠡᠭᠡᠨ᠂ ᠨᠤᠳᠤᠭ ᠤᠷᠤᠨ᠂ ᠬᠤᠢᠴᠢ ᠦᠶ᠎ᠡ᠎ᠳᠡᠭᠡᠨ ᠢᠯᠡᠭᠦᠤ ᠬᠡᠳᠦᠨ ᠮᠤᠳᠤ ᠲᠠᠷᠢᠬᠤ ᠪᠤᠯ ᠮᠢᠨᠤ ᠬᠠᠮᠤᠭ᠎ᠤᠨ ᠶᠡᠭᠡ ᠬᠦᠰᠡᠯ》 ᠭᠡᠵᠤ ᠶᠠᠷᠢᠬ᠍ᠰᠠᠨ ᠦᠭᠡ ᠡᠭᠦᠨ᠎ᠢ᠎ᠨᠢ ᠬᠡᠷᠡᠴᠢᠯᠡᠨ᠎ᠡ᠃
ᠬᠦᠮᠦᠨ᠎ᠤ ᠠᠮᠢᠳᠤᠷᠠᠯ᠎ᠤᠨ ᠬᠡᠳᠦᠨ ᠠᠷᠪᠠᠨ ᠵᠢᠯ ᠭᠡᠵᠤ ᠲᠡᠤᠬᠡ᠎ᠶ᠋ᠢᠨ ᠤᠷᠤᠰᠭᠠᠯ ᠲᠤᠮᠳᠠ ᠬᠤᠷᠤᠮᠬᠠᠨ ᠵᠠᠭᠤᠷ᠎ᠠ ᠲᠡᠳᠦᠢ᠃ ᠭᠡᠶ᠎ᠡ ᠰᠦᠬᠡ ᠦᠪᠡᠷ᠎ᠤᠨ ᠬᠢᠵᠠᠭᠠᠷ᠎ᠲᠠᠢ ᠠᠮᠢ ᠨᠠᠰᠤ᠎ᠪᠠᠷ᠎ᠢᠶᠠᠨ ᠶᠡᠭᠡ ᠡᠯᠡᠰᠦᠨ᠎ᠳᠤ ᠨᠤᠭᠤᠭᠠᠨ ᠲᠤᠤᠯᠢᠰ ᠪᠢᠴᠢᠭ᠌ᠯᠡᠨ᠂ ᠨᠤᠳᠤᠭ ᠤᠰᠤ᠎ᠪᠠᠨ ᠭᠡᠰᠡᠨ ᠬᠠᠯᠠᠭᠤᠨ ᠰᠡᠳᠭᠢᠯᠭᠡ᠎ᠪᠠᠷ ᠲᠦᠷᠦᠯᠬᠢ ᠨᠤᠳᠤᠭ᠎ᠤᠨ᠎ᠢᠶᠠᠨ ᠠᠮᠢ ᠠᠬᠤᠢ᠎ᠶ᠋ᠢᠨ ᠰᠡᠷᠭᠦᠯᠳᠡ᠎ᠶ᠋ᠢᠨ ᠲᠦᠯᠦᠭᠡ ᠲᠡᠮᠡᠴᠡᠵᠤ᠂ ᠠᠮᠢᠵᠢᠷᠠᠯ᠎ᠤᠨ ᠨᠤᠭᠤᠭᠠᠨ ᠦᠡᠭ᠌ᠭᠡ ᠪᠢᠯᠬᠠᠬ᠍ᠰᠠᠨ ᠨᠤᠭᠤᠭᠠᠨ ᠪᠦᠷᠢᠳᠦ᠎ᠶ᠋ᠢ ᠪᠠᠢᠭᠤᠯᠬᠤ᠎ᠶ᠋ᠢᠨ ᠲᠦᠯᠦᠭᠡ ᠪᠡᠶ᠎ᠡ ᠰᠡᠳᠭᠢᠯ᠎ᠢᠶᠠᠨ ᠵᠦᠳᠡᠭᠡᠵᠤ ᠶᠠᠪᠤᠬ᠍ᠰᠠᠨᠢᠨᠢ ᠦᠵᠡᠭ᠌ᠰᠡᠨ ᠬᠦᠮᠦᠨ ᠭᠠᠢᠬᠠᠮᠠᠷ᠂ ᠰᠤᠨᠤᠰᠤᠬ᠍ᠰᠠᠨ ᠬᠦᠮᠦᠨ ᠪᠢᠱᠢᠷᠡᠮᠡᠷ ᠁
ᠵᠡᠭᠦᠯᠳᠡ᠄
① ᠦᠡᠭ᠌ᠬᠦᠷᠢᠬᠦ᠌
② ᠡᠯᠴᠢ᠎ᠪᠠᠷ ᠭᠠᠷᠤᠬ᠍ᠰᠠᠨᠢ ᠦᠭᠦᠯᠡᠪᠡ
③ ᠾᠦᠩᠨᠤ᠎ᠶ᠋ᠢ ᠵᠢᠭᠠᠪᠠ
— ᠪᠦᠬᠦ᠌ ᠤᠯᠤᠰ᠎ᠤᠨ 《ᠴᠠᠭ ᠦᠶ᠎ᠡ᠎ᠶ᠋ᠢᠨ ᠬᠡᠪ ᠲᠠᠭᠤᠷᠢᠶᠠᠯ》 ᠠᠯᠠᠱᠠ ᠠᠢᠮᠠᠭ᠎ᠤᠨ
ᠤᠯᠤᠰ ᠲᠦᠷᠦ᠎ᠶ᠋ᠢᠨ ᠵᠦᠪᠯᠡᠯᠭᠡᠨ᠎ᠤ ᠤᠤᠯ᠎ᠤᠨ ᠲᠡᠷᠢᠭᠦᠯᠡᠭ᠌ᠴᠢ ᠰᠦᠬᠡ᠎ᠶ᠋ᠢ ᠲᠡᠮᠳᠡᠭ᠌ᠯᠡᠪᠡ
ᠪᠤᠭᠤᠷᠤᠯ ᠰᠤᠬᠠᠢ᠎ᠳᠤ ᠮᠡᠨᠳᠦᠯᠡᠭ᠌ᠰᠡᠨ ᠮᠠᠯᠴᠢᠨ ᠬᠦᠤ
1947 ᠤᠨ 1 ᠰᠠᠷ ᠠ᠎ᠶ᠋ᠢᠨ 2 ᠤᠨ ᠡᠳᠦᠷ᠎ᠤᠨ ᠦᠷᠯᠦᠭᠡ᠂ ᠠᠯᠳᠠᠨ ᠨᠠᠷᠠ ᠲᠦᠮᠡ ᠮᠢᠩᠭᠠᠨ ᠵᠢᠯ᠎ᠤᠨ ᠵᠤᠷᠱᠢᠯᠢᠶᠠᠷᠢᠶᠠᠨ ᠡᠵᠡᠨ᠎ᠡ ᠭᠤᠤᠯ᠎ᠤᠨ ᠲᠡᠷᠳᠡᠭᠡ ᠡᠷᠬᠢ᠎ᠠᠴᠠ ᠮᠠᠨᠳᠤᠵᠤ᠂ ᠬᠠᠷ᠎ᠠ ᠬᠤᠳᠠ᠎ᠶ᠋ᠢᠨ ᠪᠠᠭᠤᠷᠢ᠂ ᠲᠤᠤᠷᠠᠢ᠎ᠶ᠋ᠢᠨ ᠤᠢ᠂ ᠤᠯᠠᠭᠠᠨ ᠰᠤᠬᠠᠢ᠂ ᠡᠯᠡᠰᠦᠨ ᠴᠤᠬᠢᠶᠠᠳ ᠪᠦᠬᠦᠨ᠎ᠳᠤ ᠠᠯᠳᠠᠨ ᠰᠠᠴᠤᠷᠠᠭ᠎ᠢᠶᠠᠨ ᠬᠠᠢᠷᠠᠯᠠᠯ ᠦᠭᠡᠢ ᠰᠠᠴᠤᠨ᠎ᠠ᠃ ᠰᠤᠪᠠᠨᠠᠭᠤᠷ ᠰᠤᠮᠤ᠎ᠶ᠋ᠢᠨ ᠢᠪᠡᠤᠳᠤ ᠭᠠᠴᠠᠭ᠎ᠠ᠎ᠶ᠋ᠢᠨ ᠮᠠᠯᠴᠢᠳ᠎ᠤᠨ ᠡᠷᠦᠬᠡ ᠪᠤᠯᠭᠠᠨ᠎ᠤ ᠲᠤᠭᠤᠨᠤ᠎ᠪᠠᠷ ᠴᠡᠩᠬᠡᠷ ᠤᠳᠤᠭ᠎ᠠ ᠰᠤᠭᠤᠨᠤᠬ᠍ᠯᠠᠵᠤ᠂ ᠪᠠᠰᠠ ᠨᠢᠭᠡ ᠱᠢᠨ᠎ᠡ ᠡᠳᠦᠷ ᠡᠬᠢᠯᠡᠭ᠌ᠰᠡᠨ᠎ᠢ ᠮᠡᠳᠡᠭᠡᠯᠡᠨᠠ᠃
ᠬᠠᠷ᠎ᠠ ᠬᠤᠳᠠ᠎ᠶ᠋ᠢᠨ ᠡᠩᠭᠡᠷᠲᠠᠬᠢ ᠤᠯᠠᠭᠠᠨ ᠰᠤᠬᠠᠢ᠎ᠪᠠᠷ ᠦᠪᠴᠢ ᠬᠦᠷᠢᠶᠡᠯᠡᠭ᠌ᠳᠡᠭ᠌ᠰᠡᠨ ᠪᠤᠭᠤᠷᠤᠯ ᠰᠤᠬᠠᠢ ᠭᠡᠳᠡᠭ ᠭᠠᠵᠠᠷ᠎ᠤᠨ ᠨᠤᠤᠷᠠᠬᠠᠢ ᠮᠠᠢᠬᠠᠨ᠎ᠳᠤ᠂ 《ᠸᠠ ᠁》 ᠭᠡᠰᠡᠨ ᠨᠢᠯᠬ᠎ᠠ ᠬᠡᠤᠬᠡᠳ᠎ᠤᠨ ᠤᠬᠢᠯᠠᠬᠤ ᠲᠠᠭᠤᠨ ᠲᠠᠭᠤᠷᠢᠰᠴᠤ᠌᠂ ᠡᠨᠡ ᠶᠢᠷᠳᠢᠨᠴᠤ᠎ᠳᠤ ᠪᠠᠰᠠ ᠨᠢᠭᠡ ᠱᠢᠨ᠎ᠡ ᠠᠮᠢ ᠮᠡᠨᠳᠦᠯᠡᠭ᠌ᠰᠡᠨᠢ ᠲᠤᠩᠬᠠᠯᠠᠵᠠᠢ᠃ ᠲᠡᠷᠡ᠎ᠨᠢ ᠰᠦᠬᠡ ᠪᠠᠢᠯ᠎ᠠ᠃ ᠦᠬᠢᠨ᠎ᠲᠠᠢ ᠪᠤᠯᠪᠠᠴᠤ᠌᠂ ᠦᠷ᠎ᠠ ᠦᠨᠳᠦᠰᠦ ᠵᠠᠯᠭᠠᠬᠤ ᠬᠦᠤ ᠢᠷᠡᠵᠤ ᠵᠠᠶᠠᠭᠠᠬ᠍ᠰᠠᠨᠨᠢ ᠮᠠᠯᠴᠢᠨ ᠲᠤᠷᠵᠢ ᠲᠠᠮᠤ᠎ᠶ᠋ᠢᠨ ᠭᠡᠷ᠎ᠲᠤ ᠵᠤᠯ ᠵᠢᠷᠭᠠᠯ᠎ᠤᠨ ᠢᠨᠢᠶᠡᠳᠦ ᠪᠢᠯᠬᠠᠭᠤᠯᠵᠠᠢ᠃
ᠰᠦᠬᠡ᠎ᠶ᠋ᠢᠨ ᠠᠪᠤ᠎ᠨᠢ ᠵᠢᠩᠴᠢᠨ᠂ ᠡᠵᠢ᠎ᠨᠢ ᠪᠤᠰᠤᠳ᠎ᠤᠨ ᠬᠤᠨᠢᠨ ᠰᠦᠷᠦᠭ᠎ᠢ ᠬᠠᠷᠢᠭᠤᠯᠳᠠᠭ ᠬᠤᠨᠢᠴᠢᠨ᠂ ᠠᠪᠤ᠎ᠨᠢ ᠨᠢᠭᠡ ᠤᠳᠠᠭ᠎ᠠ ᠠᠶᠠᠨ᠎ᠤ ᠵᠢᠩ᠎ᠳᠤ ᠶᠠᠪᠤᠭᠠᠳ ᠪᠤᠴᠠᠵᠤ ᠢᠷᠡᠭ᠌ᠰᠡᠨ ᠦᠭᠡᠢ᠎ᠶ᠋ᠢ ᠨᠢᠯᠬ᠎ᠠ ᠪᠠᠭ᠎ᠠ ᠰᠦᠬᠡ ᠬᠡᠷᠬᠢᠨ ᠮᠡᠳᠡᠬᠦ᠌ ᠪᠢᠯᠡ᠃
ᠠᠮᠢᠳᠤᠷᠠᠯ ᠶᠠᠳᠠᠭᠤ᠎ᠶ᠋ᠢᠨ ᠬᠠᠷᠠᠭ᠎ᠠ᠎ᠪᠠᠷ ᠡᠵᠢ᠎ᠨᠢ ᠡᠳᠦᠷᠵᠢᠨ ᠠᠢᠯ᠎ᠳᠤ ᠠᠵᠢᠯ ᠬᠢᠵᠤ᠂ ᠬᠡᠳᠦᠨ ᠨᠠᠰᠤ ᠡᠭᠡᠴᠢᠮᠡᠳ ᠡᠭᠡᠴᠢ᠎ᠨᠢ ᠲᠡᠭᠦᠨ᠎ᠢ ᠬᠠᠷᠠᠵᠤ ᠬᠠᠷᠠᠭᠠᠯᠵᠠᠳᠠᠭ᠃ ᠦᠯᠦᠰᠪᠡᠯ ᠨᠠᠷᠢᠮᠤ᠎ᠶ᠋ᠢᠨ ᠵᠤᠳᠠᠩ ᠤᠤᠭᠤᠵᠤ᠂ ᠤᠬᠢᠯᠠᠪᠠᠯ ᠡᠬᠡᠴᠢᠶ᠋ᠢᠨᠢᠶᠠᠨ ᠨᠢᠷᠤᠭᠤᠨ ᠲᠡᠭᠡᠷ᠎ᠡ ᠤᠨᠳᠠᠳᠠᠭ᠃ ᠵᠢᠭᠠᠬᠠᠨ ᠲᠦᠬᠦᠭᠡ ᠤᠷᠤᠬᠤ᠎ᠪᠠᠷ᠂ ᠪᠤᠰᠤᠳ ᠬᠡᠤᠬᠡᠳ ᠲᠤᠮᠤ ᠬᠦᠮᠦᠨ᠎ᠤ ᠬᠤᠢᠨ᠎ᠠ᠎ᠠᠴᠠ ᠠᠪᠤ ᠠᠪᠤ ᠭᠡᠵᠤ ᠲᠠᠭᠤᠳᠠᠨ᠂ ᠠᠷᠤ ᠬᠤᠢᠨ᠎ᠠ᠎ᠠᠴᠠ᠎ᠨᠢ ᠲᠡᠷᠪᠡᠬᠦ᠌ᠪᠠᠷ᠂ ᠨᠢᠯᠬ᠎ᠠ ᠪᠠᠭ᠎ᠠ᠎ᠶ᠋ᠢᠨ ᠤᠢ ᠤᠬᠠᠭᠠᠨ᠎ᠳᠤᠨᠢ ᠡᠨᠡ ᠭᠡᠷ᠎ᠲᠤ ᠡᠵᠢ᠂ ᠡᠭᠡᠴᠢ᠎ᠲᠠᠢ᠎ᠪᠠᠨ ᠭᠤᠷᠪᠠᠭᠤᠯᠠ ᠯᠡ ᠠᠮᠢᠳᠤᠷᠠᠳᠠᠭ ᠭᠡᠵᠤ ᠤᠬᠠᠳᠠᠭ ᠲᠡᠷᠡ᠄ 《ᠪᠢ ᠶᠠᠭᠠᠬᠢᠭᠠᠳ ᠠᠪᠤ ᠪᠠᠢᠳᠠᠭ ᠦᠭᠡᠢ ᠪᠤᠢ》 ᠭᠡᠵᠤ ᠡᠵᠢ᠎ᠠᠴᠠ᠎ᠪᠠᠨ ᠠᠰᠠᠭᠤᠬᠤ ᠪᠤᠯᠤᠯ᠎ᠠ᠃ ᠡᠵᠢ᠎ᠨᠢ ᠲᠡᠭᠦᠨ᠎ᠳᠤ᠄ 《ᠠᠪᠤ ᠴᠢᠨᠢ ᠠᠶᠠᠨ᠎ᠤ ᠵᠢᠩ᠎ᠳᠤ ᠶᠠᠪᠤᠬ᠍ᠰᠠᠨ ᠡ᠂ ᠢᠷᠡᠬᠦ᠌ ᠪᠤᠯᠤᠭ᠎ᠠ ᠦᠭᠡᠢ》 ᠭᠡᠳᠡᠭ᠃ ᠰᠡᠭᠦᠯ ᠰᠡᠭᠦᠯ᠎ᠳᠤ᠎ᠨᠢ ᠲᠡᠷᠡ ᠰᠠᠶᠢ ᠲᠡᠭᠦᠨ᠎ᠢ ᠡᠨᠡ ᠲᠡᠯᠡᠬᠡᠢ᠎ᠳᠤ ᠮᠡᠨᠳᠦᠯᠡᠵᠤ ᠢᠷᠡᠬᠦ᠌ ᠲᠡᠷᠡ ᠵᠢᠯ ᠠᠪᠤ᠎ᠨᠢ ᠠᠶᠠᠨ᠎ᠤ ᠵᠢᠩ᠎ᠳᠤ ᠶᠠᠪᠤᠭᠠᠳ ᠡᠷᠬᠢᠵᠤ ᠢᠷᠡᠰᠢ ᠦᠭᠡᠢ ᠪᠤᠯᠤᠬ᠍ᠰᠠᠨᠢ ᠮᠡᠳᠡᠵᠠᠢ᠃
ᠡᠷ᠎ᠡ ᠬᠦᠮᠦᠨ᠎ᠢ ᠡᠷᠦᠬᠡ ᠭᠡᠷ᠎ᠤᠨ ᠲᠤᠯᠭᠠᠭᠤᠷᠢ ᠭᠡᠳᠡᠭ᠃ ᠲᠤᠯᠭᠠᠭᠤᠷᠢ᠎ᠪᠠᠨ ᠠᠯᠳᠠᠬ᠍ᠰᠠᠨ ᠡᠳᠡᠨ᠎ᠤ᠎ᠬᠢᠨ ᠦᠮᠦᠭ ᠲᠤᠳᠠᠭᠤ ᠠᠮᠢᠳᠤᠷᠠᠯ ᠲᠠᠳᠠᠭᠤ᠃ ᠨᠠᠰᠤᠨ ᠪᠠᠭ᠎ᠠ᠎ᠠᠴᠠ᠎ᠪᠠᠨ ᠨᠠᠭᠠᠳᠴᠤ᠌ ᠦᠰᠭᠦ ᠭᠡᠳᠡᠭ ᠪᠤᠯ ᠬᠡᠤᠬᠡᠳ ᠪᠤᠯᠭᠠᠨ᠎ᠤ ᠬᠦᠰᠡᠵᠤ ᠰᠠᠨᠠᠳᠠᠬ ᠵᠢᠷᠭᠠᠯ ᠪᠠᠢᠵᠤ ᠲᠠᠭᠠᠷᠠᠨ᠎ᠠ᠂ ᠭᠡᠪᠡᠴᠦ᠍ ᠡᠨᠡ ᠵᠢᠷᠭᠠᠯ ᠰᠦᠬᠡ᠎ᠳᠤ ᠲᠤᠬᠢᠶᠠᠭᠠ ᠦᠭᠡᠢ᠃ ᠲᠠᠪᠤ ᠵᠢᠷᠭᠤᠭᠠᠨ ᠨᠠᠰᠤ ᠬᠦᠷᠦᠮᠡᠭ᠌ᠴᠡ ᠠᠢᠯ᠎ᠤᠨ ᠬᠡᠤᠬᠡᠳ᠎ᠢ ᠬᠠᠷᠠᠵᠤ᠂ ᠨᠠᠢ᠍ᠮᠠ ᠶᠢᠰᠦ ᠬᠦᠷᠦᠮᠡᠭ᠌ᠴᠡ᠎ᠪᠠᠨ ᠠᠢᠯ᠎ᠤᠨ ᠬᠤᠨᠢ ᠮᠠᠯ᠎ᠳᠤ ᠭᠦᠶᠦᠵᠤ᠂ ᠦᠯ ᠬᠤᠭᠤᠯᠠ᠎ᠪᠠᠨ ᠱᠢᠢᠳᠪᠦᠷᠢᠯᠡᠳᠡᠭ᠃ ᠭᠡᠪᠡᠴᠤ᠌ 《ᠠᠪᠤ ᠮᠢᠨᠢ ᠬᠡᠵᠢᠶ᠎ᠡ ᠬᠦᠷᠦᠭᠡᠳ ᠢᠷᠡᠳᠡᠭ ᠪᠤᠯ》 ᠭᠡᠰᠡᠨ ᠬᠦᠰᠡᠯ ᠡᠳᠦᠷ᠎ᠤᠨ ᠪᠤᠳᠤᠯ ᠰᠦᠨᠢ᠎ᠶ᠋ᠢᠨ ᠵᠡᠭᠦᠳᠦᠠᠴᠠᠨᠢ ᠶᠡᠷᠦ᠍ ᠰᠠᠯᠳᠠᠬ ᠦᠭᠡᠢ ᠪᠠᠢᠵᠠᠢ᠃ ᠦᠳᠡᠰᠢ ᠰᠦᠨᠢ᠎ᠶ᠋ᠢᠨ ᠵᠡᠭᠦᠳᠦᠨ᠎ᠳᠡᠭᠡᠨ ᠠᠪᠤ ᠢᠷᠡᠯ᠎ᠡ ᠭᠡᠳ ᠢᠨᠢᠶᠡᠭᠡᠳ ᠰᠡᠷᠢᠨ᠎ᠡ᠂ ᠡᠯᠡᠰᠦᠨ ᠲᠤᠯᠤᠭᠠᠳ᠎ᠳᠤ ᠵᠤᠬ᠍ᠰᠤᠭᠠᠳ ᠬᠤᠯᠠ᠎ᠶ᠋ᠢᠨ ᠬᠤᠯᠠ᠎ᠶ᠋ᠢ ᠪᠠᠷᠠᠯᠠᠨ᠎ᠠ᠂ ᠠᠯᠤᠰ᠎ᠤᠨ ᠠᠯᠤᠰ᠎ᠲᠠᠬᠢ ᠵᠡᠷᠭᠡᠯᠭᠡ᠎ᠨᠢ ᠠᠯᠠᠭ᠎ᠠ ᠪᠤᠯᠳᠠᠯ᠎ᠠ᠎ᠨᠢ ᠱᠢᠷᠳᠡᠨᠡ᠂ ᠠᠶᠠᠨ᠎ᠤ ᠵᠢᠩ᠎ᠢ ᠲᠡᠷᠪᠡᠨ ᠲᠠᠭᠠᠵᠤ ᠠᠪᠤ᠎ᠶ᠋ᠢᠨ᠎ᠢᠶᠠᠨ ᠰᠤᠷᠠ᠎ᠬᠢ ᠬᠠᠢᠨ᠎ᠠ᠃ ᠬᠡᠳᠦ᠋ᠢᠴᠢᠨᠡᠭᠡᠨ ᠡᠳᠦᠷ ᠬᠤᠨᠤᠭ᠎ᠢ ᠢᠩᠬᠢᠵᠤ ᠦᠡᠭ᠌ᠭᠡᠷᠡᠭᠡᠯᠡ᠃ ᠠᠪᠤ᠎ᠨᠢ ᠢᠷᠡᠭᠡ ᠦᠭᠡᠢ᠃
ᠶᠠᠳᠠᠭᠤ ᠠᠢᠯ᠎ᠤᠨ ᠬᠡᠤᠬᠡᠳ ᠡᠷᠳᠡ ᠤᠬᠠᠭ᠎ᠠ ᠤᠷᠤᠳᠠᠭ᠎ᠨᠢ ᠦᠨᠡᠨᠳᠠᠢ᠃ ᠡᠳᠦᠷ ᠪᠦᠷᠢ ᠡᠵᠢ᠎ᠨᠢ ᠶᠠᠳᠠᠷᠠᠵᠤ ᠵᠦᠳᠡᠷᠡᠭ᠌ᠰᠡᠨ ᠪᠡᠶ᠎ᠡ᠎ᠪᠠᠨ ᠴᠢᠷᠴᠤ᠌ ᠬᠠᠷᠢᠵᠤ ᠢᠷᠡᠬᠦ᠌᠎ᠶ᠋ᠢ ᠬᠠᠷᠠᠬ᠍ᠰᠠᠨ ᠰᠦᠬᠡ ᠡᠨᠡ ᠭᠡᠷ᠎ᠤᠨ ᠴᠤᠷᠢ᠎ᠶ᠋ᠢᠨ ᠭᠠᠭ᠍ᠴᠠ ᠡᠷ᠎ᠡ ᠬᠦᠮᠦᠨ ᠪᠤᠯᠤᠬ᠍ᠰᠠᠨ ᠦᠪᠡᠷ᠎ᠤᠨ ᠬᠢᠨᠢ ᠮᠦᠷᠦ᠍ ᠲᠡᠭᠡᠷ᠎ᠡ᠎ᠨᠢ ᠬᠡᠳᠦ᠋ᠢᠴᠢᠨᠡᠭᠡᠨ ᠬᠦᠨᠳᠦ ᠡᠭᠦᠷᠭᠡ ᠲᠠᠯᠪᠢᠬ᠍ᠳᠠᠬ᠍ᠰᠠᠨᠢ ᠤᠬᠠᠭᠠᠵᠤ᠂ ᠪᠤᠰᠤᠳ᠎ᠤᠨ ᠬᠤᠨᠢᠨ ᠰᠦᠷᠦᠭ᠎ᠢ ᠰᠠᠢᠳᠤᠷ ᠬᠠᠷᠢᠭᠤᠯᠬᠤ ᠮᠦᠷᠳᠡᠭᠡᠨ ᠭᠡᠷ᠎ᠲᠡᠭᠡᠨ ᠬᠠᠷᠢᠵᠤ ᠢᠷᠡᠮᠡᠭ᠌ᠴᠡ ᠲᠦᠯᠡᠭᠡ ᠠᠪᠬᠤ᠂ ᠤᠰᠤ ᠲᠠᠮᠨᠠᠬᠤ ᠵᠡᠷᠭᠡ ᠠᠵᠢᠯ᠎ᠢ ᠬᠡᠨ᠎ᠳᠤ ᠴᠤ᠌ ᠦᠷᠳᠦᠯ ᠦᠭᠡᠢ ᠬᠢᠳᠡᠭ ᠪᠠᠢᠯ᠎ᠠ᠃ ᠲᠡᠷᠡ ᠰᠡᠳᠭᠢᠯ᠎ᠳᠡᠭᠡᠨ᠄ 《 ᠠᠯᠢ ᠲᠦᠷᠭᠡᠨ᠎ᠢᠶᠠᠷ ᠬᠢᠷᠢ ᠲᠡᠩᠴᠡᠭ᠌ᠰᠡᠨ ᠮᠠᠯᠴᠢᠨ ᠬᠦᠮᠦᠨ ᠪᠤᠯᠵᠤ᠂ ᠡᠵᠢ᠎ᠪᠠᠨ ᠡᠷᠳᠡ ᠨᠢᠭᠡ ᠡᠳᠦᠷ ᠵᠢᠷᠭᠠᠭᠤᠯᠤᠨ᠎ᠠ》 ᠭᠡᠵᠤ ᠵᠤᠷᠢᠭ ᠱᠢᠭᠤᠳᠴᠤ᠌ ᠪᠠᠢᠯ᠎ᠠ᠃
ᠭᠡᠶ᠎ᠡ ᠦᠷ᠎ᠡ ᠬᠦᠤᠶ᠋ᠢᠨᠢᠶᠠᠨ ᠡᠯᠪᠡᠷᠢᠯ ᠵᠢᠷᠤᠮ᠎ᠲᠠᠢ᠂ ᠠᠵᠢᠯᠴᠢ ᠬᠦᠳᠡᠯᠮᠦᠷᠢ᠂ ᠵᠤᠷᠢᠭ ᠰᠦᠰᠦᠲᠠᠢ ᠬᠦᠮᠦᠵᠢᠭ᠌ᠳᠡᠬᠦ᠌ᠶ᠋ᠢ ᠬᠠᠷᠠᠬ᠍ᠰᠠᠨ ᠡᠵᠢ᠎ᠨᠢ ᠦᠨᠡᠨ ᠰᠡᠳᠭᠢᠯ᠎ᠠᠴᠠ᠎ᠪᠠᠨ ᠪᠠᠶᠠᠷᠯᠠᠬᠤ᠎ᠶ᠋ᠢᠨ ᠴᠠᠭᠠᠨ᠎ᠠ᠂ ᠬᠡᠤᠬᠡᠳ᠎ᠤᠨ᠎ᠢᠶᠠᠨ ᠠᠯᠤᠰ ᠢᠷᠡᠭᠡᠳᠦᠢ᠎ᠶ᠋ᠢ ᠴᠤ᠌ ᠪᠤᠳᠤᠯᠬᠢᠯᠠᠵᠤ ᠪᠠᠢᠯ᠎ᠠ᠃ ᠦᠪᠡᠷ᠎ᠢᠶᠠᠨ ᠪᠢᠴᠢᠭ ᠰᠤᠶᠤᠯ ᠬᠦᠷᠳᠡᠭ᠌ᠰᠡᠨ ᠦᠭᠡᠢ ᠴᠤ᠌ ᠪᠢᠴᠢᠭ ᠰᠤᠶᠤᠯ ᠨᠢᠬᠡ ᠭᠦᠮᠦᠨ᠎ᠤ ᠬᠤᠪᠢ ᠵᠠᠶᠠᠭ᠎ᠠ᠎ᠶ᠋ᠢ ᠬᠤᠪᠢᠷᠠᠭᠤᠯᠵᠤ ᠮᠡᠳᠡᠬᠦ᠌ ᠶᠡᠭᠡ ᠤᠬᠠᠭᠠᠨ᠎ᠢ ᠭᠦᠨ ᠤᠯᠤᠬ᠍ᠰᠠᠨ ᠲᠡᠷᠡ ᠬᠦᠳᠡᠯᠮᠦᠷᠢ ᠬᠦᠴᠤ᠌ ᠲᠤᠳᠠᠵᠤ ᠪᠠᠢᠬ᠍ᠰᠠᠨ ᠴᠤ᠌᠂ ᠬᠦᠤ ᠰᠦᠬᠡ᠎ᠪᠠᠨ ᠰᠤᠷᠭᠠᠭᠤᠯᠢ ᠰᠤᠶᠤᠯ᠎ᠤᠨ ᠮᠦᠷ ᠬᠦᠭᠡᠯᠭᠡᠬᠦ᠌ᠪᠠᠷ ᠵᠤᠷᠢᠭ ᠱᠢᠭᠤᠳᠪᠠ᠃
1958 ᠤᠨ᠎ᠤ ᠨᠠᠮᠤᠷ᠂ 11 ᠨᠠᠰᠤᠳᠠᠢ ᠰᠦᠬᠡ ᠡᠵᠢ᠎ᠶ᠋ᠢᠨ᠎ᠢᠶᠠᠨ ᠲᠠᠭᠠᠭᠤᠯᠭ᠎ᠠ ᠲᠤᠤᠷ᠎ᠠ᠂ ᠬᠤᠱᠢᠭᠤᠨ ᠲᠦᠪ ᠲᠠᠯᠠᠢᠬᠦ᠋ᠪ ᠪᠠᠯᠭᠠᠰᠤᠨ᠎ᠤ ᠪᠠᠭ᠎ᠠ ᠰᠤᠷᠭᠠᠭᠤᠯᠢ᠎ᠳᠤ ᠨᠡᠷ᠎ᠡ ᠮᠡᠳᠡᠭᠦᠯᠵᠤ᠂ ᠪᠢᠴᠢᠭ ᠰᠤᠶᠤᠯ᠎ᠤᠨ ᠮᠦᠷ᠎ᠢ ᠬᠦᠭᠡᠭᠡᠵᠠᠢ᠃ ᠡᠵᠢ᠎ᠨᠢ ᠲᠡᠭᠦᠨ᠎ᠤ ᠲᠤᠯᠤᠭᠠᠢ᠎ᠶ᠋ᠢ ᠢᠯᠪᠢᠵᠤ᠄ 《ᠪᠠᠭ᠍ᠰᠢ᠎ᠶ᠋ᠢᠨ᠎ᠢᠶᠠᠨ ᠦᠭᠡ᠎ᠶ᠋ᠢ ᠰᠤᠨᠤᠰ᠂ ᠭᠡᠷ᠎ᠲᠡᠭᠡᠨ ᠪᠢᠳᠡᠭᠡᠢ ᠰᠠᠨᠠᠭ᠎ᠠ ᠪᠤᠯ!》 ᠭᠡᠵᠤ ᠰᠤᠷᠭᠠᠯ ᠬᠠᠢᠷᠠᠯᠠᠬ᠍ᠰᠠᠨᠢ ᠰᠤᠨᠤᠰᠤᠭᠠᠳ ᠲᠡᠷᠡ ᠲᠡᠭᠦᠨ᠎ᠤ ᠮᠦᠷᠦ᠍ ᠲᠡᠭᠡᠷ᠎ᠡ ᠡᠵᠢ ᠬᠦᠮᠦᠨ᠎ᠤ ᠬᠡᠳᠦᠢ ᠬᠦᠨᠳᠦ ᠨᠠᠢᠳᠠᠯᠭ᠎ᠠ ᠲᠤᠰᠴᠤ᠌ ᠪᠠᠢᠬᠤ᠎ᠶ᠋ᠢ ᠦᠨᠡᠨ ᠰᠡᠳᠭᠢᠯ᠎ᠠᠴᠠ᠎ᠪᠠᠨ ᠤᠢ᠍ᠢᠯᠠᠭᠠᠬ᠍ᠰᠠᠨ ᠪᠠᠢᠪᠠ᠃
ᠲᠠᠯᠠᠢᠬᠦ᠋ᠪ ᠪᠠᠯᠭᠠᠰᠤ ᠰᠦᠬᠡ᠎ᠶ᠋ᠢᠨ ᠭᠡᠷ᠎ᠠᠴᠠ 40 ᠭᠠᠷᠤᠢ ᠺᠢᠯᠤᠮᠧᠲᠷ ᠵᠠᠢᠳᠠᠢ ᠪᠤᠯᠬᠤᠷ᠂ ᠰᠦᠬᠡ ᠡᠵᠢ᠎ᠪᠠᠨ ᠦᠭᠡᠢᠯᠡᠪᠡᠴᠤ᠌ ᠭᠡᠷ᠎ᠲᠡᠭᠡᠨ ᠬᠠᠷᠢᠵᠤ ᠴᠢᠳᠠᠳᠠᠭ ᠦᠭᠡᠢ᠂ ᠡᠳᠦᠷᠵᠢᠨ ᠪᠢᠴᠢᠭ ᠨᠤᠮ᠎ᠲᠠᠢ᠎ᠪᠠᠨ ᠨᠤᠤᠷᠠᠯᠳᠤᠨ ᠰᠠᠭᠤᠳᠠᠭ ᠠᠵᠢ᠃ ᠡᠵᠢ᠎ᠨᠢ ᠲᠡᠭᠦᠨ᠎ᠢ ᠨᠢᠭᠡ ᠰᠠᠷ᠎ᠠ ᠪᠤᠶᠤ ᠬᠤᠶᠠᠷ ᠰᠠᠷ᠎ᠠ᠎ᠳᠤ ᠨᠢᠭᠡ ᠤᠳᠠᠭ᠎ᠠ ᠡᠷᠬᠢᠨ ᠦᠵᠡᠳᠡᠭ ᠲᠡᠳᠦᠢ ᠪᠠᠢᠯ᠎ᠠ᠃ ᠭᠡᠪᠡᠴᠤ᠌ ᠬᠠᠷ᠎ᠠ ᠪᠠᠭ᠎ᠠ᠎ᠠᠴᠠ᠎ᠪᠠᠨ ᠬᠠᠳᠠᠭᠤ ᠬᠦᠳᠡᠯᠮᠦᠷᠢ᠎ᠳᠤ ᠲᠠᠪᠳᠠᠬ᠍ᠳᠠᠬ᠍ᠳᠠᠬ᠍ᠰᠠᠨ ᠲᠡᠷᠡ ᠡᠵᠢ᠎ᠶ᠋ᠢᠨ᠎ᠢᠶᠠᠨ ᠡᠪᠦᠷ᠎ᠲᠤ ᠲᠤᠯᠤᠭᠠᠢ ᠨᠠᠭᠠᠭᠠᠵᠤ ᠤᠬᠢᠯᠠᠬᠤ᠎ᠠᠴᠠ ᠪᠤᠰᠤᠳ ᠴᠠᠭ᠎ᠲᠤ ᠨᠢᠯᠪᠤᠰᠤ ᠤᠨᠠᠭᠠᠳᠠᠭ ᠦᠭᠡᠢ᠃ ᠤᠴᠢᠷ᠎ᠨᠢ᠄ 《ᠪᠢᠴᠢᠭ᠎ᠢᠶᠠᠨ ᠰᠠᠢᠨ ᠰᠤᠷᠬᠤ ᠦᠭᠡᠢ ᠪᠤᠯ ᠰᠠᠶᠢ ᠡᠵᠢ᠎ᠪᠠᠨ ᠭᠤᠮᠤᠳᠠᠭᠠᠵᠤ᠂ ᠡᠵᠢ᠎ᠪᠠᠨ ᠬᠦᠰᠡᠷᠳᠡᠭᠦᠯᠳᠡᠭ》 ᠢ ᠰᠦᠬᠡ ᠭᠦᠨ ᠤᠢ᠍ᠢᠯᠠᠭᠠᠨ᠎ᠠ᠃
ᠴᠢᠷᠮᠠᠢᠯᠭ᠎ᠠ ᠭᠡᠵᠤ ᠠᠮᠵᠢᠯᠳᠠ ᠤᠯᠬᠤ᠎ᠶ᠋ᠢᠨ ᠰᠠᠭᠤᠷᠢ ᠪᠠᠢᠳᠠᠭ᠃ ᠬᠠᠷᠬᠠᠨ ᠪᠠᠭ᠎ᠠ᠎ᠠᠴᠠ᠎ᠪᠠᠨ ᠲᠠᠷᠢᠬᠢ ᠰᠡᠷᠭᠦᠯᠡᠩ ᠰᠦᠬᠡ ᠰᠤᠷᠤᠯᠭ᠎ᠠ ᠬᠢᠴᠢᠶᠡᠯ᠎ᠳᠡᠭᠡᠨ ᠤᠯᠠᠨ᠎ᠠᠴᠠ ᠤᠷᠦ᠋ᠢᠯᠠᠵᠤ᠂ ᠨᠢᠭᠡᠳᠦᠭᠡᠷ ᠤᠨ᠎ᠠᠴᠠ᠎ᠪᠠᠨ ᠭᠤᠷᠪᠠᠳᠤᠭᠠᠷ ᠤᠨ᠎ᠳᠤ ᠦᠰᠦᠷᠴᠤ᠌᠂ ᠭᠤᠷᠪᠠᠳᠤᠭᠠᠷ ᠤᠨ᠎ᠠᠴᠠ᠎ᠪᠠᠨ ᠲᠠᠪᠤᠳᠤᠭᠠᠷ ᠤᠨ᠎ᠳᠤ ᠦᠰᠦᠷᠴᠤ᠌᠂ ᠪᠠᠭ᠎ᠠ ᠰᠤᠷᠭᠠᠭᠤᠯᠢ᠎ᠶ᠋ᠢᠨ ᠲᠠᠪᠤᠨ ᠵᠢᠯ᠎ᠤᠨ ᠬᠢᠴᠢᠶᠡᠯ ᠰᠤᠷᠤᠯᠭ᠎ᠠ᠎ᠶ᠋ᠢ ᠭᠤᠷᠪᠠᠨ ᠵᠢᠯ᠎ᠳᠤ ᠰᠤᠷᠴᠤ᠌ ᠪᠠᠷᠠᠭᠠᠨ ᠠᠩᠬ᠎ᠠ ᠲᠤᠮᠳᠠᠳᠤ ᠲᠡᠪᠱᠢᠨ ᠤᠷᠤᠬ᠍ᠰᠠᠨ ᠮᠦᠷᠳᠡᠭᠡᠨ ᠱᠢᠯᠢᠳᠡᠭ ᠬᠢᠷᠢ ᠪᠦᠳᠦᠮᠵᠢ᠎ᠪᠠᠷ ᠡᠵᠡᠨ᠎ᠡ ᠬᠤᠱᠢᠭᠤᠨ᠎ᠤ ᠲᠤᠮᠳᠠᠳᠤ ᠰᠤᠷᠭᠠᠭᠤᠯᠢ᠎ᠠᠴᠠ ᠲᠡᠭᠦᠰᠴᠤ᠌᠂ ᠦᠪᠦᠷ ᠮᠤᠩᠭᠤᠯ᠎ᠤᠨ ᠪᠠᠭ᠍ᠰᠢ᠎ᠶ᠋ᠢᠨ ᠶᠡᠭᠡ ᠰᠤᠷᠭᠠᠭᠤᠯᠢ᠎ᠶ᠋ᠢᠨ ᠬᠠᠷᠢᠶᠠᠳᠤ ᠲᠤᠮᠳᠠᠳᠤ ᠰᠤᠷᠭᠠᠭᠤᠯᠢ᠎ᠳᠤ ᠱᠢᠯᠭᠠᠨ ᠤᠷᠤᠯ᠎ᠠ᠃
ᠠᠮᠢᠳᠤᠷᠠᠯ ᠭᠡᠵᠤ ᠬᠠᠳᠠᠭᠤ ᠪᠡᠷᠬᠡ᠂ ᠠᠨᠳᠠᠷᠠᠭᠠᠨ ᠱᠢᠨᠵᠢᠷᠠᠭᠠᠨᠨᠢ ᠠᠯᠢᠪᠠ ᠭᠤᠸ᠎ᠡ ᠰᠠᠢᠬᠠᠨ ᠬᠦᠰᠡᠯ ᠬᠦᠭᠡᠭᠡᠴᠡᠯᠳᠦᠯᠢ ᠴᠤ᠌ ᠬᠦᠭᠡᠰᠦ ᠪᠤᠯᠭᠠᠵᠤ ᠮᠡᠳᠡᠳᠡᠭ᠃ ᠰᠦᠬᠡ ᠪᠠᠭ᠍ᠰᠢ᠎ᠶ᠋ᠢᠨ ᠶᠡᠭᠡ ᠰᠤᠷᠭᠠᠭᠤᠯᠢ᠎ᠶ᠋ᠢᠨ ᠬᠠᠷᠢᠶᠠᠳᠤ ᠲᠤᠮᠳᠠᠳᠤ ᠰᠤᠷᠭᠠᠭᠤᠯᠢ᠎ᠶ᠋ᠢᠨ ᠰᠤᠷᠤᠬ᠍ᠴᠢ ᠡᠯᠰᠡᠬᠦ᠌ ᠮᠡᠳᠡᠭ᠌ᠳᠡᠯ᠎ᠢ ᠤᠯᠤᠭᠠᠳ᠂ ᠪᠠᠶᠠᠷᠯᠠᠨ ᠵᠤᠷᠢᠬ᠍ᠵᠢᠬ᠍ᠰᠠᠨ ᠮᠦᠷᠳᠡᠭᠡᠨ ᠭᠤᠨᠢᠨ ᠵᠤᠪᠠᠯ᠎ᠠ᠃ ᠪᠠᠶᠠᠷᠯᠠᠬ᠍ᠰᠠᠨᠨᠢ ᠦᠷᠭᠦᠯᠵᠢᠯᠡᠨ ᠰᠤᠷᠭᠠᠭᠤᠯᠢ ᠰᠤᠶᠤᠯ᠎ᠤᠨ ᠮᠦᠷ᠎ᠢ ᠬᠦᠭᠡᠭᠡᠵᠤ ᠴᠢᠳᠠᠬᠤ ᠪᠤᠯᠪᠠ᠃ ᠱᠢᠯᠭᠠᠬ᠍ᠳᠠᠨ ᠤᠷᠤᠬ᠍ᠰᠠᠨ ᠡᠢᠮᠤ ᠲᠤᠬᠢᠶᠠᠯ ᠲᠤᠬᠠᠢ᠎ᠶ᠋ᠢᠨ ᠦᠶ᠎ᠡ᠎ᠳᠤ ᠡᠵᠡᠨ᠎ᠡ ᠬᠤᠱᠢᠭᠤᠨ᠎ᠳᠤ ᠡᠳᠦᠷ᠎ᠤᠨ ᠤᠳᠤ ᠱᠢᠬ ᠪᠠᠢᠳᠠᠭ᠎ᠢ ᠲᠡᠷᠡ ᠮᠡᠳᠡᠨ᠎ᠡ᠃ ᠭᠤᠨᠢᠵᠤ ᠵᠤᠪᠠᠨᠢᠬ᠍ᠰᠠᠨᠨᠢ ᠭᠡᠷ᠎ᠤᠨ ᠠᠮᠢᠳᠤᠷᠠᠯ ᠬᠦᠴᠢᠷᠳᠡᠯ᠎ᠲᠠᠢ᠃ ᠲᠡᠭᠦᠨ᠎ᠤ ᠰᠤᠷᠤᠯᠭ᠎ᠠ᠎ᠶ᠋ᠢᠨ ᠰᠦᠢᠳᠭᠡᠯ᠎ᠢ ᠱᠢᠢᠳᠪᠦᠷᠢᠯᠡᠵᠤ ᠲᠡᠢᠯᠬᠦ᠌ ᠦᠭᠡᠢ᠃
ᠲᠡᠭᠦᠨ᠎ᠤ ᠨᠢᠳᠦᠨ᠎ᠳᠤ ᠠᠵᠢᠯ ᠬᠦᠳᠡᠯᠮᠦᠷᠢ᠎ᠳᠤ ᠲᠠᠷᠤᠬ᠍ᠳᠠᠨ᠂ ᠦᠷᠴᠡᠢᠵᠤ ᠪᠦᠭ᠌ᠳᠦ᠋ᠢᠭ᠌ᠰᠡᠨ ᠡᠵᠢ᠎ᠨᠢ ᠭᠤᠪᠢ᠎ᠶ᠋ᠢᠨ ᠵᠡᠷᠭᠡᠯᠭᠡᠨᠳᠤ ᠰᠦᠮᠡᠯᠵᠡᠨ ᠬᠠᠷᠠᠬ᠍ᠳᠠᠬᠤ ᠱᠢᠬ ᠪᠤᠳᠤᠬ᠍ᠳᠠᠪᠠ; ᠪᠤᠳᠤᠯ᠎ᠳᠤᠨᠢ ᠭᠠᠱᠢᠭᠤ ᠤᠷᠬᠢᠵᠤ᠂ ᠨᠢᠳᠦ᠎ᠳᠤᠨᠢ ᠵᠠᠢᠷ ᠭᠦᠶᠦᠵᠤ᠂ ᠡᠨᠡ ᠶᠠᠪᠤᠳᠠᠯ᠎ᠢ ᠲᠠᠬᠢᠵᠤ ᠪᠤᠳᠤᠬᠤ ᠵᠤᠷᠢᠭ ᠬᠦᠷᠦᠭᠡ ᠦᠭᠡᠢ᠂ ᠮᠡᠳᠡᠭ᠌ᠳᠡᠯ᠎ᠤᠨ ᠪᠢᠴᠢᠭ᠎ᠢᠶᠠᠨ ᠱᠢᠭᠤᠳ ᠪᠤᠬ᠍ᠴᠤᠨᠳᠠᠭᠠᠨ ᠱᠢᠷᠭᠤᠭᠤᠯᠵᠤ ᠭᠡᠷ᠎ᠲᠡᠭᠡᠨ ᠬᠠᠷᠢᠵᠠᠢ᠂ ᠤᠴᠢᠵᠤ ᠲᠡᠢᠯᠬᠦ᠌ ᠦᠭᠡᠢ ᠪᠤᠯᠤᠬ᠍ᠰᠠᠨ ᠴᠤ᠌᠂ ᠡᠨᠡ᠎ᠨᠢ ᠲᠡᠬᠦᠨ᠎ᠤ ᠨᠢᠭᠡ ᠨᠠᠰᠤᠨ᠎ᠤ ᠲᠤᠷᠠᠰᠭᠠᠯ ᠪᠤᠯᠬᠤ ᠶᠤᠮ᠃ ᠡᠵᠢ᠎ᠨᠢ ᠶᠠᠭᠤ ᠴᠤ᠌ ᠠᠰᠠᠭᠤᠬ᠍ᠰᠠᠨ ᠦᠭᠡᠢ᠂ ᠲᠡᠭᠦᠨ᠎ᠤ ᠨᠢᠳᠤ᠎ᠶ᠋ᠢ ᠬᠠᠷᠠᠭᠠᠳ᠂ ᠶᠠᠭᠤ ᠪᠦᠬᠦᠨ᠎ᠢ ᠭᠠᠳᠠᠷᠯᠠᠵᠤ᠂ ᠤᠷᠳᠤ ᠭᠡᠭ᠌ᠴᠢ ᠰᠡᠭᠦᠷᠡᠰᠦᠯᠡᠭ᠌ᠰᠡᠨ ᠪᠠᠢᠪᠠ᠃ ᠡᠵᠢ ᠬᠦᠮᠦᠨ᠎ᠤ ᠨᠢᠳᠤ ᠭᠡᠭ᠌ᠴᠢ ᠦᠷ᠎ᠡ᠎ᠶ᠋ᠢᠨ ᠰᠡᠳᠭᠢᠯ᠎ᠢ ᠨᠡᠪᠳᠡ ᠲᠤᠯᠢᠳᠠᠬᠤ ᠡᠷᠳᠡᠨᠢ ᠲᠤᠯᠢ᠃ ᠰᠦᠬᠡ ᠴᠤ᠌ ᠡᠵᠢ᠎ᠶ᠋ᠢᠨ᠎ᠢᠶᠠᠨ ᠪᠤᠳᠤᠯ ᠰᠡᠳᠭᠢᠯ᠎ᠢ ᠤᠢ᠍ᠢᠯᠠᠭᠠᠵᠤ᠂ ᠡᠵᠢ᠎ᠶ᠋ᠢᠨ᠎ᠢᠶᠠᠨ ᠪᠤᠷᠬᠠᠨ ᠴᠠᠢᠯᠭᠠᠨ ᠰᠡᠳᠭᠢᠯ᠎ᠳᠤ ᠵᠠᠯᠪᠢᠷᠠᠵᠤ ᠲᠠᠭᠠᠳᠭᠠᠵᠤ ᠪᠠᠢᠯ᠎ᠠ᠃
— ᠪᠦᠬᠦ᠌ ᠤᠯᠤᠰ᠎ᠤᠨ 《ᠴᠠᠭ ᠦᠶ᠎ᠡ᠎ᠶ᠋ᠢᠨ ᠬᠡᠪ ᠲᠠᠭᠤᠷᠢᠶᠠᠯ》 ᠠᠯᠠᠱᠠ ᠠᠢᠮᠠᠭ᠎ᠤᠨ
ᠤᠯᠤᠰ ᠲᠦᠷᠦ᠎ᠶ᠋ᠢᠨ ᠵᠦᠪᠯᠡᠯᠭᠡᠨ᠎ᠤ ᠤᠤᠯ᠎ᠤᠨ ᠲᠡᠷᠢᠭᠦᠯᠡᠭ᠌ᠴᠢ ᠰᠦᠬᠡ᠎ᠶ᠋ᠢ ᠲᠡᠮᠳᠡᠭ᠌ᠯᠡᠪᠡ
《ᠠᠮᠠᠨ ᠰᠦᠨᠢ ᠠᠷᠢᠯᠤᠭ᠎ᠠ ᠦᠭᠡᠢ》 ᠪᠠᠷᠢᠭᠠᠳᠠ᠎ᠶ᠋ᠢᠨ ᠲᠠᠷᠤᠭ᠎ᠠ
1964 ᠤᠨ᠎ᠳᠤ᠂ ᠰᠦᠬᠡ ᠪᠠᠷᠢᠭᠠᠳᠠ᠎ᠳᠠᠭᠠᠨ ᠬᠠᠷᠢᠵᠤ᠂ ᠮᠠᠯᠴᠢᠨ ᠪᠤᠯᠪᠠ᠃ ᠲᠤᠰ ᠵᠢᠯ ᠲᠡᠷᠡ 17 ᠨᠠᠰᠤᠳᠠᠢ᠃ 《ᠡᠷ᠎ᠡ ᠦᠰᠴᠤ᠌᠂ ᠢᠰᠡᠭᠡᠢ ᠰᠤᠨᠤᠳᠠᠭ》 ᠭᠡᠳᠡᠭ᠎ᠢᠶᠠᠷ᠂ ᠡᠷ᠎ᠡ᠎ᠶ᠋ᠢᠨ ᠴᠡᠭᠡᠯ᠎ᠳᠤ ᠬᠦᠷᠦᠭ᠌ᠰᠡᠨ ᠰᠦᠬᠡ ᠦᠨᠳᠦᠷ ᠰᠠᠢᠬᠠᠨ ᠪᠡᠶ᠎ᠡ᠎ᠲᠠᠢ᠂ ᠦᠷᠭᠡᠨ ᠲᠡᠭ᠌ᠰᠢ ᠮᠦᠷᠦ᠎ᠲᠠᠢ᠂ ᠦᠳᠭᠡᠨ ᠬᠠᠷ᠎ᠠ ᠬᠦᠮᠦᠰᠭᠡ᠎ᠲᠠᠢ᠂ ᠲᠠᠷᠤᠤ ᠨᠤᠮᠤᠬᠠᠨ ᠵᠠᠩ᠎ᠲᠠᠢ ᠭᠠᠩᠭᠠᠩ ᠵᠠᠯᠠᠭᠤ ᠪᠤᠯᠴᠢᠬᠠᠬ᠍ᠰᠠᠨ ᠪᠠᠢᠯ᠎ᠠ᠃
ᠬᠡᠳᠦ᠋ᠢᠪᠡᠷ ᠠᠩᠬ᠎ᠠ ᠲᠤᠮᠳᠠ ᠲᠡᠭᠦᠰᠦᠭ᠌ᠰᠡᠨ ᠪᠤᠯᠪᠠᠴᠤ᠌᠂ ᠲᠤᠬᠠᠢ᠎ᠶ᠋ᠢᠨ ᠦᠶ᠎ᠡ᠎ᠳᠤ ᠪᠦᠬᠦ᠌ ᠭᠦᠡᠭ᠌ᠱᠧᠳᠤ ᠲᠡᠭᠦᠨ ᠱᠢᠭ ᠠᠩᠬ᠎ᠠ ᠲᠤᠮᠳᠠ᠎ᠪᠠᠨ ᠲᠤᠤᠱᠳᠠᠢ ᠲᠡᠭᠦᠰᠭᠡᠭ᠌ᠰᠡᠨ ᠰᠤᠷᠤᠬ᠍ᠴᠢ ᠲᠤᠭ᠎ᠠ᠎ᠲᠠᠢ ᠬᠡᠳᠦ ᠪᠠᠢᠬ᠍ᠰᠠᠨ᠎ᠢᠶᠠᠷ ᠰᠤᠶᠤᠯ ᠮᠡᠳᠡᠯᠭᠡ᠎ᠲᠠᠢ 《ᠰᠡᠭᠡᠭᠡᠳᠡᠨ》 ᠳᠤ ᠲᠤᠭᠠᠴᠢᠬ᠍ᠳᠠᠵᠤ ᠪᠠᠢᠪᠠ᠃ ᠭᠦᠡᠭ᠌ᠱᠧᠶ᠋ᠢᠨ ᠤᠳᠤᠷᠢᠳᠤᠯᠭ᠎ᠠ ᠡᠢᠮᠤ ᠰᠤᠶᠤᠯ᠎ᠲᠠᠢ ᠬᠡᠤᠬᠡᠳ᠎ᠢ ᠬᠤᠨᠢ ᠬᠠᠷᠢᠭᠤᠯᠤᠯᠤᠭᠠᠳ ᠬᠠᠢᠷᠠᠨ ᠬᠡᠮᠡᠵᠤ᠂ ᠠᠬᠠᠮᠠᠳ ᠨᠠᠮ᠎ᠤᠨ ᠭᠡᠱᠢᠭᠦᠨ᠂ ᠬᠦᠳᠡᠯᠮᠦᠷᠢ᠎ᠶ᠋ᠢᠨ ᠵᠢᠱ᠌ᠢᠶᠡᠴᠢ ᠴᠡᠷᠡᠨᠵᠠᠢᠶ᠋ᠢᠨ ᠠᠵᠢᠯ᠎ᠳᠤ ᠬᠠᠪᠰᠤᠷᠤᠭᠤᠯᠬᠤ᠎ᠪᠠᠷ ᠲᠤᠬ᠍ᠳᠠᠪᠠ᠃ ᠲᠤᠬᠠᠢ᠎ᠶ᠋ᠢᠨ ᠦᠶ᠎ᠡ᠎ᠳᠤ᠂ ᠴᠡᠷᠡᠨᠵᠡᠢ ᠨᠠᠰᠤᠳᠠᠨ ᠦᠶ᠎ᠡ ᠭᠡᠱᠢᠭᠦᠤᠶ᠋ᠢᠨ ᠡᠪᠡᠳᠴᠢᠨ ᠤᠯᠵᠤ᠂ ᠶᠠᠪᠤᠵᠤ ᠰᠠᠭᠤᠬᠤ᠎ᠳᠤ ᠲᠦᠭᠦᠮ ᠦᠭᠡᠢ ᠪᠤᠯᠬᠤᠷ᠂ ᠰᠦᠬᠡ ᠨᠠᠰᠤᠳᠠᠨ ᠭᠤᠸᠠᠢ᠎ᠶ᠋ᠢᠨ ᠲᠡᠮᠡᠭᠡ ᠮᠠᠯ᠎ᠢ᠎ᠨᠢ ᠠᠳᠤᠭᠤᠯᠵᠤ ᠦᠭ᠌ᠬᠦ᠎ᠶ᠋ᠢᠨ ᠬᠠᠮᠳᠤ᠂ ᠨᠠᠷᠢᠨ ᠪᠢᠴᠢᠭᠡᠴᠢ ᠪᠤᠯᠵᠤ᠂ ᠨᠠᠰᠤᠳᠠᠨ᠎ᠤ ᠪᠢᠴᠢᠭ ᠮᠠᠲ᠋ᠧᠷᠢᠶᠠᠯ᠎ᠢ᠎ᠨᠢ ᠡᠮᠬᠢᠳᠭᠡᠵᠤ ᠦᠭ᠌ᠬᠦ ᠠᠵᠢᠯ᠎ᠢ ᠬᠢᠳᠡᠭ ᠪᠠᠢᠯ᠎ᠠ᠃
ᠠᠬᠠᠮᠠᠳ ᠬᠦᠳᠡᠯᠮᠦᠷᠢ᠎ᠶ᠋ᠢᠨ ᠵᠢᠱ᠌ᠢᠶᠡᠴᠢ ᠴᠡᠷᠡᠨᠵᠡᠢ ᠭᠡᠵᠤ ᠰᠦ ᠱᠢᠭ ᠴᠠᠭᠠᠨ ᠰᠡᠳᠭᠢᠯ᠎ᠲᠠᠢ ᠴᠤ᠌᠂ ᠵᠠᠷᠴᠢᠮ᠎ᠤᠨ ᠠᠰᠠᠭᠤᠳᠠᠯ ᠲᠡᠭᠡᠷ᠎ᠡ ᠢᠯᠳᠠᠷ ᠨᠢᠭᠤᠷ ᠬᠠᠷᠠᠳᠠᠬ ᠦᠭᠡᠢ ᠮᠦᠰᠦ ᠱᠢᠭ ᠬᠠᠳᠠᠭᠤ ᠵᠠᠩ᠎ᠲᠠᠢ ᠬᠦᠮᠦᠨ᠃ ᠨᠠᠰᠤᠳᠠᠨ ᠭᠤᠸᠠᠢ ᠰᠦᠬᠡ᠎ᠶ᠋ᠢᠨ ᠠᠵᠢᠯ ᠬᠦᠳᠡᠯᠮᠦᠷᠢ᠎ᠳᠡᠭᠡᠨ ᠰᠠᠢᠨ᠂ ᠨᠤᠮᠤᠬᠠᠨ ᠲᠠᠷᠤᠤ᠂ ᠦᠨᠡᠨᠴᠢ ᠱᠢᠳᠤᠷᠭᠤ ᠵᠠᠩ᠎ᠢ ᠶᠡᠬᠡᠳᠡ ᠲᠤᠭᠤᠵᠤ᠂ ᠲᠡᠮᠡᠭᠡ ᠮᠠᠯ ᠠᠳᠤᠭᠤᠯᠬᠤ᠎ᠠᠴᠠ ᠡᠬᠢᠯᠡᠨ ᠬᠦᠮᠦᠨ ᠪᠤᠯᠬᠤ ᠶᠤᠰᠤ ᠤᠴᠢᠷ᠎ᠢ ᠵᠢᠭᠠᠵᠤ᠂ ᠮᠠᠤ ᠲᠡᠷᠢᠭᠦᠯᠡᠭ᠌ᠴᠢ᠎ᠶ᠋ᠢᠨ ᠰᠤᠩᠭᠤᠮᠠᠯ ᠵᠤᠬᠢᠶᠠᠯ᠎ᠢ ᠰᠤᠷᠤᠯᠴᠠᠭᠤᠯᠤᠨ᠂ ᠤᠯᠠᠨ ᠶᠤᠰᠤ ᠤᠴᠢᠷ᠎ᠢ ᠵᠢᠭᠠᠵᠤ ᠦᠭ᠌ᠳᠡᠭ ᠪᠠᠢᠯ᠎ᠠ᠃ ᠢᠡᠭ᠌ᠬᠢᠭᠡᠳ ᠰᠦᠬᠡ᠎ᠶ᠋ᠢᠨ ᠦᠵᠡᠯ ᠤᠬᠠᠮᠰᠠᠷ᠂ ᠲᠠᠨᠢᠯᠳᠠ᠎ᠶ᠋ᠢᠨ ᠬᠢᠷᠢ ᠲᠦᠪᠱᠢᠨ ᠶᠡᠬᠡᠪᠡᠷ ᠲᠡᠭᠡᠭ᠌ᠰᠢᠯᠡᠵᠤ᠂ ᠴᠡᠷᠡᠨᠵᠠᠢ ᠨᠠᠰᠤᠳᠠᠨ᠎ᠤ ᠲᠠᠨᠢᠯᠴᠠᠭᠤᠯᠭ᠎ᠠ᠎ᠪᠠᠷ 1966 ᠤᠨ᠎ᠳᠤ᠂ ᠲᠤᠮᠳᠠᠳᠤ ᠤᠯᠤᠰ᠎ᠤᠨ ᠡᠪ ᠬᠠᠮᠳᠤ ᠨᠠᠮ᠎ᠳᠤ ᠡᠯᠰᠡᠭ᠌ᠳᠡᠪᠠ᠃
ᠵᠠᠶᠠᠭ᠎ᠠ ᠲᠠᠪᠢᠯᠠᠩ ᠭᠡᠵᠤ ᠠᠯᠢ ᠨᠢᠭᠡ ᠢᠷᠡᠭᠡᠳᠦᠢ ᠮᠡᠳᠡᠭ᠌ᠴᠢ ᠲᠤᠬᠢᠶᠠᠭᠠᠳ ᠲᠠᠯᠪᠢᠬ᠍ᠰᠠᠨ ᠱᠢᠭ ᠰᠤᠨᠢᠨ᠃ ᠰᠦᠬᠡ ᠴᠡᠷᠡᠨᠵᠡᠢ ᠨᠠᠰᠤᠳᠠᠨ᠎ᠤ ᠲᠠᠮᠡᠭᠡ ᠮᠠᠯ᠎ᠢ ᠬᠠᠷᠢᠭᠤᠯᠬᠤ ᠲᠠᠱᠢᠷᠠᠮ᠂ ᠵᠡᠷᠭᠡᠯᠡᠳᠡᠭᠡ ᠬᠤᠳᠠ ᠠᠢᠯ᠎ᠤᠨ ᠮᠠᠯ᠎ᠤᠨ ᠰᠦᠷᠦᠭ᠎ᠲᠠᠢ ᠰᠦᠷᠦᠭ᠎ᠢᠶᠠᠨ ᠬᠡᠳᠦ ᠤᠳᠠᠭ᠎ᠠ ᠨᠡᠢᠯᠡᠭᠦᠯᠵᠤ᠂ ᠲᠡᠷᠡ ᠠᠢᠯ᠎ᠤᠨ ᠳ᠋ᠧᠯᠢᠭ ᠭᠡᠰᠡᠨ ᠬᠡᠤᠬᠡᠨ᠎ᠲᠠᠢ ᠲᠠᠨᠢᠯᠴᠠᠬ᠍ᠰᠠᠨ ᠪᠠᠢᠪᠠ᠃ ᠵᠠᠳᠠᠭᠠᠢ ᠮᠠᠯᠵᠢᠳᠠᠬ ᠨᠡᠭᠦᠳᠡᠯ ᠮᠠᠯᠵᠢᠯ᠎ᠳᠤ᠂ ᠮᠠᠯ᠎ᠤᠨ ᠰᠦᠷᠦᠭ ᠨᠡᠢᠯᠡᠬᠦ᠌᠎ᠨᠢ ᠡᠩ ᠵᠢᠷ᠎ᠤᠨ ᠤᠴᠢᠷ ᠪᠤᠯᠪᠠᠴᠤ᠌᠂ ᠡᠨᠡᠬᠦ᠌ ᠲᠤᠬᠢᠶᠠᠯ᠎ᠢᠶᠠᠷ ᠭᠠᠩᠭᠠᠩ ᠵᠠᠯᠠᠭᠤ ᠭᠤᠸ᠎ᠠ ᠬᠡᠤᠬᠡᠨ ᠵᠠᠩ ᠵᠠᠩ᠎ᠢᠶᠠᠨ ᠤᠯᠤᠯᠴᠠᠨ᠂ ᠬᠠᠢᠷ᠎ᠠ ᠰᠡᠳᠭᠢᠯᠭᠡ᠎ᠲᠠᠢ ᠪᠤᠯᠤᠭᠠᠳ᠂ ᠬᠠᠯᠠᠭᠤᠨ ᠲᠤᠯᠠᠭᠠᠨ ᠭᠡᠷ ᠪᠦᠯᠢ ᠪᠠᠢᠭᠤᠯᠤᠬ᠍ᠰᠠᠨ ᠪᠠᠢᠨ᠎ᠠ᠃ ᠲᠤᠰ ᠵᠢᠯ ᠰᠦᠬᠡ 20 ᠨᠠᠰᠤᠳᠠᠢ᠂ ᠳ᠋ᠧᠯᠢᠭ 17 ᠨᠠᠰᠤᠳᠠᠢ᠃
ᠰᠦᠬᠡ ᠲᠠᠷᠢᠬᠢ ᠲᠤᠯᠤᠭᠠᠢ ᠬᠤᠷᠴᠠ᠂ ᠰᠤᠷᠴᠤ᠌ ᠮᠡᠳᠡᠬᠦ᠌᠎ᠳᠤ ᠪᠠᠭ᠍ᠠᠳᠠᠢ᠃ ᠲᠤᠬᠠᠢ᠎ᠶ᠋ᠢᠨ ᠦᠶ᠎ᠡ᠎ᠳᠤ᠂ ᠪᠠᠷᠢᠭᠠᠳᠠ᠎ᠳᠤᠨᠢ 《ᠳ᠋ᠦᠩ ᠹᠠᠩ ᠬᠤᠩ》 ᠲᠷᠺᠲ᠋ᠤᠷ ᠪᠠᠢᠯ᠎ᠠ᠃ ᠡᠨᠡᠬᠦ᠌ 《ᠲᠡᠮᠦᠷ ᠦᠬᠡᠷ》 ᠢ ᠬᠦᠳᠡᠯᠭᠡᠵᠤ ᠴᠢᠳᠠᠬᠤ ᠬᠦᠮᠦᠨ ᠦᠭᠡᠢ ᠪᠠᠢᠪᠠ᠃ ᠲᠡᠷᠡ ᠲᠡᠭᠡᠳᠤ ᠱᠠᠳᠤᠨ᠎ᠤ ᠮᠡᠷᠭᠡᠵᠢᠯᠳᠡᠨ᠎ᠠᠴᠠ ᠰᠤᠷᠤᠯᠴᠠᠬᠤ᠂ ᠪᠢᠴᠢᠭ ᠨᠤᠮ ᠤᠷᠪᠠᠭᠤᠯᠬᠤ᠂ ᠦᠪᠡᠷ᠎ᠢᠶᠠᠨ ᠲᠠᠷᠢᠬᠢ ᠬᠦᠳᠡᠯᠭᠡᠬᠦ᠌ ᠵᠡᠷᠭᠡ᠎ᠪᠠᠷ ᠲᠠᠮᠵᠢᠨ᠂ ᠲᠤᠰ ᠲᠷᠺᠲ᠋ᠤᠷᠢ ᠵᠢᠯᠤᠭᠤᠳᠭᠤ᠂ ᠵᠠᠰᠠᠪᠤᠷᠢᠯᠠᠬᠤ ᠮᠡᠷᠭᠡᠵᠢᠯ᠎ᠢ ᠡᠵᠡᠮᠱᠢᠭ᠌ᠰᠡᠨ ᠪᠦᠭᠡᠳ ᠲᠤᠤᠷ᠎ᠠ᠎ᠪᠠᠨ ᠪᠠᠰᠠ ᠬᠡᠳᠦᠨ ᠮᠡᠷᠭᠡᠵᠢᠯ᠎ᠲᠠᠢ ᠬᠦᠮᠦᠨ᠎ᠢ ᠬᠦᠮᠦᠵᠢᠭᠦᠯᠵᠤ ᠠᠪᠴᠠᠢ᠃
1968 ᠤᠨ᠎ᠳᠤ᠂ ᠰᠦᠬᠡ᠎ᠶ᠋ᠢᠨ ᠬᠤᠪᠢ ᠵᠠᠶᠠᠭᠠᠨ᠎ᠳᠤ ᠡᠷᠬᠢᠯᠳᠡ᠎ᠶ᠋ᠢᠨ ᠴᠢᠨᠠᠷᠳᠠᠢ ᠬᠤᠪᠢᠷᠠᠯᠳᠠ ᠭᠠᠷᠴᠤ᠌᠂ ᠲᠡᠷᠡ ᠢᠪᠡᠤᠳᠤ ᠪᠠᠷᠢᠭᠠᠳᠠ᠎ᠶ᠋ᠢᠨ ᠲᠠᠷᠤᠭ᠎ᠠ᠎ᠪᠠᠷ ᠲᠤᠮᠢᠯᠠᠬ᠍ᠳᠠᠪᠠ᠃ ᠲᠤᠰ ᠵᠢᠯ ᠲᠡᠷᠡ ᠰᠠᠶᠢ 21 ᠨᠠᠰᠤᠳᠠᠢ᠃
ᠬᠦᠭ᠌ᠰᠢᠨ ᠡᠵᠢ᠎ᠨᠢ ᠰᠦᠬᠡ᠎ᠶ᠋ᠢᠨ ᠪᠠᠷᠢᠭᠠᠳᠠ᠎ᠶ᠋ᠢᠨ ᠲᠠᠷᠤᠭ᠎ᠠ ᠪᠤᠯᠤᠬ᠍ᠰᠠᠨᠢ ᠰᠤᠨᠤᠰᠤᠭᠠᠳ᠂ ᠬᠦᠡᠭ᠌ᠭᠠᠷᠤ ᠊ᠠ᠋ᠳᠠᠭᠠᠨ ᠵᠤᠯᠠ ᠪᠠᠷᠢᠵᠤ᠄ 《ᠲᠡᠭᠡᠳᠤ᠎ᠶ᠋ᠢᠨ ᠠᠪᠤᠷᠠᠯ ᠡ》 ᠭᠡᠵᠤ ᠵᠠᠯᠪᠢᠷᠠᠬᠤ᠎ᠶ᠋ᠢᠨ ᠬᠠᠮᠳᠤ᠄ 《ᠮᠢᠨᠤ ᠬᠦᠤ ᠵᠠᠪᠠᠯ ᠴᠢᠷᠮᠠᠢᠵᠤ᠂ ᠤᠯᠠᠨ ᠲᠦᠮᠡᠨ᠎ᠤ ᠬᠦᠰᠡᠯ ᠨᠠᠢᠳᠠᠯᠭ᠎ᠠ᠎ᠶ᠋ᠢ ᠬᠦᠰᠡᠷᠳᠡᠭᠦᠯᠵᠤ ᠪᠤᠯᠬᠤ ᠦᠭᠡᠢ ᠱᠢᠤ》 ᠭᠡᠵᠤ ᠠᠷᠢᠭᠤᠨ ᠰᠤᠷᠭᠠᠯ᠂ ᠢᠳᠡᠭᠡᠯ ᠵᠤᠷᠢᠭ ᠬᠠᠢᠢᠷᠠᠯᠠᠪᠠ᠃
ᠰᠦᠬᠡ ᠰᠡᠳᠭᠢᠯ᠎ᠳᠡᠭᠡᠨ ᠲᠡᠭᠦᠨ᠎ᠢ ᠡᠨᠡᠬᠦ᠌ ᠠᠵᠢᠯ᠎ᠤᠨ ᠪᠠᠢᠷᠢᠨ᠎ᠳᠤ ᠭᠠᠷᠭᠠᠬ᠍ᠰᠠᠨ᠎ᠨᠢ ᠰᠤᠶᠤᠯ ᠮᠡᠳᠡᠯᠭᠡ᠎ᠲᠠᠢ᠂ ᠦᠨᠡᠨᠴᠢ ᠢᠳᠡᠭᠡᠮᠵᠢᠳᠠᠢ᠎ᠳᠤᠨᠢ ᠭᠠᠭ᠍ᠴᠠ ᠪᠠᠢᠬᠤ ᠪᠢᠰᠢ᠂ ᠬᠠᠷᠢᠨ ᠤᠯᠠᠨ ᠲᠦᠮᠡᠨ ᠲᠡᠭᠦᠨ᠎ᠢ ᠪᠦᠬᠦ᠌ ᠪᠠᠷᠢᠭᠠᠳᠠ᠎ᠶ᠋ᠢᠨ ᠶᠠᠳᠠᠭᠤ ᠬᠤᠴᠤᠷᠤᠩᠭᠤᠢ ᠮᠠᠯᠠᠭᠠᠢ᠎ᠶ᠋ᠢ ᠠᠪᠴᠤ᠌ ᠬᠠᠶᠠᠬᠤ ᠴᠢᠳᠠᠪᠤᠷᠢ᠎ᠲᠠᠢ ᠭᠡᠵᠤ ᠢᠳᠡᠭᠡᠭ᠌ᠰᠡᠨᠳᠤ ᠪᠤᠢ ᠭᠡᠳᠡᠭ᠎ᠢ ᠤᠬᠠᠭᠠᠵᠤ᠂ ᠬᠤᠶᠠᠷ ᠮᠦᠷᠦᠨ ᠲᠡᠭᠡᠷ᠎ᠡ᠎ᠨᠢ ᠬᠡᠳᠦᠢ ᠬᠦᠨᠳᠤ ᠶᠠᠭᠤᠮ᠎ᠠ᠎ᠶ᠋ᠢ ᠡᠭᠦᠷᠭᠡᠯᠡᠵᠤ ᠪᠠᠢᠬᠤ᠎ᠶ᠋ᠢ ᠲᠤᠳᠤᠷᠬᠠᠢ ᠤᠢ᠍ᠢᠯᠠᠭᠠᠵᠤ ᠪᠠᠢᠯ᠎ᠠ᠃
ᠲᠤᠬᠠᠢ᠎ᠶ᠋ᠢᠨ ᠦᠶ᠎ᠡ᠎ᠳᠤ᠂ 《ᠲᠠᠷᠢᠶᠠᠯᠠᠩ ᠳ᠋ᠠᠵᠠᠢ᠎ᠠᠴᠠ ᠰᠤᠷᠤᠯᠴᠠᠬᠤ》 ᠬᠦᠳᠡᠯᠭᠡᠭᠡᠨ ᠪᠦᠬᠦ᠌ ᠤᠯᠤᠰ᠎ᠤᠨ ᠴᠢᠨᠠᠷᠳᠠᠢ ᠦᠷᠨᠢᠵᠤ᠂ ᠭᠠᠵᠠᠷ ᠪᠤᠯᠭᠠᠨ᠎ᠳᠤ ᠬᠠᠯᠠᠭᠤᠨ ᠵᠤᠷᠢᠭ ᠪᠤᠷᠬᠢᠯᠤᠵᠤ᠂ ᠬᠦᠳᠡᠯᠮᠦᠷᠢ᠎ᠶ᠋ᠢᠨ ᠲᠠᠯᠠᠢ ᠪᠤᠴᠠᠯᠤᠨ᠂ 《ᠬᠦᠮᠦᠨ ᠪᠠᠢᠭᠠᠯᠢ᠎ᠶ᠋ᠢ ᠢᠯᠠᠬᠤ》 ᠠᠤᠭ᠎ᠠ ᠰᠦᠰᠦ ᠵᠤᠷᠢᠭ᠎ᠢᠶᠠᠷ ᠱᠠᠳᠤᠨ ᠲᠠᠷᠢᠶ᠎ᠠ ᠭᠠᠷᠭᠠᠵᠤ᠂ ᠤᠰᠤᠨ ᠴᠦᠭᠦᠷᠦᠮ ᠵᠠᠰᠠᠨ᠂ ᠱᠢᠨ᠎ᠠ ᠱᠢᠨ᠎ᠡ ᠲᠡᠤᠬᠡᠨ ᠬᠠᠭᠤᠳᠠᠰᠤ ᠪᠢᠴᠢᠭ᠌ᠯᠡᠭ᠌ᠳᠡᠵᠤ ᠯᠡ ᠪᠠᠢᠪᠠ᠃ ᠡᠨᠡ ᠤᠷᠤᠰᠭᠠᠯ ᠤᠳᠠᠵᠤ ᠲᠦᠳᠡᠭ᠌ᠰᠡᠨ ᠦᠭᠡᠢ ᠢᠪᠡᠤᠳᠤ ᠭᠠᠴᠠᠭ᠎ᠠ᠎ᠶ᠋ᠢ ᠬᠠᠮᠤᠷᠪᠠ᠃
ᠠᠮᠤ ᠪᠤᠳᠠᠭ᠎ᠠ ᠪᠤᠯ ᠬᠦᠳᠦᠯᠪᠦᠷᠢ᠂ ᠠᠷᠠᠳ ᠲᠦᠮᠡᠨ᠎ᠤ ᠭᠡᠳᠡᠰᠤ ᠴᠠᠳᠭᠤᠯᠠᠩ ᠠᠰᠠᠭᠤᠳᠠᠯ ᠪᠤᠯ ᠲᠡᠷᠢᠭᠦᠨ ᠴᠢᠬᠤᠯᠠ ᠠᠰᠠᠭᠤᠳᠠᠯ᠃ 《ᠠᠳᠠᠷ ᠬᠠᠭᠠᠯᠪᠤᠷᠢᠯᠠᠵᠤ ᠦᠪᠡᠷ᠎ᠤᠨ ᠬᠦᠴᠦ᠎ᠪᠠᠷ᠎ᠢᠶᠠᠨ ᠲᠡᠭ᠌ᠵᠢᠷᠡᠬᠦ᠌》 ᠲᠦᠪ᠎ᠤᠨ ᠵᠤᠷᠢᠬ ᠰᠠᠨᠠᠭ᠎ᠠ ᠲᠠᠬᠢᠨ ᠲᠠᠬᠢᠨ ᠤᠯᠠᠮᠵᠢᠯᠠᠬ᠍ᠳᠠᠵᠤ ᠪᠠᠢᠯ᠎ᠠ᠃ ᠰᠦᠬᠡ ᠠᠳᠠᠷ ᠬᠠᠭᠠᠯᠪᠤᠷᠢᠯᠠᠵᠤ ᠲᠠᠷᠢᠶ᠎ᠠ ᠲᠠᠷᠢᠬᠤ᠎ᠪᠠᠷ ᠱᠢᠢᠳᠪᠡ᠃ ᠦᠶ᠎ᠡ᠎ᠶ᠋ᠢᠨ ᠦᠶ᠎ᠡ ᠮᠠᠯᠵᠢᠬᠤ ᠠᠮᠢᠳᠤᠷᠠᠯ ᠬᠢᠭ᠌ᠰᠡᠨ ᠵᠠᠷᠢᠮ ᠮᠠᠯᠴᠢᠳ ᠡᠨᠡᠬᠦ᠌ ᠰᠤᠩᠭᠤᠯᠳᠠ᠎ᠳᠤ ᠨᠠᠢᠳᠠᠪᠤᠷᠢ ᠮᠠᠭᠤᠳᠠᠢ᠃ 《ᠲᠦᠪ᠎ᠤᠨ ᠵᠤᠷᠢᠭ ᠰᠠᠨᠠᠭ᠎ᠠ᠎ᠶ᠋ᠢ ᠲᠤᠤᠱᠯᠠᠭᠤᠯᠬᠤ ᠬᠡᠷᠡᠭ᠌ᠳᠠᠢ ᠮᠦᠷᠳᠡᠭᠡᠨ ᠬᠢᠪᠡᠯ ᠬᠢᠬᠦ᠌ ᠮᠠᠶᠢᠬ᠍ᠳᠠᠢ ᠪᠠᠢᠴᠠᠭᠠᠶᠠ》 ᠡᠨᠡ ᠪᠤᠯ ᠰᠦᠬᠡ᠎ᠶ᠋ᠢᠨ ᠤᠷᠢᠶᠠᠯᠠᠭ᠎ᠠ᠃
ᠡᠵᠡᠨ᠎ᠡ ᠭᠤᠤᠯ᠎ᠤᠨ ᠬᠦᠪᠡᠭᠡᠨ ᠲᠡᠭᠡᠷ᠎ᠡ ᠡᠬᠡ ᠪᠠᠢᠭᠠᠯᠢ᠎ᠠᠴᠠ ᠢᠳᠡᠬᠦ᠌ ᠶᠠᠭᠤᠮ᠎ᠠ ᠠᠪᠬᠤ ᠲᠠᠢᠯᠳᠤᠭᠠᠨ ᠢᠩᠬᠢᠵᠤ ᠬᠦᠱᠢᠭᠡ ᠢᠷᠡᠯ᠎ᠡ᠃ ᠲᠡᠷᠡ ᠦᠶ᠎ᠡ᠎ᠳᠤ᠂ ᠢᠪᠡᠤᠳᠤ ᠪᠠᠷᠢᠭᠠᠳᠠ᠎ᠨᠢ ᠮᠠᠯ ᠠᠵᠤ ᠠᠬᠤᠢ᠎ᠶ᠋ᠢᠨ ᠰᠠᠭᠤᠷᠢ ᠨᠢᠮᠭᠡᠨ ᠲᠡᠭᠡᠷ᠎ᠡ ᠢᠳᠡᠬᠦ᠌ ᠪᠤᠳᠠᠭ᠎ᠠ᠎ᠨᠢ ᠲᠠᠸᠠᠷ᠎ᠤᠨ ᠠᠮᠤ᠎ᠳᠤ ᠲᠦᠱᠢᠭ᠌ᠯᠡᠵᠤ᠂ ᠪᠦᠬᠦ᠌ ᠭᠦᠡᠭ᠌ᠱᠧᠳᠡᠭᠡᠨ ᠰᠡᠭᠦᠯ ᠲᠠᠷᠤᠵᠤ᠂ ᠮᠠᠯᠴᠢᠳ ᠢᠳᠡᠬᠦ᠌ ᠪᠤᠳᠠᠭ᠎ᠠ᠎ᠳᠠᠭᠠᠨ ᠵᠦᠪᠯᠡᠬᠦ᠌ ᠦᠭᠡᠢ ᠪᠠᠢᠯ᠎ᠠ᠃ ᠰᠦᠬᠡ ᠪᠦᠬᠦ᠌ ᠪᠠᠷᠢᠭᠠᠳᠠ᠎ᠶ᠋ᠢᠨ 180 ᠭᠠᠷᠤᠢ ᠬᠦᠳᠡᠯᠮᠦᠷᠢ ᠬᠦᠴᠦ᠎ᠪᠠᠨ ᠴᠤᠬ᠍ᠯᠠᠭᠤᠯᠤᠨ᠂ ᠡᠳᠦᠷ ᠰᠦᠨᠢ᠎ᠶ᠋ᠢᠨ ᠢᠯᠭᠠᠯ ᠦᠭᠡᠢ᠂ ᠬᠡᠳᠦᠨ ᠰᠠᠷ ᠠ ᠲᠡᠮᠡᠴᠡᠨ᠂ 3000 ᠮᠦ᠍ ᠤᠯᠠᠭᠠᠨ ᠰᠤᠬᠠᠢ᠎ᠶ᠋ᠢ ᠬᠠᠳᠤᠵᠤ ᠲᠠᠷᠢᠶᠠᠨ ᠭᠠᠵᠠᠷ ᠪᠤᠯᠭᠠᠯ᠎ᠠ᠃ ᠴᠠᠭ ᠮᠦᠴᠡ᠎ᠶ᠋ᠢ ᠠᠷᠪᠢᠯᠠᠬᠤ᠎ᠶ᠋ᠢᠨ ᠲᠦᠯᠦᠭᠡ ᠮᠠᠢᠬᠠᠨ᠎ᠳᠤ ᠬᠤᠨᠤᠵᠤ᠂ ᠮᠠᠯᠴᠢᠳ᠎ᠲᠠᠢ᠎ᠪᠠᠨ ᠬᠠᠮᠳᠤ ᠢᠳᠡᠵᠤ ᠤᠤᠭᠤᠨ᠂ ᠲᠠᠷᠢᠶᠠᠯᠠᠬᠤ ᠤᠯᠠᠷᠢᠯ᠎ᠳᠤ᠂ 3000 ᠮᠦ᠍ ᠲᠠᠷᠢᠶᠠᠨ ᠭᠠᠵᠠᠷ᠎ᠲᠠᠭᠠᠨ ᠲᠠᠷᠢᠶ᠎ᠠ᠎ᠪᠠᠨ ᠲᠠᠷᠢᠵᠤ ᠠᠮᠵᠢᠬ᠍ᠰᠠᠨ ᠪᠠᠢᠨ᠎ᠠ᠃ ᠲᠤᠰ ᠵᠢᠯ ᠲᠡᠳᠡ 40 ᠲᠦᠮᠡᠨ ᠵᠢᠩ ᠠᠮᠤ ᠪᠤᠳᠠᠭ᠎ᠠ ᠬᠤᠷᠢᠶᠠᠵᠤ᠂ ᠦᠪᠡᠷ᠎ᠤᠨ ᠢᠳᠡᠬᠦ᠌ ᠪᠤᠳᠠᠭ᠎ᠠ᠎ᠪᠠᠨ ᠱᠢᠢᠳᠪᠦᠷᠢᠯᠡᠭ᠌ᠰᠡᠨᠤ ᠬᠠᠮᠳᠤ᠂ ᠤᠯᠤᠰ᠎ᠲᠤ ᠨᠢᠭᠡ ᠬᠡᠮᠵᠢᠶᠡᠨ᠎ᠤ ᠲᠠᠸᠠᠷ᠎ᠤᠨ ᠠᠮᠤ ᠬᠤᠳᠠᠯᠳᠤᠨ᠂ ᠡᠳᠦᠷ ᠪᠦᠷᠢ᠎ᠶ᠋ᠢᠨ ᠬᠦᠳᠡᠯᠮᠦᠷᠢ ᠬᠦᠴᠦᠨ᠎ᠤ ᠬᠤᠪᠢ᠎ᠶ᠋ᠢ 0.4 ᠲᠦᠭᠦᠷᠢᠭ᠎ᠠᠴᠠ 1 ᠲᠦᠭᠦᠷᠢᠭ ᠪᠤᠯᠭᠠᠨ ᠦᠰᠭᠡᠵᠡᠢ᠃
ᠬᠤᠶᠠᠳᠤᠭᠠᠷ ᠵᠢᠯ᠎ᠤᠨ ᠬᠠᠪᠤᠷ᠂ ᠰᠦᠬᠡ ᠲᠠᠷᠢᠶᠠᠯᠠᠩ᠎ᠤᠨ ᠲᠤᠰᠭᠠᠢ ᠮᠡᠷᠭᠡᠵᠢᠯᠳᠡᠨ ᠵᠠᠯᠠᠵᠤ᠂ ᠪᠤᠭᠤᠳᠠᠢ᠂ ᠱᠢᠰᠢ ᠲᠠᠷᠢᠬᠤ᠎ᠪᠠᠨ ᠵᠢᠯᠤᠭᠤᠳᠤᠭᠤᠯᠤᠬ᠍ᠰᠠᠨ ᠪᠦᠭᠡᠳ ᠮᠠᠯ ᠠᠵᠤ ᠠᠬᠤᠢ ᠲᠠᠷᠢᠶᠠᠯᠠᠩ᠎ᠢ ᠬᠠᠮᠳᠤᠪᠡᠷ ᠬᠦᠭ᠌ᠵᠢᠭᠦᠯᠬᠦ᠌ ᠵᠠᠮ᠎ᠢᠶᠠᠷ ᠵᠠᠮᠨᠠᠬ᠍ᠰᠠᠨᠠᠴᠠ ᠠᠮᠤ ᠪᠤᠳᠠᠭ᠎ᠠ ᠪᠠ ᠮᠠᠯ ᠠᠵᠤ ᠠᠬᠤᠢ᠎ᠶ᠋ᠢᠨ ᠦᠢᠯᠡᠳᠪᠦᠷᠢᠯᠡᠯ᠎ᠨᠢ ᠡᠯᠪᠡᠭ ᠬᠤᠷᠢᠶᠠᠯᠳᠠ ᠤᠯᠵᠤ᠂ ᠭᠠᠭ᠍ᠴᠠ ᠠᠮᠤ ᠪᠤᠳᠠᠭ᠎ᠠ᠎ᠶ᠋ᠢᠨ ᠤᠨᠠᠯᠳᠠ᠎ᠨᠢ 70 ᠲᠦᠮᠡᠨ ᠵᠢᠩ᠎ᠳᠤ ᠬᠦᠷᠴᠤ᠌᠂ ᠢᠪᠡᠤᠳᠤ ᠭᠠᠴᠠᠭ᠎ᠠ ᠪᠦᠬᠦ᠌ ᠭᠦᠡᠭ᠌ᠱᠧᠳᠡᠭᠡᠨ ᠠᠩᠬᠠᠳᠤᠭᠠᠷ ᠰᠠᠤᠷᠢ ᠭᠤᠯᠢᠷ ᠴᠠᠢᠯᠭᠠᠬᠤ ᠮᠠᠱᠢᠨ ᠬᠤᠳᠠᠯᠳᠤᠨ ᠠᠪᠴᠤ᠌᠂ ᠦᠪᠡᠷ᠎ᠤᠨ ᠢᠳᠡᠬᠦ᠌ ᠭᠤᠯᠢᠷ᠎ᠢᠶᠠᠨ ᠦᠪᠡᠷ᠎ᠢᠶᠠᠨ ᠴᠠᠢᠯᠭᠠᠬᠤ ᠪᠤᠯᠵᠠᠢ᠃ ᠢᠪᠡᠤᠳᠤ ᠨᠢᠭᠡ ᠯᠡ ᠲᠡᠭᠡᠷ᠎ᠡ ᠪᠦᠬᠦ᠌ ᠬᠤᠱᠢᠭᠤᠨ᠎ᠤ ᠴᠢᠨᠡᠭᠡᠯᠢᠭ ᠦᠢᠯᠡᠳᠪᠦᠷᠢᠯᠡᠯ᠎ᠤᠨ ᠪᠠᠷᠢᠭᠠᠳᠠ ᠪᠤᠯᠵᠤ᠂ ᠬᠤᠯᠠ ᠤᠢ᠍ᠢᠷ᠎ᠠ᠎ᠳᠠᠭᠠᠨ ᠠᠯᠳᠠᠷᠱᠢᠬ᠍ᠰᠠᠨ ᠪᠠᠢᠨ᠎ᠠ᠃ ᠲᠤᠬᠠᠢ᠎ᠶ᠋ᠢᠨ ᠵᠢᠯ᠂ ᠱᠢᠨᠬᠤᠸᠠ ᠬᠤᠷᠢᠶᠠᠨ᠎ᠤ ᠰᠤᠷᠪᠤᠯᠵᠢᠯᠠᠬ᠍ᠴᠢ 《ᠢᠪᠡᠤᠳᠤ᠄ ᠮᠠᠯᠴᠢᠳ ᠲᠠᠸᠠᠷ᠎ᠤᠨ ᠠᠮᠤ ᠢᠳᠡᠬᠦ᠌ ᠦᠭᠡᠢ ᠪᠤᠯᠪᠠ》 ᠭᠡᠰᠡᠨ ᠮᠡᠳᠡᠭᠡᠯᠡᠯ ᠪᠢᠴᠢᠵᠤ᠂ 《ᠠᠷᠠᠳ᠎ᠤᠨ ᠡᠳᠦᠷ᠎ᠤᠨ ᠰᠤᠨᠢᠨ》 ᠤ ᠲᠡᠷᠢᠭᠦᠨ ᠨᠢᠭᠤᠷ᠎ᠤᠨ ᠲᠡᠷᠢᠭᠦᠨ ᠰᠡᠳᠦᠪ᠎ᠢᠶᠠᠷ ᠮᠡᠳᠡᠭᠡᠯᠡᠭ᠌ᠰᠡᠨ ᠪᠦᠭᠡᠳ 《ᠭᠠᠨᠰᠤ᠎ᠶ᠋ᠢᠨ ᠡᠳᠦᠷ᠎ᠤᠨ ᠰᠤᠨᠢᠨ》 ᠨᠢ ᠨᠡᠩ ᠤᠯᠠᠨ ᠨᠢᠭᠤᠷ ᠬᠠᠭᠤᠳᠠᠰᠤ ᠬᠡᠷᠡᠭ᠌ᠯᠡᠨ᠂ ᠰᠦᠬᠡ ᠵᠢᠴᠢ ᠢᠪᠡᠤᠳᠤ ᠪᠠᠷᠢᠭᠠᠳᠠ᠎ᠶ᠋ᠢᠨ ᠦᠢᠯᠡ ᠠᠵᠢᠯᠯᠠᠭ᠎ᠠ᠎ᠶ᠋ᠢ ᠭᠦᠨᠵᠡᠭᠡᠢ ᠮᠡᠳᠡᠭᠡᠯᠡᠵᠡᠢ᠃ ᠨᠢᠭᠡ ᠬᠤᠭᠤᠴᠠᠭᠠᠨ᠎ᠳᠤ᠂ ᠢᠪᠡᠤᠳᠤ ᠪᠠᠷᠢᠭᠠᠳᠠ᠎ᠨᠢ ᠨᠡᠷ᠎ᠡ ᠠᠯᠳᠠᠷ ᠮᠠᠨᠳᠤᠬ᠍ᠰᠠᠨ᠎ᠢᠶᠠᠷ᠂ ᠬᠤᠯᠠ ᠤᠢ᠍ᠢᠷ᠎ᠠ᠎ᠶ᠋ᠢᠨ ᠲᠤᠭᠤᠷᠢᠨ ᠰᠤᠷᠤᠯᠴᠠᠬᠤ ᠪᠦᠯᠬᠦᠮ ᠢᠪᠡᠤᠳᠤ ᠵᠦᠭ ᠴᠤᠪᠤᠨ ᠡᠬᠢᠯᠡᠵᠤ᠂ ᠰᠦᠬᠡ ᠴᠤ᠌ ᠤᠯᠠᠨ᠎ᠤ ᠠᠩᠬᠠᠷᠤᠯ᠎ᠤᠨ ᠲᠦᠪ ᠪᠤᠯᠤᠬ᠍ᠰᠠᠨ ᠪᠠᠢᠨ᠎ᠠ᠃
ᠡᠵᠡᠨ᠎ᠡ᠎ᠶ᠋ᠢᠨ᠎ᠬᠢᠨ ᠡᠪᠦᠯ᠎ᠤᠨ ᠲᠤᠯᠠᠭᠠᠮᠵᠢ᠎ᠶ᠋ᠢᠨ ᠲᠦᠯᠡᠰᠢ᠎ᠳᠡᠭᠡᠨ ᠬᠡᠳᠦᠨ ᠵᠠᠭᠤᠨ᠎ᠤ ᠲᠤᠷᠰᠢ ᠮᠤᠳᠤ ᠲᠦᠯᠡᠭᠡ ᠱᠢᠳᠠᠭᠠᠬᠤ᠎ᠳᠤ ᠲᠦᠱᠢᠭ᠌ᠯᠡᠵᠤ ᠪᠠᠢᠯ᠎ᠠ᠃ ᠦᠪᠡᠷ᠎ᠢᠶᠠᠨ ᠨᠡᠭᠦᠷᠡᠰᠦ ᠦᠭᠡᠢ᠎ᠶ᠋ᠢᠨ ᠲᠡᠭᠡᠷ᠎ᠡ ᠵᠠᠮ ᠬᠠᠷᠢᠯᠴᠠᠭ᠎ᠠ ᠲᠦᠭᠦᠮ ᠦᠭᠡᠢ ᠪᠤᠯᠬᠤᠷ᠂ ᠭᠠᠳᠠᠨ᠎ᠠ᠎ᠶ᠋ᠢᠨ ᠨᠡᠭᠦᠷᠡᠰᠦ ᠤᠷᠤᠵᠤ ᠢᠷᠡᠵᠤ ᠲᠡᠢᠯᠬᠦ᠌ ᠦᠭᠡᠢ᠃ ᠪᠠᠷᠢᠭᠠᠳᠠ᠎ᠶ᠋ᠢᠨ ᠤᠷᠤᠯᠭ᠎ᠠ᠎ᠢᠶᠠᠨ ᠨᠡᠮᠡᠭ᠌ᠳᠡᠭᠦᠯᠬᠦ᠌᠎ᠶ᠋ᠢᠨ ᠲᠦᠯᠦᠭᠡ ᠤᠯᠠᠨ ᠵᠢᠯ᠎ᠤᠨ ᠲᠤᠷᠰᠢ ᠢᠪᠡᠤᠳᠤ ᠪᠠᠷᠢᠭᠠᠳᠠ᠎ᠨᠢ ᠵᠢᠯ ᠪᠦᠷᠢ ᠶᠡᠭᠡ ᠬᠡᠮᠵᠢᠶᠡᠨ᠎ᠤ ᠵᠠᠬ ᠬᠠᠳᠤᠵᠤ᠂ ᠲᠠᠯᠠᠢᠬᠦ᠋ᠪ᠎ᠲᠤ ᠬᠤᠳᠠᠯᠳᠤᠬ᠍ᠰᠠᠭᠠᠷ ᠪᠠᠢᠪᠠ᠃ 1968 ᠤᠨ᠎ᠳᠤ᠂ ᠰᠦᠬᠡ ᠪᠠᠷᠢᠭᠠᠳᠠ᠎ᠶ᠋ᠢᠨ ᠵᠠᠯᠠᠭᠤ ᠢᠳᠡᠷ ᠬᠦᠳᠡᠯᠮᠦᠷᠢ ᠬᠦᠴᠤ᠎ᠪᠠᠨ ᠵᠤᠬᠢᠶᠠᠨ ᠪᠠᠢᠭᠤᠯᠵᠤ᠂ 100 ᠠᠳᠠᠨ ᠲᠡᠮᠡᠭᠡ ᠲᠠᠭᠠᠭᠤᠯᠤᠨ᠂ ᠲᠦᠷᠪᠡᠨ ᠰᠠᠷ᠎ᠠ ᠬᠡᠷᠡᠭ᠌ᠰᠡᠨ᠂ ᠬᠠᠷ᠎ᠠ ᠬᠤᠳᠠ᠎ᠶ᠋ᠢᠨ ᠤᠷᠴᠢᠮ᠎ᠤᠨ ᠵᠠᠭᠤ ᠭᠠᠷᠤᠢ ᠮᠦ᠍ ᠪᠠᠢᠭᠠᠯᠢᠭ ᠵᠠᠭᠢ ᠬᠠᠳᠤᠵᠤ᠂ ᠭᠠᠳᠠᠬ᠍ᠰᠢ ᠬᠤᠳᠠᠯᠳᠤᠨ ᠤᠷᠤᠯᠭ᠎ᠠ᠎ᠪᠠᠨ ᠨᠡᠮᠡᠭ᠌ᠳᠡᠭᠦᠯᠦᠭ᠌ᠰᠡᠨ ᠪᠠᠢᠨ᠎ᠠ᠃
ᠵᠠᠭ ᠬᠠᠳᠤᠵᠤ ᠬᠤᠳᠠᠯᠳᠤᠬ᠍ᠰᠠᠨ᠎ᠨᠢ ᠮᠠᠯᠴᠢᠳ᠎ᠤᠨ ᠲᠦᠯᠡᠰᠢ᠎ᠶ᠋ᠢᠨ ᠠᠰᠠᠭᠤᠳᠠᠯ᠎ᠢ ᠱᠢᠢᠳᠪᠦᠷᠢᠯᠡᠭ᠌ᠰᠡᠨ᠎ᠢᠶᠠᠷ ᠪᠠᠷᠠᠬᠤ ᠦᠭᠡᠢ ᠪᠠᠭ᠎ᠠ ᠪᠤᠰᠤ ᠤᠷᠤᠯᠭ᠎ᠠ ᠡᠭᠦᠳᠴᠠᠢ᠃ ᠭᠡᠪᠡᠴᠤ᠌ ᠡᠨᠡ ᠬᠡᠰᠡᠭ ᠭᠠᠵᠠᠷ ᠤᠷᠤᠨ᠎ᠨᠢ ᠵᠢᠤᠢ ᠶᠠᠨ᠎ᠤ ᠨᠤᠭᠤᠭᠠᠨ ᠪᠦᠷᠢ᠎ᠳᠤ᠎ᠶ᠋ᠢᠨ ᠱᠢᠷᠬ᠎ᠠ ᠰᠤᠷᠪᠢ ᠪᠤᠯᠵᠤ ᠰᠦᠬᠡ᠎ᠶ᠋ᠢᠨ ᠰᠡᠳᠭᠢᠯ᠎ᠳᠤ ᠡᠭᠦᠷᠢᠳᠡ᠎ᠶ᠋ᠢᠨ ᠡᠮᠵᠡᠭ ᠪᠤᠯᠵᠤ ᠦᠯᠡᠳᠡᠭ᠌ᠰᠡᠨ ᠪᠠᠢᠨ᠎ᠠ᠃ ᠡᠨᠡ᠎ᠨᠢ ᠬᠡᠳᠦ᠋ᠢᠪᠡᠷ ᠤᠨᠴᠠᠭᠠᠢ ᠲᠡᠤᠬᠡᠨ ᠴᠠᠭ ᠦᠶ᠎ᠡ᠂ ᠤᠨᠴᠠᠭᠠᠢ ᠦᠢᠯᠡᠳᠪᠦᠷᠢᠯᠡᠯ᠎ᠤᠨ ᠠᠷᠭ᠎ᠠ ᠮᠠᠶᠢᠬ᠎ᠤᠨ ᠲᠦᠷᠦᠭ᠌ᠳᠡᠰᠦ ᠪᠤᠯᠤᠬ᠍ᠰᠠᠨ ᠪᠤᠯᠪᠠᠴᠤ᠌᠂ ᠦᠶ᠎ᠡ᠎ᠶ᠋ᠢᠨ ᠦᠶ᠎ᠡ ᠡᠪᠡᠰᠦᠨ᠎ᠤ ᠰᠤᠷᠭᠤᠭ᠂ ᠤᠰᠤᠨ᠎ᠤ ᠲᠤᠩᠭᠠᠯᠠᠭ᠎ᠢ᠎ᠲᠠᠭᠠᠨ ᠨᠡᠭᠦᠳᠡᠯᠯᠡᠵᠤ ᠠᠮᠢᠳᠤᠷᠠᠬ᠍ᠰᠠᠨ ᠮᠠᠯᠴᠢᠨ᠎ᠤ ᠦᠷ᠎ᠡ ᠬᠤᠢᠴᠢᠰ ᠪᠤᠯᠤᠬ᠍ᠰᠠᠨ ᠲᠡᠷᠡ ᠠᠮᠢ ᠠᠬᠤᠢ ᠪᠤᠯ ᠤᠷᠤᠱᠢᠨ ᠲᠤᠬ᠍ᠳᠠᠨᠢᠯᠤᠨ ᠰᠠᠭᠤᠷᠢ ᠪᠤᠯᠬᠤ᠎ᠶ᠋ᠢ ᠠᠨᠳᠠᠯ ᠦᠭᠡᠢ ᠤᠬᠠᠭᠠᠨᠠ᠃ ᠲᠡᠷᠡ ᠡᠵᠢ᠎ᠳᠡᠭᠡᠨ᠄ 《ᠠᠯᠢ ᠨᠢᠭᠡ ᠡᠳᠦᠷ ᠦᠨᠦᠳᠦᠷ᠎ᠤᠨ ᠦᠷᠢ ᠲᠦᠯᠦᠭᠡᠰᠦᠪᠠᠨ ᠪᠦᠭ᠌ᠯᠡᠬᠦ᠌ ᠮᠦᠷᠳᠡᠭᠡᠨ ᠡᠵᠡᠨ᠎ᠡ ᠮᠠᠯᠴᠢᠳ᠎ᠤᠨ ᠵᠠᠬ ᠲᠦᠯᠡᠭᠡ ᠱᠢᠳᠠᠭᠠᠬᠤ ᠲᠡᠤᠬᠡ᠎ᠶ᠋ᠢ ᠡᠴᠦᠰᠯᠡᠭᠦᠯᠦᠨ᠎ᠡ》 ᠭᠡᠵᠤ ᠲᠠᠩᠭᠠᠷᠢᠬ᠍ᠯᠠᠪᠠ᠃
ᠠᠯᠳᠠᠨ ᠲᠤᠤᠷᠠᠢ ᠬᠡᠳᠦᠨᠳᠡ ᠱᠢᠷᠠᠯᠠᠵᠤ ᠬᠡᠳᠦᠨᠳᠡ ᠨᠤᠭᠤᠭᠠᠷᠠᠪᠠ᠃ ᠨᠢᠭᠡ ᠮᠡᠳᠡᠬᠦ᠌᠎ᠳᠤ᠂ ᠰᠦᠬᠡ ᠢᠪᠡᠤᠳᠤ ᠦᠢᠯᠡᠳᠪᠦᠷᠢᠯᠡᠯ᠎ᠤᠨ ᠪᠠᠷᠢᠭᠠᠳᠠ᠎ᠳᠤ ᠬᠡᠳᠦᠨ ᠵᠢᠯ ᠲᠠᠷᠤᠭᠠᠯᠠᠬ᠍ᠰᠠᠨ ᠪᠦᠭᠡᠳ᠂ 1970 ᠤᠨ᠎ᠳᠤ᠂ 23 ᠨᠠᠰᠤᠳᠠᠢ ᠲᠡᠷᠡ᠎ᠪᠠᠷ ᠬᠤᠱᠢᠭᠤᠨ᠎ᠤ ᠨᠠᠮ᠎ᠤᠨ ᠬᠤᠷᠢᠶ᠎ᠠ᠎ᠶ᠋ᠢᠨ ᠪᠠᠢᠩᠭᠤ᠎ᠶ᠋ᠢᠨ ᠭᠡᠱᠢᠭᠦᠨ᠂ ᠰᠤᠪᠠᠨᠠᠭᠤᠷ ᠭᠦᠡᠭ᠌ᠱᠧᠶ᠋ᠢᠨ ᠲᠠᠷᠤᠭ᠎ᠠ᠎ᠪᠠᠷ ᠲᠡᠪᠱᠢᠭᠦᠯᠦᠭ᠌ᠳᠡᠵᠤ᠂ ᠨᠡᠩ ᠶᠡᠭᠡ ᠦᠢᠯᠡᠰ᠎ᠤᠨ ᠲᠠᠪᠴᠠᠩ᠎ᠳᠤ ᠠᠪᠢᠶᠠᠰ ᠪᠢᠯᠢᠭ᠎ᠢᠶᠠᠨ ᠪᠠᠳᠠᠷᠠᠭᠤᠯᠬᠤ ᠠᠵᠠ ᠲᠤᠬᠢᠶᠠᠯ ᠬᠦᠯᠢᠶᠡᠵᠠᠢ᠃
— ᠪᠦᠬᠦ᠌ ᠤᠯᠤᠰ᠎ᠤᠨ 《ᠴᠠᠭ ᠦᠶ᠎ᠡ᠎ᠶ᠋ᠢᠨ ᠬᠡᠪ ᠲᠠᠭᠤᠷᠢᠶᠠᠯ》 ᠠᠯᠠᠱᠠ ᠠᠢᠮᠠᠭ᠎ᠤᠨ
ᠤᠯᠤᠰ ᠲᠦᠷᠦ᠎ᠶ᠋ᠢᠨ ᠵᠦᠪᠯᠡᠯᠭᠡᠨ᠎ᠤ ᠤᠤᠯ᠎ᠤᠨ ᠲᠡᠷᠢᠭᠦᠯᠡᠭ᠌ᠴᠢ ᠰᠦᠬᠡ᠎ᠶ᠋ᠢ ᠲᠡᠮᠳᠡᠭ᠌ᠯᠡᠪᠡ
28 ᠨᠠᠰᠤᠳᠠᠢ ᠬᠤᠱᠢᠭᠤᠨ ᠲᠠᠷᠤᠭ᠎ᠠ
1975 ᠤᠨ᠎ᠤ ᠬᠠᠪᠤᠷ᠎ᠤᠨ 3 ᠰᠠᠷ᠎ᠠ᠎ᠶ᠋ᠢᠨ ᠨᠢᠭᠡᠨ ᠡᠳᠦᠷ᠂ ᠡᠯᠡᠰᠦᠨ ᠱᠢᠭᠤᠷᠭ᠎ᠠ ᠡᠷᠴᠢᠯᠡᠨ ᠬᠤᠢᠯᠠᠷᠠᠵᠤ ᠲᠡᠭ᠌ᠷᠢ ᠭᠠᠵᠠᠷ᠎ᠢ ᠦᠪᠴᠢᠪᠠᠷᠨᠢ ᠵᠠᠯᠬᠢᠮᠠᠷ ᠲᠤᠬ᠍ᠰᠢᠷᠠᠨᠠ᠃ ᠬᠠᠶᠠ ᠦᠵᠡᠭ᠌ᠳᠡᠵᠤ ᠬᠠᠶᠠ ᠪᠠᠯᠠᠷᠠᠬᠤ ᠪᠤᠭᠤᠨᠢ ᠰᠠᠷᠠᠪᠴᠢᠳᠠᠢ ᠪᠠᠢᠱᠢᠩ ᠭᠡᠷ᠎ᠤᠨ ᠴᠤᠩᠬᠤ᠎ᠪᠠᠷ ᠨᠢᠭᠡᠨ ᠵᠠᠯᠠᠭᠤ ᠭᠠᠳᠠᠬ᠍ᠰᠢ ᠱᠢᠷᠳᠡᠨ ᠭᠦᠨ ᠪᠤᠳᠤᠯᠭᠠᠱᠢᠷᠠᠨᠠ᠃
ᠡᠨᠡ ᠵᠠᠯᠠᠭᠤ ᠪᠤᠯ ᠰᠦᠬᠡ᠂ 28 ᠨᠠᠰᠤᠳᠠᠢ᠂ ᠡᠵᠡᠨ᠎ᠡ ᠬᠤᠱᠢᠭᠤᠨ᠎ᠤ ᠬᠤᠱᠢᠭᠤᠨ ᠲᠠᠷᠤᠭ᠎ᠠ᠎ᠶ᠋ᠢᠨ ᠪᠠᠢᠷᠢᠨ᠎ᠳᠤ ᠭᠠᠷᠤᠭᠠᠳ ᠰᠠᠶᠢ ᠬᠠᠭᠠᠰ ᠰᠠᠷ᠎ᠠ ᠪᠤᠯᠵᠤ ᠪᠠᠢᠭ᠎ᠠ ᠬᠦᠮᠦᠨ᠃ 11 ᠲᠦᠮᠡᠨ ᠲᠦᠷᠪᠡᠯᠵᠢᠨ ᠺᠢᠯᠦᠮᠧᠲᠷ ᠭᠠᠵᠠᠷ ᠨᠤᠳᠤᠭ᠂ ᠬᠡᠳᠦᠨ ᠲᠦᠮᠡᠨ ᠬᠦᠮᠦᠨ ᠠᠮᠠ᠎ᠶ᠋ᠢ ᠠᠪᠴᠤ᠌ ᠶᠠᠪᠤᠨ᠎ᠠ ᠭᠡᠳᠡᠭ ᠬᠡᠨ᠎ᠳᠤ ᠠᠪᠴᠤ᠌ ᠬᠡᠯᠡᠭ᠌ᠰᠡᠨ ᠴᠦ᠍ ᠬᠡᠯᠡᠬᠦ᠌᠎ᠠᠴᠠ ᠵᠢᠷᠦᠬᠡᠱᠢᠮᠡᠷ ᠲᠤᠮᠤ ᠦᠷᠢᠰᠦᠯᠳᠦᠭᠡᠨ᠃ ᠭᠡᠶ᠎ᠡ 《ᠨᠢᠯᠬ᠎ᠠ ᠲᠤᠭᠤᠯ ᠪᠠᠷᠰ᠎ᠠᠴᠠ ᠠᠶᠤᠬᠤ ᠦᠭᠡᠢ》 ᠭᠡᠳᠡᠭ᠎ᠢᠶᠠᠷ᠂ ᠰᠦᠬᠡ ᠠᠵᠢᠯ᠎ᠤᠨ ᠲᠤᠷᠱᠢᠯᠭ᠎ᠠ ᠮᠡᠭᠦᠰᠲᠡᠭᠡᠨ ᠠᠶᠤᠵᠤ ᠲᠠᠳᠠᠭᠠᠯᠵᠠᠬ᠍ᠰᠠᠨ ᠦᠭᠡᠢ ᠬᠠᠷᠢᠨ ᠡᠬᠡ ᠨᠤᠳᠤᠭ᠎ᠢᠶᠠᠨ᠂ ᠡᠯᠢᠭᠡᠨ ᠲᠦᠮᠡᠨ᠎ᠢᠶᠠᠨ ᠭᠡᠳᠡᠭ ᠠᠭᠤᠳᠠᠮᠴᠢ ᠪᠤᠳᠤᠯ᠎ᠢᠶᠠᠷ ᠪᠠᠷᠠᠬ᠍ᠳᠠᠰᠢ ᠦᠭᠡᠢ ᠬᠦᠴᠦᠨ ᠴᠢᠳᠠᠯ᠎ᠢ ᠴᠢᠮᠦᠭᠡᠨ᠎ᠳᠡᠭᠡᠨ ᠬᠦᠪᠦᠷᠡᠭᠦᠯᠦᠨᠡ᠃
《ᠡᠯᠡᠰᠦ ᠮᠠᠩᠬ᠎ᠠ᠎ᠠᠴᠠ ᠡᠬᠡ ᠨᠤᠳᠤᠭ᠎ᠢᠶᠠᠨ ᠪᠤᠴᠠᠭᠠᠵᠤ ᠠᠪᠤᠨ᠎ᠠ!》 ᠡᠨᠡ ᠪᠤᠯ ᠲᠡᠭᠦᠨ᠎ᠤ ᠲᠤᠱᠢᠶᠠᠯ᠎ᠳᠤ ᠭᠠᠷᠤᠬ᠍ᠰᠠᠨ᠎ᠤ ᠲᠠᠷᠠᠭᠠᠬᠢ ᠪᠦᠬᠦ᠌ ᠬᠤᠱᠢᠭᠤᠨ᠎ᠤ ᠤᠢ᠍ᠢᠵᠢᠭᠤᠯᠤᠯᠳᠠ᠎ᠶ᠋ᠢᠨ ᠠᠵᠢᠯ᠎ᠤᠨ ᠬᠤᠷᠠᠯ ᠲᠡᠭᠡᠷᠡᠬᠢ ᠶᠠᠷᠢᠶᠠᠨ᠎ᠤ ᠬᠢᠨᠢ ᠲᠤᠳᠤᠷᠠᠬᠢ ᠨᠢᠭᠡ ᠦᠭᠡ! ᠮᠦᠨᠴᠦ᠍ ᠲᠡᠭᠦᠨ᠎ᠤ ᠪᠠᠯᠠᠷ ᠡᠯᠡᠰᠦᠨ᠎ᠳᠤ ᠲᠠᠢᠨ ᠵᠠᠷᠯᠠᠬ᠍ᠰᠠᠨ ᠬᠠᠳᠠᠭᠤ ᠠᠮᠠᠯᠠᠯᠳᠠ᠂ ᠪᠠᠳᠤ ᠲᠠᠩᠭᠠᠷᠢᠬ!
ᠨᠢᠭᠡ ᠤᠳᠠᠭᠠᠨ᠎ᠤ ᠪᠠᠢᠭᠠᠯᠢ᠎ᠲᠠᠢ ᠵᠠᠷᠯᠠᠬ᠍ᠰᠠᠨ ᠬᠠᠳᠠᠭᠤ ᠲᠠᠢᠨ ᠢᠩᠬᠢᠵᠤ ᠬᠦᠱᠢᠭᠡ ᠢᠷᠠᠪᠠ᠃
ᠪᠦᠬᠦ᠌ ᠬᠤᠱᠢᠭᠤᠨ᠎ᠤ ᠪᠠᠢᠭᠤᠯᠤᠯᠭ᠎ᠠ᠎ᠶ᠋ᠢᠨ ᠠᠵᠢᠯᠳᠠᠨ᠂ ᠴᠡᠷᠢᠭ ᠠᠩᠬᠢ᠂ ᠪᠠᠭ᠍ᠰᠢ ᠰᠤᠷᠤᠬ᠍ᠴᠢ ᠬᠡᠳᠦᠨ ᠮᠢᠩᠭᠠᠨ ᠬᠦᠮᠦᠨ ᠬᠦᠳᠡᠯᠦᠯᠴᠡᠵᠤ᠂ ᠨᠠᠷᠢᠨᠭᠤᠤᠯ ᠤᠷᠤᠨ᠎ᠳᠤ ᠨᠢᠭᠡ ᠰᠠᠷ᠎ᠠ ᠱᠢᠬᠠᠮ ᠤᠢ᠍ᠢᠵᠢᠭᠤᠯᠤᠯᠳᠠ ᠬᠢᠯᠠ᠃ ᠭᠠᠯ ᠵᠠᠯᠠᠭᠤ ᠨᠠᠰᠤᠨ᠎ᠤ ᠰᠦᠬᠡ ᠬᠠᠮᠤᠭ ᠪᠦᠬᠦᠨ᠎ᠤ ᠡᠮᠦᠨ᠎ᠡ ᠭᠠᠪᠱᠢᠭᠠᠢᠯᠠᠵᠤ᠂ ᠨᠦᠬᠡ ᠮᠠᠯᠳᠠᠬᠤ᠂ ᠤᠰᠤ ᠲᠠᠮᠨᠠᠬᠤ᠂ ᠴᠢᠬᠢ ᠰᠠᠭᠤᠯᠭᠠᠬᠤ ᠵᠡᠷᠭᠡ ᠠᠯᠢ ᠴᠤ᠌ ᠠᠵᠢᠯ᠎ᠠᠴᠠ ᠬᠤᠴᠤᠷᠤᠯ ᠦᠭᠡᠢ ᠱᠢᠭᠤᠷᠬᠠᠢᠯᠠᠨᠠ᠃ ᠬᠠᠶᠠ ᠨᠢᠬᠡ ᠠᠯᠪᠠᠨ ᠭᠡᠷ᠎ᠲᠡᠭᠡᠨ ᠬᠠᠷᠢᠵᠤ ᠤᠳᠠᠰᠤ ᠲᠤᠰᠭᠤ᠎ᠠᠴᠠ ᠪᠤᠰᠤᠳ ᠴᠠᠭ᠎ᠲᠤ ᠪᠦᠷ ᠤᠯᠠᠨ᠎ᠲᠠᠢ ᠬᠠᠮᠳᠤ ᠬᠦᠳᠡᠯᠮᠦᠷᠢᠯᠡᠨᠡ᠃ ᠤᠳᠤᠷᠢᠳᠤᠯᠭ᠎ᠠ ᠬᠡᠪ ᠲᠦᠷᠢᠮ ᠪᠤᠯᠬᠤ ᠦᠭᠡᠢ ᠪᠤᠯ ᠤᠯᠠᠨ ᠲᠦᠮᠡᠨ᠎ᠢ ᠶᠠᠭᠠᠬᠢᠵᠤ ᠲᠠᠢᠴᠢᠯᠠᠬᠤ ᠪᠤᠢ ᠭᠡᠳᠡᠭ᠎ᠲᠤ ᠲᠡᠷᠡ ᠲᠤᠩ ᠲᠤᠳᠤᠷᠬᠠᠢ᠃
4 ᠵᠢᠯ ᠦᠡᠭ᠌ᠭᠡᠷᠡᠯᠡ᠃ ᠨᠠᠷᠢᠨᠭᠤᠤᠯ ᠤᠷᠤᠨ ᠨᠤᠮᠢᠨ ᠤᠢ᠎ᠪᠠᠷ ᠬᠤᠴᠢᠬ᠍ᠳᠠᠪᠠ᠃ ᠪᠦᠷᠢᠳᠭᠡᠯ᠎ᠢᠶᠠᠷ ᠪᠦᠬᠦ᠌ ᠬᠤᠱᠢᠭᠤ᠎ᠪᠠᠷ᠎ᠢᠶᠠᠨ 2 ᠲᠦᠮᠡᠨ ᠰᠠᠭᠤᠷᠢ ᠮᠤᠳᠤ ᠲᠠᠷᠢᠵᠤ᠂ 4.7 ᠲᠦᠮᠡᠨ ᠮᠦ᠍ ᠡᠯᠡᠰᠦ᠎ᠶ᠋ᠢ ᠪᠢᠳᠡᠭᠦᠮᠵᠢᠯᠡᠨ᠂ ᠬᠦᠮᠦᠨ ᠤᠷᠤᠬ᠍ᠰᠢᠯᠠᠵᠤ ᠡᠯᠡᠰᠦ ᠤᠬᠤᠷᠢᠬ᠍ᠰᠠᠨ ᠪᠠᠢᠳᠠᠯ ᠠᠩᠬ᠎ᠠ ᠤᠳᠠᠭ᠎ᠠ ᠢᠯᠡᠷᠡᠵᠤ᠂ ᠲᠠᠯᠠᠢᠬᠦ᠋ᠪ ᠪᠠᠯᠭᠠᠰᠤ᠎ᠶ᠋ᠢᠨ ᠡᠯᠡᠰᠦ ᠰᠠᠯᠬᠢ ᠮᠡᠳᠡᠭ᠌ᠳᠡᠮ᠎ᠡ ᠪᠠᠭᠠᠰᠴᠠᠢ᠃
ᠡᠵᠡᠨ᠎ᠡ᠎ᠶ᠋ᠢᠨ ᠬᠦᠮᠦᠰ ᠤᠰᠤ ᠪᠤᠴᠠᠯᠭᠠᠬᠤ᠂ ᠪᠤᠳᠠᠭ᠎ᠠ ᠴᠢᠨᠠᠬᠤ᠎ᠳᠤ ᠬᠡᠳᠦᠨ ᠵᠠᠭᠤᠨ᠎ᠤ ᠲᠤᠷᠰᠢ ᠲᠦᠯᠡᠭᠡ ᠱᠢᠳᠠᠭᠠᠬᠤ᠎ᠳᠤ ᠲᠦᠱᠢᠭ᠌ᠯᠡᠭ᠌ᠰᠡᠭᠡᠷ ᠢᠷᠡᠪᠡ᠃ ᠡᠨᠡ ᠠᠰᠠᠭᠤᠳᠠᠯ ᠰᠦᠬᠡ᠎ᠶ᠋ᠢᠨ ᠰᠡᠳᠭᠢᠯ᠎ᠢ ᠡᠮᠵᠡᠭ᠌ᠯᠡᠭᠦᠯᠦᠭ᠌ᠰᠡᠭᠡᠷ ᠢᠷᠡᠵᠡᠢ᠃ ᠬᠠᠪᠤᠷ᠎ᠲᠠᠭᠠᠨ ᠦᠢᠯᠡ᠎ᠪᠠᠨ ᠦᠵᠡᠵᠤ ᠮᠤᠳᠤ ᠲᠠᠷᠢᠨ᠎ᠠ᠂ ᠨᠠᠮᠤᠷ᠎ᠲᠠᠭᠠᠨ ᠶᠡᠭᠡ ᠬᠡᠮᠵᠢᠶᠡᠨ᠎ᠤ ᠲᠦᠯᠡᠭᠡ ᠬᠠᠳᠤᠨ᠎ᠠ᠃ ᠨᠢᠭᠡ᠎ᠠᠴᠠ ᠨᠢᠭᠡ᠎ᠶ᠋ᠢ ᠬᠠᠰᠤᠪᠠᠯ ᠡᠴᠦᠰ᠎ᠳᠡᠭᠡᠨ ᠬᠠᠱᠢᠯᠠ ᠲᠢᠭ᠃ ᠭᠠᠳᠠᠨ᠎ᠠ᠎ᠠᠴᠠ ᠨᠡᠭᠦᠷᠡᠰᠦ ᠤᠷᠤᠭᠤᠯᠤᠶ᠎ᠠ ᠭᠡᠬᠦ᠌᠎ᠳᠤ᠂ ᠵᠠᠮ ᠬᠤᠯᠠ᠂ ᠰᠦᠢᠳᠭᠡᠯ ᠦᠨᠳᠦᠷ᠂ ᠬᠤᠱᠢᠭᠤᠨ᠎ᠤ ᠡᠳ᠋᠎ᠤᠨ ᠵᠠᠰᠠᠬ᠎ᠤᠨ 100 ᠲᠦᠮᠡ ᠬᠦᠷᠬᠦ᠌ ᠦᠭᠡᠢ ᠤᠷᠤᠯᠭ᠎ᠠ ᠶᠤᠰᠤᠳᠠᠢ ᠲᠦᠢᠮᠡᠷ᠎ᠤᠨ ᠲᠤᠮᠳᠠ ᠲᠤᠰᠤᠯ ᠤᠰᠤ ᠬᠠᠶᠠᠬ᠍ᠰᠠᠨ ᠮᠡᠳᠦ᠃
ᠡᠵᠡᠨ᠎ᠡ᠎ᠳᠤ ᠨᠡᠭᠦᠷᠡᠰᠦᠨ ᠠᠭᠤᠷᠬᠠᠢ ᠦᠭᠡᠢ ᠭᠡᠵᠤ ᠤᠤ⁈ ᠬᠦᠮᠦᠨ ᠠᠭᠤᠯᠵᠠᠪᠠᠯ ᠰᠤᠷᠠᠨ᠎ᠠ᠂ ᠪᠢᠴᠢᠭ ᠤᠯᠳᠠᠪᠠᠯ ᠤᠷᠪᠠᠭᠤᠯᠤᠨ᠎ᠠ᠂ ᠮᠤᠳᠤ ᠦᠵᠡᠪᠡᠯ ᠱᠢᠨᠵᠢᠨᠡ᠂ ᠮᠠᠲ᠋ᠧᠷᠢᠶᠠᠯ ᠪᠠᠢᠪᠠᠯ ᠡᠷᠢᠨ᠎ᠡ ᠁ ᠡᠭᠦᠨ᠎ᠤ ᠳ᠋ᠦᠩ᠎ᠳᠤ᠂ ᠱᠢᠷᠠᠬᠠᠳᠠ ᠤᠷᠴᠢᠮ᠎ᠢᠶᠠᠷ ᠰᠠᠯᠬᠢᠨ᠎ᠳᠤ ᠦᠯᠢᠶᠡᠭ᠌ᠳᠡᠨ ᠦᠵᠢᠷᠡᠭ᠌ᠰᠡᠨ ᠨᠡᠭᠦᠷᠡᠰᠤ ᠬᠠᠶᠠ ᠨᠢᠭᠡ ᠬᠠᠷᠠᠬ᠍ᠳᠠᠳᠠᠬᠢ ᠰᠤᠨᠤᠰᠪᠠ᠃ ᠨᠡᠭᠦᠷᠡᠰᠦ ᠪᠠᠢᠬᠤ ᠡᠰᠡᠬᠦ᠌᠎ᠶ᠋ᠢ ᠨᠤᠳᠠᠯᠠᠵᠤ ᠲᠡᠢᠯᠬᠦ᠌ ᠦᠭᠡᠢ ᠪᠤᠯᠪᠠᠴᠤ᠌᠂ ᠬᠠᠢᠵᠤ ᠦᠵᠡᠬᠦ᠌᠎ᠨᠢ ᠴᠢᠬᠤᠯᠠ ᠭᠡᠭ᠌ᠴᠢ᠎ᠶ᠋ᠢ ᠲᠡᠷᠡ ᠲᠤᠪ ᠲᠤᠳᠤᠷᠠᠬᠠᠢ ᠮᠡᠳᠡᠨ᠎ᠡ᠂ ᠲᠤᠬ᠍ᠳᠠᠵᠤ ᠶᠠᠳᠠᠨ ᠶᠠᠭᠠᠷᠠᠨ᠎ᠠ᠃
ᠰᠦᠬᠡ ᠵᠢᠯᠤᠭᠤᠴᠢᠲᠠᠢᠪᠠᠨ ᠬᠠᠮᠳᠤ ᠦᠬᠠᠢ ᠬᠤᠳᠠ᠎ᠳᠤ ᠬᠦᠷᠴᠤ᠌ 108 ᠭᠠᠵᠠᠷ ᠱᠢᠨᠵᠢᠯᠡᠭᠡᠨ᠎ᠤ ᠠᠩᠬᠢ᠎ᠶ᠋ᠢᠨ ᠤᠳᠤᠷᠢᠳᠤᠯᠭ᠎ᠠ᠎ᠶ᠋ᠢ ᠡᠷᠢᠵᠤ ᠶᠠᠷᠢᠯᠴᠠᠯ᠎ᠠ᠃
— ᠵᠤᠭᠤᠰ᠎ᠲᠠᠢ ᠪᠤᠯ ᠬᠠᠮᠢᠶ᠎ᠠ ᠦᠭᠡᠢ᠂ ᠦᠨᠦ᠍ ᠮᠠᠷᠭᠠᠰᠢ ᠤᠴᠢᠵᠤ ᠬᠠᠢᠭᠠᠳ ᠦᠭ᠌ᠭᠦᠨ᠎ᠠ᠃
ᠭᠠᠵᠠᠷ ᠱᠢᠨᠵᠢᠯᠡᠭᠡᠨ᠎ᠤ ᠠᠩᠬᠢ᠎ᠶ᠋ᠢᠨ ᠤᠳᠤᠷᠢᠳᠤᠯᠭ᠎ᠠ ᠡᠰᠡ ᠲᠤᠭᠤᠮᠰᠤᠷᠯᠠᠨ ᠠᠵᠢᠬ ᠴᠤ᠌ ᠦᠭᠡᠢ ᠰᠠᠭᠤᠨ᠎ᠠ᠃
— ᠡᠳ᠋᠎ᠤᠨ ᠵᠠᠰᠠᠭ ᠬᠦᠴᠢᠷᠳᠡᠯ᠎ᠲᠠᠢ ᠪᠤᠯᠬᠤᠷ ᠲᠡᠮᠡᠭᠡᠨ ᠮᠢᠬ᠎ᠠ᠎ᠪᠠᠷ ᠮᠦᠡᠭ᠌ᠭᠦ᠎ᠶ᠋ᠢ ᠴᠢᠨᠢ ᠨᠤᠭᠤᠯᠤᠨ ᠪᠤᠳᠤᠵᠤ ᠦᠭ᠌ᠭᠦᠶᠠ ᠭᠡᠵᠤ ᠬᠤᠱᠢᠭᠤᠨ ᠲᠠᠷᠤᠭ᠎ᠠ ᠰᠦᠬᠡ ᠭᠤᠶᠤᠬᠤ᠎ᠶ᠋ᠢᠨ ᠨᠠᠭᠠᠭᠤᠷ ᠴᠢᠷᠠᠢᠳᠠᠨᠠ᠃ ᠨᠤᠶᠠᠨᠴᠢ ᠰᠤᠷᠳᠠᠯ ᠭᠡᠳᠡᠭ ᠶᠠᠭᠤᠮ᠎ᠠ᠎ᠶ᠋ᠢ ᠨᠤᠬᠠᠢ ᠢᠳᠡᠭ ᠴᠠᠰᠢ᠎ᠪᠠᠨ ᠬᠡᠵᠤ ᠲᠤᠳᠤᠷ᠎ᠡ᠎ᠪᠠᠨ ᠰᠡᠮᠡᠬᠡᠨ ᠦᠭᠡᠯᠡᠨ᠎ᠡ᠃
— ᠤᠳᠤ ᠴᠢᠨᠢ ᠬᠠᠭᠤᠴᠢᠨ ᠨᠡᠢᠭᠡᠮ ᠱᠢᠭ ᠵᠤᠯᠢᠶᠠᠯᠠᠳᠠᠬ ᠴᠠᠭ ᠪᠢᠰᠢ ᠱᠢᠤ᠂ ᠵᠤᠭᠤᠰ ᠦᠭᠡᠢ ᠪᠤᠯ ᠪᠢᠳᠡ ᠬᠢᠬᠦ᠌ ᠦᠭᠡᠢ᠂ ᠪᠤᠰᠤᠳ ᠬᠦᠮᠦᠨ᠎ᠢ ᠡᠷᠢ!
ᠵᠤᠭᠤᠰ᠎ᠲᠠᠢ ᠪᠤᠯ ᠵᠢᠷᠤᠭ᠎ᠠ ᠶᠢᠷᠳᠢᠨᠴᠤ᠌᠂ ᠵᠤᠭᠤᠰ ᠦᠭᠡᠢ ᠪᠤᠯ ᠵᠤᠬ᠍ᠰᠤᠭᠠ ᠶᠢᠷᠳᠢᠨᠴᠤ᠌ ᠭᠡᠭ᠌ᠴᠢ᠎ᠪᠠᠷ ᠠᠩᠬᠠᠨ᠎ᠤ ᠶᠠᠷᠢᠯᠴᠠᠭ᠎ᠠ ᠢᠩᠭᠢᠵᠤ ᠬᠠᠳᠠᠭᠠᠰᠤᠨ ᠲᠡᠭᠡᠷ᠎ᠡ ᠬᠠᠭ᠎ᠠ ᠮᠦᠷᠭᠦᠪᠡ᠃
ᠶᠠᠭᠤᠨ᠎ᠠᠴᠠ ᠶᠠᠭᠤ ᠮᠠᠭᠠᠳ᠎ᠲᠠᠢ ᠤᠤ ᠭᠡᠵᠤ ᠬᠡᠳᠦ ᠬᠤᠨᠤᠭᠠᠳ ᠲᠠᠬᠢᠨᠳᠠ ᠬᠦᠷᠤᠯ᠎ᠡ᠃ ᠬᠤᠶᠠᠳᠠᠬᠢ ᠤᠳᠠᠭ᠎ᠠ ᠮᠦᠨ ᠬᠤᠭᠤᠰᠤᠳᠠᠪᠠ᠃
ᠤᠬ᠍ᠳᠤᠯᠵᠤ ᠲᠠᠯᠬᠢᠬᠤ᠎ᠨᠢ ᠤᠷᠭᠤᠭᠤᠯᠵᠤ ᠲᠠᠷᠢᠬᠤ᠎ᠠᠴᠠ᠎ᠪᠠᠨ ᠠᠬᠠᠳᠤᠬ᠍ᠰᠠᠨ ᠠᠮᠢ ᠠᠬᠤᠢ᠎ᠶ᠋ᠢᠨ ᠠᠱᠢᠬ᠍ᠯᠠᠯᠳᠠ᠎ᠶ᠋ᠢᠨ ᠮᠠᠭᠤ ᠤᠷᠴᠢᠯ᠂ ᠲᠦᠵᠢᠭᠡᠷ ᠮᠠᠩᠬ᠎ᠠ᠎ᠲᠠᠢ᠎ᠪᠠᠨ ᠮᠤᠳᠤ ᠪᠤᠯᠢᠶᠠᠯᠴᠠᠬ᠍ᠰᠠᠨ ᠲᠦᠯᠡᠱᠢᠨ᠎ᠳᠡᠭᠡᠨ ᠵᠦᠪ ᠦᠭᠡᠢ ᠬᠡᠳᠦᠨ ᠲᠦᠮᠡᠨ ᠠᠷᠠᠳ᠎ᠤᠨ ᠬᠢᠨᠢ ᠬᠦᠰᠡᠯ᠎ᠳᠤ ᠬᠠᠷᠠᠴᠠ ᠁ ᠡᠨᠡ ᠠᠰᠠᠭᠤᠳᠠᠯ᠎ᠢ ᠱᠢᠢᠳᠪᠦᠷᠢᠯᠡᠬᠦ᠌ ᠦᠭᠡᠢ ᠪᠤᠯ ᠠᠯᠪᠠᠨ ᠵᠠᠷᠤᠴᠠ ᠭᠡᠳ ᠶᠠᠭᠤ ᠬᠢᠨ᠎ᠡ ᠭᠡᠰᠡᠨ ᠨᠤᠳᠤᠬ᠍ᠴᠢ ᠠᠷᠠᠳᠴᠢ ᠬᠦᠨᠳᠦᠬᠡᠨ ᠪᠤᠳᠤᠯ᠎ᠳᠤ ᠲᠡᠭᠦᠨ᠎ᠤ ᠬᠤᠶᠠᠷᠳᠠ ᠬᠤᠭᠤᠰᠤᠳᠠᠬ᠍ᠰᠠᠨ ᠭᠤᠮᠤᠷᠬᠠᠯ ᠪᠤᠬᠢᠨᠢᠳᠤᠯ ᠤᠷᠤ ᠦᠭᠡᠢ ᠵᠠᠮᠬᠠᠷᠠᠵᠤ᠂ ᠭᠠᠵᠠᠷ ᠱᠢᠨᠵᠢᠯᠡᠭᠡᠨ᠎ᠤ ᠠᠩᠭᠢ᠎ᠶ᠋ᠢ ᠭᠤᠷᠪᠠᠳᠠᠬᠢ ᠤᠳᠠᠭ᠎ᠠ᠎ᠪᠠᠨ ᠡᠷᠢᠵᠤ ᠤᠴᠢᠯ᠎ᠠ᠃
ᠭᠠᠵᠠᠷ ᠱᠢᠨᠵᠢᠯᠡᠭᠡᠨ᠎ᠤ ᠠᠩᠬᠢ᠎ᠶ᠋ᠢᠨ ᠤᠳᠤᠷᠢᠳᠤᠯᠭ᠎ᠠ ᠡᠨᠡᠬᠦ᠌ ᠱᠢᠭᠤᠳᠮᠠᠬ ᠵᠠᠩ᠎ᠲᠠᠢ ᠮᠤᠩᠭᠤᠯ ᠲᠠᠷᠤᠭ᠎ᠠ᠎ᠶ᠋ᠢ ᠲᠠᠬᠢᠨᠳᠠ ᠬᠠᠷᠠᠭᠠᠳ ᠦᠪᠡᠷ᠎ᠤᠨ ᠡᠷᠬᠡ ᠦᠭᠡᠢ ᠲᠤᠯᠤᠭᠠᠢ ᠰᠠᠵᠢᠰᠭᠢᠨ ᠢᠨᠢᠶᠡᠳᠦ ᠠᠯᠳᠠᠵᠤ᠂ ᠦᠷᠭᠡᠨ ᠬᠠᠩᠬᠠᠭᠠᠷ ᠮᠦᠷᠦᠶ᠋ᠢᠨᠢ ᠲᠠᠪᠱᠢᠬ᠍ᠰᠠᠭᠠᠷ 《ᠲᠠ ᠶᠡᠷᠦ᠎ᠨᠢ ᠶᠠᠭᠠᠬᠢᠬ᠍ᠰᠠᠨ ᠭᠡᠴᠡᠭᠦᠤ ᠵᠠᠭᠤᠳᠠᠯ᠎ᠲᠠᠢ ᠬᠦᠮᠦᠨ ᠪᠤᠢ᠂ ᠪᠢ ᠬᠦᠯᠢᠶᠡᠵᠤ ᠠᠪᠬᠤ ᠦᠭᠡᠢ ᠪᠤᠯ ᠲᠠ ᠴᠢᠨᠢ ᠮᠠᠨ᠎ᠤ ᠨᠢᠭᠡᠴᠡ᠎ᠶ᠋ᠢᠨ ᠡᠭᠦᠳᠡᠨ ᠪᠤᠱᠤᠬᠢ ᠴᠤᠭᠤᠷᠤᠳᠠᠯᠠ ᠨᠤᠤᠷᠠᠬᠤᠨᠢ ᠪᠠᠢᠨ᠎ᠠ ᠱᠢᠤ》 ᠭᠡᠵᠤ ᠱᠤᠬ᠍ᠯᠠᠭᠠᠳ᠂ ᠢᠷᠡᠭ᠌ᠰᠡᠨ ᠰᠠᠨᠠᠭ᠎ᠠ᠎ᠶ᠋ᠢ᠎ᠨᠢ ᠬᠡᠯᠡᠭ᠌ᠰᠡᠨ ᠶᠤᠰᠤᠭᠠᠷ᠎ᠨᠢ ᠬᠦᠯᠢᠶᠡᠨ ᠠᠪᠴᠠᠢ᠃
108 ᠭᠠᠵᠠᠷ ᠱᠢᠨᠵᠢᠯᠡᠭᠡᠨ᠎ᠤ ᠠᠩᠬᠢ᠎ᠨᠢ ᠤᠳᠠᠯ ᠦᠭᠡᠢ ᠱᠢᠷᠠᠬᠠᠳᠠᠠᠴᠠ ᠨᠡᠭᠦᠷᠡᠰᠦᠨ ᠠᠭᠤᠷᠬᠠᠢ ᠢᠯᠡᠷᠡᠭᠦᠯᠪᠡ᠃ ᠭᠡᠶ᠎ᠡ ᠨᠡᠭᠡᠭᠡᠬᠦ᠌ ᠵᠤᠭᠤᠰ ᠪᠠᠢᠬᠤ ᠦᠭᠡᠢ᠃ ᠰᠦᠬᠡ ᠠᠢᠮᠠᠬ ᠤᠷᠤᠭᠤ᠎ᠪᠠᠨ ᠠᠷᠪᠠ ᠭᠠᠷᠤᠢ ᠤᠳᠠᠭ᠎ᠠ ᠬᠦᠶᠦᠵᠤ᠂ ᠵᠤᠭᠤᠰ ᠮᠦᠡᠭ᠌ᠭᠦ ᠴᠤᠬ᠍ᠯᠠᠭᠤᠯᠤᠭᠠᠳ᠂ ᠠᠭᠤᠷᠬᠠᠢ᠎ᠪᠠᠨ ᠨᠡᠭᠡᠭᠡᠵᠤ᠂ ᠪᠦᠬᠦ᠌ ᠬᠤᠱᠢᠭᠤᠨ᠎ᠤ᠎ᠪᠠᠨ ᠱᠢᠳᠠᠭᠠᠯᠭ᠎ᠠ᠎ᠶ᠋ᠢᠨ ᠠᠰᠠᠭᠤᠳᠠᠯ᠎ᠢ ᠱᠢᠢᠳᠪᠦᠷᠢᠯᠡᠭ᠌ᠰᠡᠨ ᠪᠦᠭᠡᠳ ᠭᠠᠳᠠᠬ᠍ᠰᠢ ᠬᠤᠳᠠᠯᠳᠤᠨ ᠪᠤᠷᠤᠯᠠᠭᠤᠯᠵᠤ᠂ ᠡᠳ᠋᠎ᠤᠨ ᠵᠠᠰᠠᠬ᠎ᠤᠨ ᠱᠢᠨ᠎ᠡ ᠤᠷᠤᠯᠭ᠎ᠠ ᠡᠭᠦᠳᠪᠡ᠃ ᠨᠡᠭᠦᠷᠡᠰᠦ᠎ᠲᠠᠢ ᠪᠤᠯᠤᠬ᠍ᠰᠠᠨ ᠲᠡᠷᠡ ᠴᠠᠬ᠎ᠠᠴᠠ ᠡᠵᠡᠨ᠎ᠡ᠎ᠶ᠋ᠢᠨ ᠬᠦᠮᠦᠰ᠎ᠤᠨ ᠵᠠᠭ ᠮᠤᠳᠤ᠂ ᠤᠯᠠᠭᠠᠨ ᠰᠤᠬᠠᠢ᠎ᠪᠠᠷ ᠭᠤᠤᠯ ᠲᠦᠯᠡᠰᠢ ᠪᠤᠯᠭᠠᠳᠠᠬ ᠬᠡᠳᠦᠨ ᠵᠠᠭᠤᠨ᠎ᠤ ᠲᠡᠤᠬᠡ ᠡᠴᠦᠰᠯᠡᠭ᠌ᠳᠡᠪᠡ᠃
1992 ᠤᠨ᠎ᠳᠤ ᠭᠠᠱᠢᠭᠤᠨ ᠨᠠᠭᠤᠷ ᠱᠢᠷᠬᠢᠵᠤ᠂ ᠡᠵᠡᠨ᠎ᠡ᠎ᠶ᠋ᠢᠨ ᠠᠮᠢ ᠠᠬᠤᠢ᠎ᠳᠤ ᠮᠠᠰᠢ ᠶᠡᠭᠡ ᠰᠦᠷᠳᠡᠭᠦᠯᠦᠯ ᠪᠤᠯᠪᠠ᠃ ᠡᠨᠡ ᠪᠠᠢᠳᠠᠯ ᠰᠦᠬᠡ᠎ᠶ᠋ᠢᠨ ᠭᠤᠤᠯ ᠵᠢᠷᠦᠬᠡ᠎ᠶ᠋ᠢ᠎ᠨᠢ ᠭᠠᠯ᠎ᠢᠶᠠᠷ ᠲᠦᠭᠡᠨᠡᠵᠤ ᠪᠠᠢᠬᠤ ᠱᠢᠬ ᠱᠢᠨᠠᠯᠭᠠᠵᠤ ᠪᠠᠢᠯ᠎ᠠ᠃ ᠲᠡᠭᠦᠨ᠎ᠤ ᠰᠠᠨᠠᠭᠠᠴᠢᠯᠠᠭ᠎ᠠ ᠲᠤᠤᠷ᠎ᠠ᠂ ᠬᠤᠱᠢᠭᠤ ᠵᠠᠰᠠᠭ᠎ᠤᠨ ᠤᠷᠳᠤᠨ᠎ᠢᠶᠠᠷ ᠲᠤᠯᠤᠭᠠᠢᠯᠠᠬ᠍ᠰᠠᠨ ᠡᠵᠡᠨ᠎ᠡ᠎ᠶ᠋ᠢᠨ ᠠᠮᠢ ᠠᠬᠤᠢ᠎ᠶ᠋ᠢᠨ ᠬᠢᠮᠤᠷᠠᠯ᠎ᠢ ᠠᠪᠤᠷᠠᠬᠤ ᠲᠤᠭᠤᠢ᠍ᠢᠯᠠᠩ ᠪᠠᠢᠭᠤᠯᠤᠬ᠍ᠳᠠᠵᠤ᠂ ᠭᠠᠱᠢᠭᠤᠨ ᠨᠠᠭᠤᠷ ᠬᠠᠳᠠᠬ᠍ᠰᠠᠨᠠᠴᠠ ᠪᠤᠯᠤᠬ᠍ᠰᠠᠨ ᠠᠮᠢ ᠠᠬᠤᠢ᠎ᠶ᠋ᠢᠨ ᠬᠦᠨᠳᠤ ᠨᠤᠴᠢᠳᠠᠢ ᠦᠷ᠎ᠡ ᠳ᠋ᠦᠩ᠎ᠳᠤ ᠱᠢᠰᠲ᠋ᠧᠮ᠎ᠲᠠᠢ ᠪᠠᠢᠴᠠᠭᠠᠯᠳᠠ ᠰᠤᠳᠤᠯᠤᠯᠳᠠ ᠬᠢᠵᠠᠢ᠃ ᠰᠦᠬᠡ ᠲᠤᠭᠤᠢ᠍ᠢᠯᠠᠩ᠎ᠤᠨ ᠨᠦᠬᠦᠳ᠎ᠢᠶᠠᠨ ᠲᠠᠭᠠᠭᠤᠯᠤᠨ ᠡᠯᠡᠰᠦ ᠭᠤᠶᠠᠳᠠᠵᠤ ᠨᠠᠷᠠ ᠲᠦᠭᠡᠨᠡᠭ᠌ᠰᠡᠨ ᠪᠠᠯᠠᠷ ᠮᠠᠩᠬᠠᠨ᠎ᠳᠤ ᠬᠡᠳᠦᠨ ᠰᠠᠷ᠎ᠠ᠎ᠪᠠᠷ ᠡᠳᠦᠷᠵᠢᠨ ᠦᠯᠦᠰᠦᠨ ᠤᠮᠳᠠᠭᠠᠰᠤᠨ ᠲᠤᠭ᠎ᠠ ᠪᠠᠷᠢᠮᠳᠠ ᠠᠪᠴᠤ᠌᠂ ᠡᠴᠦᠰ᠎ᠲᠡᠭᠡᠨ 《ᠡᠵᠡᠨ᠎ᠡ᠎ᠶ᠋ᠢᠨ ᠨᠤᠭᠤᠭᠠᠨ ᠪᠦᠷᠢ᠎ᠳᠤ᠎ᠶ᠋ᠢ ᠠᠪᠤᠷᠠᠵᠤ᠂ ᠡᠵᠡᠨ᠎ᠡ᠎ᠶ᠋ᠢᠨ ᠠᠮᠢ ᠠᠬᠤᠢ᠎ᠶ᠋ᠢ ᠬᠠᠮᠠᠭᠠᠯᠠᠶ᠎ᠠ》 ᠭᠡᠰᠡᠨ ᠪᠠᠢᠴᠠᠭᠠᠯᠳᠠ᠎ᠶ᠋ᠢᠨ ᠮᠡᠳᠡᠭᠦᠯᠦᠯᠳᠡ ᠲᠤᠭᠤᠷᠪᠢᠵᠤ᠂ ᠲᠡᠰ ᠲᠡᠰ᠎ᠢᠶᠠᠷ ᠲᠡᠭᠡᠭ᠌ᠰᠢ ᠲᠡᠪᠱᠢᠭᠦᠯᠦᠭ᠌ᠳᠡᠨ᠂ ᠦᠪᠡᠷᠳᠡᠭᠡᠨ ᠵᠠᠰᠠᠬᠤ ᠤᠷᠤᠨ ᠪᠠ ᠲᠦᠷᠦ᠎ᠶ᠋ᠢᠨ ᠶᠠᠪᠤᠳᠠᠯ᠎ᠤᠨ ᠬᠤᠷᠢᠶ᠎ᠠ᠎ᠶ᠋ᠢᠨ ᠲᠡᠭᠡᠳᠤ ᠬᠡᠮᠵᠢᠶ᠎ᠡ᠎ᠶ᠋ᠢᠨ ᠠᠩᠬᠠᠷᠤᠯ ᠴᠢᠬᠤᠯᠠᠴᠢᠯᠠᠯ᠎ᠢ ᠤᠯᠵᠤ᠂ 2000 ᠤᠨ᠎ᠳᠤ ᠲᠦᠷᠦ᠎ᠶ᠋ᠢᠨ ᠶᠠᠪᠤᠳᠠᠯ᠎ᠤᠨ ᠬᠤᠷᠢᠶ᠎ᠡ᠎ᠶ᠋ᠢᠨ ᠤᠤᠯ᠎ᠤᠨ ᠶᠠᠷᠦᠩᠬᠡᠢ ᠰᠠᠢᠳ ᠵᠦ᠍ ᠷᠦᠩ ᠵᠶ᠋ᠢ ᠨᠦᠬᠦᠷ ᠮᠡᠳᠡᠭᠦᠯᠦᠯᠳᠡ᠎ᠳᠤ ᠴᠤᠬᠤᠪᠤᠷᠢᠯᠠᠵᠤ᠂ ᠬᠠᠷ᠎ᠠ ᠭᠤᠤᠯ᠎ᠤᠨ ᠲᠤᠤᠷᠠᠳᠤ ᠤᠷᠤᠰᠭᠠᠯ᠎ᠳᠤ ᠤᠰᠤ ᠦᠭ᠌ᠬᠦ ᠠᠰᠠᠭᠤᠳᠠᠯ᠎ᠢ ᠦᠨᠢᠳᠡ᠎ᠶ᠋ᠢᠨ ᠴᠢᠨᠠᠷᠳᠠᠢ ᠱᠢᠢᠳᠪᠦᠷᠢᠯᠡᠵᠠᠢ᠃ ᠢᠡᠭ᠌ᠬᠢᠭᠡᠳ 10 ᠵᠢᠯ ᠪᠠᠷ᠎ᠠ ᠲᠠᠰᠤᠷᠠᠬ᠍ᠰᠠᠨ ᠭᠠᠱᠢᠭᠤᠨ ᠨᠠᠭᠤᠷ᠎ᠤᠨ ᠡᠷᠬᠢᠨ ᠲᠤᠭᠤᠷᠢᠨ᠎ᠳᠤ ᠨᠤᠮᠢᠨ ᠲᠤᠯᠬᠢᠶ᠎ᠠ ᠰᠡᠷᠭᠦᠨ ᠬᠠᠶᠠᠯᠠᠵᠤ᠂ ᠬᠠᠳᠠᠵᠤ ᠦᠬᠦᠬᠦ᠌ ᠱᠢᠬᠠᠬ᠍ᠰᠠᠨ 44 ᠲᠦᠮᠡᠨ ᠮᠦ᠍ ᠲᠤᠤᠷᠠᠢ᠂ 229 ᠲᠦᠮᠡᠨ ᠮᠦ᠍ ᠤᠯᠠᠭᠠᠨ ᠰᠤᠬᠠᠢ ᠠᠪᠤᠷᠠᠬ᠍ᠳᠠᠬ᠍ᠰᠠᠨ ᠪᠠᠢᠨ᠎ᠠ᠃
ᠲᠠᠯᠠᠢᠬᠦ᠋ᠪ᠎ᠤᠨ ᠨᠢᠭᠡᠳᠦᠭᠡᠷ ᠬᠦᠭᠦᠷᠭᠡ᠎ᠠᠴᠠ ᠨᠠᠢ᠍ᠮᠠᠳᠤᠭᠠᠷ ᠬᠦᠭᠦᠷᠭᠡ ᠪᠤᠯᠳᠠᠯᠠᠬᠢ 40 ᠲᠦᠮᠡᠨ ᠮᠦ᠍ ᠲᠤᠤᠷᠠᠢ ᠮᠤᠳᠤ ᠪᠤᠯ ᠤᠨ ᠵᠢᠯ ᠤᠳᠠᠬ᠍ᠰᠠᠨ ᠲᠤᠤᠷᠠᠢ ᠮᠤᠳᠤᠨ᠎ᠤ ᠤᠢ ᠪᠠᠢᠯ᠎ᠠ᠃ ᠰᠦᠬᠡ ᠡᠨᠡᠬᠦ᠌ ᠤᠷᠤᠨ᠎ᠢ ᠬᠠᠮᠠᠭᠠᠯᠠᠬᠤ ᠠᠵᠢᠯ᠎ᠢ ᠠᠯᠢ ᠡᠷᠳᠡ᠎ᠠᠴᠠ ᠴᠢᠬᠤᠯᠠᠴᠢᠯᠠᠨ ᠦᠵᠡᠵᠤ᠂ ᠤᠯᠠᠨ ᠤᠳᠠᠭ᠎ᠠ ᠲᠤᠰᠭᠠᠢ ᠬᠤᠷᠠᠯ᠎ᠢᠶᠠᠷ ᠰᠤᠳᠤᠯᠤᠨ᠂ ᠲᠦᠰᠦᠪ ᠲᠦᠯᠦᠪᠯᠡᠭᠡ ᠲᠤᠬ᠍ᠳᠠᠭᠠᠵᠤ᠂ ᠲᠦᠷᠦᠯ ᠵᠦᠢᠯ ᠭᠤᠶᠤᠴᠢᠯᠠᠨ᠂ ᠤᠯᠤᠰ᠎ᠤᠨ ᠪᠠᠢᠭᠠᠯᠢ᠎ᠶ᠋ᠢᠨ ᠠᠮᠢ ᠠᠬᠤᠢ᠎ᠶ᠋ᠢᠨ ᠬᠠᠮᠠᠭᠠᠯᠠᠯᠳᠠ᠎ᠶ᠋ᠢᠨ ᠤᠷᠤᠨ᠎ᠳᠤ ᠤᠷᠤᠭᠤᠯᠤᠭᠠᠳ ᠰᠠᠶᠢ ᠰᠠᠨᠠᠭ᠎ᠠ ᠠᠮᠤᠷᠴᠠᠢ᠃ ᠤᠳᠤ ᠠᠳᠡᠬᠢ᠎ᠨᠢ ᠤᠯᠤᠰ᠎ᠤᠨ ᠲᠤᠳᠤᠭᠠᠳᠤ ᠭᠠᠳᠠᠭᠠᠳᠤ᠎ᠶ᠋ᠢᠨ ᠠᠯᠳᠠᠷᠳᠤ ᠵᠤᠭᠠᠴᠠᠯ᠎ᠤᠨ ᠤᠷᠤᠨ ᠪᠤᠯᠵᠤ᠂ ᠠᠯᠳᠠᠨ ᠲᠤᠤᠷᠠᠢ᠎ᠶ᠋ᠢᠨ ᠨᠠᠢᠷ ᠵᠢᠯ᠎ᠤᠨ ᠵᠢᠯ᠎ᠳᠡᠭᠡᠨ ᠶᠠᠪᠤᠬ᠍ᠳᠠᠨ᠂ ᠡᠵᠡᠨ᠎ᠡ ᠬᠤᠱᠢᠭᠤᠨ᠎ᠳᠤ ᠵᠢᠯ ᠪᠦᠷᠢ 1.5 ᠳ᠋ᠦᠡᠭ᠌ᠰᠢᠭᠤᠷ ᠭᠠᠷᠤᠢ ᠲᠦᠭᠦᠷᠢᠭ ᠵᠤᠭᠠᠴᠠᠯ᠎ᠤᠨ ᠤᠷᠤᠯᠭ᠎ᠠ ᠡᠭᠦᠳᠴᠤ᠌ ᠦᠭ᠌ᠬᠦ ᠪᠤᠯᠤᠬ᠍ᠰᠠᠨ ᠶᠤᠮ᠃
ᠬᠡᠪᠡᠷᠡᠭ ᠪᠠᠭᠤᠷᠠᠢ ᠮᠠᠯ ᠠᠵᠤ ᠠᠬᠤᠢ᠎ᠳᠤ ᠲᠦᠱᠢᠭ᠌ᠯᠡᠭᠡᠳ ᠡᠳ᠋᠎ᠤᠨ ᠵᠠᠰᠠᠭ᠎ᠤᠨ ᠤᠷᠤᠯᠭ᠎ᠠ᠎ᠶ᠋ᠢ ᠬᠡᠳᠦ᠋ᠢᠬᠡᠨ ᠨᠡᠮᠡᠭ᠌ᠳᠡᠭᠦᠯᠵᠤ ᠴᠢᠳᠠᠬᠤ ᠪᠢᠯᠡ᠃ ᠡᠭᠦᠨ᠎ᠢ ᠰᠦᠬᠡ ᠪᠠᠳᠤᠲᠠᠢ ᠮᠡᠳᠡᠨ᠎ᠡ᠃ ᠭᠡᠳᠡᠯ᠎ᠡ ᠦᠢᠯᠡᠳᠪᠦᠷᠢ ᠠᠭᠤᠷᠠᠬᠠᠢ᠎ᠶ᠋ᠢ ᠭᠦᠭ᠌ᠵᠢᠭᠦᠯᠦᠶᠡ ᠬᠡᠬᠦ᠌᠎ᠳᠤ ᠮᠡᠷᠭᠡᠵᠢᠯ ᠦᠭᠡᠢ᠂ ᠪᠡᠯᠡ ᠮᠦᠡᠭ᠌ᠭᠦ ᠦᠭᠡᠢ ᠪᠤᠯᠬᠤᠷ᠂ ᠲᠤᠬᠠᠢ᠎ᠶ᠋ᠢᠨ ᠦᠶ᠎ᠡ᠎ᠲᠤ ᠡᠵᠡᠨ᠎ᠡ᠎ᠶ᠋ᠢᠨ ᠬᠡᠰᠡᠭ ᠪᠦᠯᠦᠭ ᠠᠭᠤᠷᠬᠠᠢ᠎ᠶ᠋ᠢ ᠪᠦᠷ ᠭᠠᠨᠰᠤ ᠮᠤᠵᠢ᠎ᠠᠴᠠ ᠨᠡᠭᠡᠭᠡᠵᠤ ᠪᠠᠢᠬᠤ ᠮᠦᠷᠳᠡᠭᠡᠨ ᠡᠵᠡᠨ᠎ᠡ ᠬᠤᠱᠢᠭᠤᠨ᠎ᠳᠤ ᠰᠤᠬᠤᠷ ᠮᠦᠡᠭ᠌ᠭᠦ᠎ᠶ᠋ᠢᠨ ᠠᠱᠢᠭ ᠭᠠᠢᠯᠢ ᠲᠤᠱᠢᠶᠠᠵᠤ ᠦᠭᠡᠢ ᠪᠠᠢᠯ᠎ᠠ᠃ ᠡᠨᠡ ᠪᠠᠢᠳᠠᠯ᠎ᠢ ᠶᠠᠭᠠᠬᠢᠬ᠍ᠰᠠᠨ ᠴᠤ᠌ ᠬᠤᠪᠢᠷᠠᠭᠤᠯᠬᠤ ᠬᠡᠷᠡᠭ᠌ᠳᠠᠢ᠃ ᠰᠦᠬᠡ ᠬᠦᠮᠦᠨ ᠲᠠᠭᠠᠭᠤᠯᠵᠤ᠂ ᠭᠠᠨᠰᠤ ᠮᠤᠵᠢ᠂ ᠵᠢᠤᠴᠢᠤᠸᠠᠨ᠎ᠢᠶᠠᠷ ᠬᠤᠷᠢ ᠱᠢᠬᠠᠮ ᠬᠤᠨᠤᠭ ᠭᠦᠶᠦᠵᠤ᠂ ᠠᠱᠢᠭ ᠭᠠᠢᠯᠢ ᠲᠤᠱᠢᠶᠠᠯᠭᠠᠬᠤ ᠠᠰᠠᠭᠤᠳᠠᠯ᠎ᠢ ᠱᠢᠢᠳᠪᠦᠷᠢᠯᠡᠭ᠌ᠰᠡᠨ ᠪᠦᠭᠡᠳ 《ᠲᠡᠬᠢᠶ᠎ᠡ ᠵᠢᠭᠡᠯᠡᠵᠤ ᠦᠨᠳᠡᠭᠡ ᠨᠡᠪᠴᠢᠭᠦᠯᠬᠦ᠌》 ᠠᠷᠭ᠎ᠠ᠎ᠪᠠᠷ ᠲᠡᠮᠦᠷ᠎ᠤᠨ ᠬᠦᠳᠡᠷ᠎ᠤᠨ ᠠᠭᠤᠷᠬᠠᠢ᠂ ᠬᠠᠢᠯᠤᠭᠤᠷ ᠵᠤᠩᠰᠢ᠎ᠶ᠋ᠢᠨ ᠠᠭᠤᠷᠬᠠᠢ ᠨᠡᠭᠡᠭᠡᠵᠡᠢ᠃ ᠢᠡᠭ᠌ᠬᠢᠭ᠌ᠰᠡᠨᠢᠶᠠᠷ᠂ ᠡᠵᠡᠨ᠎ᠡ ᠬᠤᠱᠢᠭᠤᠨ᠎ᠤ ᠡᠳ᠋᠎ᠤᠨ ᠵᠠᠰᠠᠭ᠎ᠤᠨ ᠤᠷᠤᠯᠭ᠎ᠠ ᠲᠦᠷᠭᠡᠨ ᠨᠡᠮᠡᠭ᠌ᠳᠡᠯ᠎ᠤᠨ ᠵᠠᠮ᠎ᠳᠠᠭᠠᠨ ᠤᠷᠤᠵᠠᠢ᠃
ᠴᠡᠭᠡ ᠪᠤᠭᠤᠮᠳᠠ᠎ᠶ᠋ᠢ ᠨᠡᠭᠡᠭᠡᠬᠦ᠌ ᠠᠵᠢᠯ᠎ᠢ ᠴᠤ᠌ ᠰᠦᠬᠡ ᠬᠠᠮᠤᠭ ᠡᠷᠳᠡ ᠭᠠᠷᠳᠠᠨ ᠬᠢᠪᠡ᠃ ᠲᠡᠷᠡ ᠦᠪᠡᠷ᠎ᠤᠨ ᠪᠡᠶ᠎ᠡ᠎ᠪᠠᠷ᠎ᠢᠶᠠᠨ ᠭᠠᠨᠰᠤ ᠮᠤᠵᠢ᠎ᠶ᠋ᠢᠨ ᠮᠠ ᠽᠦᠩ ᠱᠠᠨ ᠪᠤᠭᠤᠮᠳᠠ᠎ᠳᠤ ᠭᠤᠷᠪᠠᠨᠳᠠ ᠬᠦᠷᠴᠤ᠌᠂ ᠪᠠᠢᠴᠠᠭᠠᠯᠳᠠ ᠬᠢᠭ᠌ᠰᠡᠨ ᠪᠦᠭᠡᠳ ᠮᠤᠩᠭᠤᠯ ᠤᠯᠤᠰ᠎ᠲᠤ ᠠᠷᠪᠠ ᠭᠠᠷᠤᠢ ᠤᠳᠠᠭ᠎ᠠ ᠬᠦᠷᠴᠤ᠌᠂ ᠬᠡᠯᠡᠯᠴᠡᠭᠡᠷ ᠬᠢᠵᠤ᠂ ᠠᠯᠢᠪᠠ ᠨᠦᠭᠦᠴᠡᠯ᠎ᠢ ᠪᠦᠷᠢᠯᠳᠦᠭᠦᠯᠪᠡ᠃ ᠡᠨᠡᠬᠦ᠌ ᠲᠦᠷᠦᠯ ᠵᠦᠢᠯ᠎ᠨᠢ ᠲᠦᠪ᠎ᠤᠨ ᠵᠦᠪᠱᠢᠶᠡᠷᠡᠯ᠎ᠢ ᠤᠯᠤᠬ᠍ᠰᠠᠨ᠎ᠤ ᠲᠠᠷᠠᠭ᠎ᠠ᠂ ᠪᠤᠭᠤᠮᠳᠠ᠎ᠶ᠋ᠢᠨ ᠪᠠᠷᠢᠯᠭ᠎ᠠ᠎ᠶ᠋ᠢ ᠪᠠᠷᠢᠬᠤ ᠠᠵᠢᠯ᠎ᠢ ᠦᠪᠡᠷ᠎ᠢᠶᠠᠨ ᠭᠠᠷᠳᠠᠨ ᠬᠢᠵᠤ᠂ ᠲᠠᠯᠠᠢᠬᠦ᠋ᠪ ᠴᠡᠭᠡ ᠪᠤᠭᠤᠮᠳᠠ᠎ᠶ᠋ᠢᠨ ᠬᠤᠭᠤᠷᠤᠨᠳᠤ ᠵᠢᠯ ᠭᠠᠷᠤᠢ ᠨᠠᠰᠢ ᠴᠠᠰᠢ ᠭᠦᠶᠦᠵᠤ᠂ ᠬᠡᠳᠦᠨ ᠵᠢᠩ ᠮᠢᠬ᠎ᠠ ᠱᠢᠭᠤᠷᠠᠬ᠍ᠰᠠᠨ ᠪᠠᠢᠨ᠎ᠠ᠃
ᠡᠵᠡᠨ᠎ᠡ ᠬᠤᠱᠢᠭᠤᠨ᠎ᠤ ᠰᠠᠢᠬᠠᠨᠳᠤᠤᠷᠠᠢ ᠴᠠᠬᠢᠯᠭᠠᠨ ᠦᠢᠯᠡᠳᠪᠦᠷᠢ᠎ᠶ᠋ᠢ ᠪᠠᠢᠭᠤᠯᠬᠤ ᠪᠡᠯᠡᠳᠭᠡᠯ ᠠᠵᠢᠯ ᠲᠤᠮᠳᠠᠬᠢ ᠨᠢᠭᠡ ᠶᠠᠪᠤᠳᠠᠯ ᠤᠤᠯ᠎ᠤᠨ ᠠᠷᠠᠳ᠎ᠤᠨ ᠪᠠᠢᠴᠠᠭᠠᠬᠤ ᠬᠤᠷᠢᠶᠠᠨ᠎ᠤ ᠠᠵᠢᠯᠳᠠᠨ ᠮᠠᠱᠢᠪᠠᠳᠤᠶ᠋ᠢᠨ ᠰᠡᠳᠭᠢᠯ᠎ᠳᠤ ᠭᠦᠨ ᠬᠠᠳᠠᠩᠱᠢᠵᠠᠢ᠃ ᠲᠤᠬᠠᠢ᠎ᠶ᠋ᠢᠨ ᠦᠶ᠎ᠠ᠎ᠳᠤ᠂ ᠰᠦᠬᠡ ᠲᠠᠳᠡᠨᠤᠰᠢ ᠲᠠᠭᠠᠭᠤᠯᠤᠨ᠂ ᠲᠦᠷᠦᠯ ᠵᠦᠢᠯ ᠤᠯᠬᠤ᠂ ᠪᠡᠯᠡ ᠮᠦᠡᠭ᠌ᠭᠦ ᠭᠤᠶᠤᠴᠢᠯᠠᠬᠤ ᠭᠡᠵᠤ ᠬᠦᠬᠡᠬᠤᠳᠠ᠎ᠳᠤ ᠬᠦᠷᠦᠯ᠎ᠠ᠃ ᠦᠪᠡᠷ᠎ᠢᠶᠠᠨ ᠮᠠᠱᠢᠨ ᠲᠡᠷᠭᠡ ᠦᠭᠡᠢ ᠪᠤᠯᠬᠤᠷ ᠡᠳᠦᠷᠵᠢᠨ ᠤᠷᠤᠨ᠎ᠤ ᠲᠢᠩᠬᠢᠮ ᠲᠤᠪᠴᠢᠶ᠎ᠠ᠎ᠶ᠋ᠢᠨ ᠬᠤᠭᠤᠷᠤᠨᠳᠤ ᠭᠠᠭ᠍ᠠᠢ ᠶᠠᠪᠠᠭᠠᠨ ᠰᠦᠯᠵᠢᠵᠤ᠂ ᠬᠦᠯ᠎ᠨᠢ ᠫᠤᠤᠵᠢᠩᠳᠠᠭᠠᠳ ᠠᠯᠬᠤᠵᠤ ᠲᠡᠢᠯᠬᠦ᠌ ᠦᠭᠡᠢ ᠪᠤᠯᠤᠬ᠍ᠰᠠᠨ ᠪᠠᠢᠯ᠎ᠠ᠃ ᠤᠷᠤᠢ ᠪᠦᠷᠦᠢ᠎ᠪᠠᠷ ᠪᠠᠭᠤᠳᠠᠯ᠎ᠳᠠᠭᠠᠨ ᠢᠷᠡᠪᠡᠯ ᠪᠠᠷᠢᠨ ᠬᠢᠬᠦ᠌ ᠠᠵᠢᠯ᠎ᠨᠢ ᠭᠡᠪᠡᠯ ᠱᠤᠷᠤ᠎ᠲᠠᠢ ᠶᠠᠭᠤᠮ᠎ᠠ᠎ᠪᠠᠷ ᠫᠤᠤᠵᠢᠩ᠎ᠢ᠎ᠨᠢ ᠴᠤᠭᠤᠯᠠᠵᠤ ᠱᠢᠬᠠᠭᠠᠳ᠂ ᠲᠠᠬᠢᠨ ᠭᠠᠳᠠᠷ ᠱᠢᠷᠬ᠎ᠠ᠎ᠶ᠋ᠢᠨ ᠡᠮ ᠲᠦᠷᠬᠢᠭᠡᠳ ᠠᠮᠠᠷᠠᠨ᠎ᠠ᠃ ᠲᠠᠷᠠᠭ᠎ᠠ ᠡᠳᠦᠷ᠎ᠨᠢ ᠪᠠᠰᠠ᠎ᠯᠠ ᠡᠪᠡᠳᠬᠦ᠌᠎ᠶ᠋ᠢ ᠲᠡᠰᠪᠦᠷᠢᠯᠡᠭᠡᠳ ᠭᠦᠶᠦᠨᠠ᠃ ᠨᠢᠭᠡ ᠤᠳᠠᠭ᠎ᠠ ᠲᠤᠬᠠᠢ᠎ᠶ᠋ᠢᠨ ᠦᠶ᠎ᠠ᠎ᠶ᠋ᠢᠨ ᠦᠪᠡᠷᠳᠡᠭᠡᠨ ᠵᠠᠰᠠᠬᠤ ᠤᠷᠤᠨ᠎ᠤ ᠲᠡᠳ᠋ ᠲᠡᠷᠢᠭᠦᠯᠡᠭ᠌ᠴᠢ ᠪᠠᠢᠬ᠍ᠰᠠᠨ ᠪᠠᠳᠤᠪᠠᠭᠠᠨ᠎ᠠ ᠨᠦᠬᠦᠷ᠎ᠤᠨ ᠠᠯᠪᠠᠨ ᠭᠡᠷ᠎ᠲᠤ ᠤᠷᠤᠬᠤ᠎ᠳᠤ ᠲᠤᠭᠤᠯᠳᠠᠵᠤ ᠪᠠᠢᠬ᠍ᠰᠠᠨ᠎ᠢ᠎ᠨᠢ ᠬᠠᠷᠠᠭᠠᠳ ᠪᠠᠳᠤᠪᠠᠭᠠᠨ᠎ᠠ ᠪᠠᠢᠳᠠᠯ᠎ᠢ᠎ᠨᠢ ᠤᠢ᠍ᠢᠯᠠᠭᠠᠵᠤ ᠮᠡᠳᠡᠭᠡᠳ᠄ 《ᠬᠦᠯ ᠴᠢᠨᠢ ᠡᠢᠮᠤ ᠪᠤᠯᠴᠢᠬᠠᠭᠠᠳ ᠪᠠᠰᠠ ᠭᠦᠶᠦᠭᠡᠳ ᠪᠠᠢᠬᠤ ᠴᠢᠨᠢ᠂ ᠬᠤᠪᠢᠰᠭᠠᠯ᠎ᠤᠨ ᠠᠵᠢᠯ᠎ᠢ ᠬᠢᠬᠦ᠌᠎ᠳᠤ ᠪᠠᠰᠠ ᠪᠡᠶ᠎ᠡ᠎ᠪᠠᠨ ᠠᠩᠬᠠᠷᠬᠤ ᠬᠡᠷᠡᠭ᠌ᠳᠠᠢ ᠱᠢᠤ᠂ ᠪᠢ ᠴᠢᠮ᠎ᠠ᠎ᠳᠤ ᠨᠢᠭᠡ ᠲᠡᠷᠭᠡ ᠭᠤᠶᠤᠴᠢᠯᠠᠵᠤ ᠦᠭ᠌ᠭᠦᠶᠡ》 ᠭᠡᠰᠡᠨ ᠪᠦᠬᠡᠳ ᠬᠡᠳᠦᠨ ᠡᠳᠦᠷ᠎ᠤᠨ ᠲᠠᠷᠠᠭ᠎ᠠ ᠡᠵᠡᠨ᠎ᠡ ᠬᠤᠱᠢᠭᠤᠨ᠎ᠳᠤ ᠦᠨᠡᠬᠡᠷ ᠨᠢᠬᠡ ᠮᠠᠱᠢᠨ ᠲᠡᠷᠭᠡ ᠦᠭ᠌ᠴᠠᠢ᠃
ᠰᠦᠬᠡ᠎ᠶ᠋ᠢ ᠬᠦᠮᠦᠰ ᠠᠵᠢᠯ ᠭᠡᠪᠡᠯ ᠠᠮᠢ᠎ᠪᠠᠨ ᠠᠪᠬᠤ ᠦᠭᠡᠢ ᠬᠡᠮᠡᠨ ᠲᠦᠷᠰᠦᠯᠡᠳᠡᠭ᠂ ᠲᠡᠭᠡᠬᠦ᠌᠎ᠳᠤ ᠲᠡᠷᠡ᠄ 《ᠪᠢ ᠠᠮᠪᠠᠨ ᠨᠤᠶᠠᠨ ᠪᠢᠰᠢ᠂ ᠬᠠᠷᠢᠨ ᠠᠯᠪᠠᠨ ᠵᠠᠷᠤᠴᠠ ᠱᠢᠤ ᠳ᠋ᠠ》 ᠭᠡᠵᠤ ᠯᠡ ᠬᠠᠷᠢᠭᠤᠯᠳᠠᠭ᠃ 1992 ᠤᠨ᠎ᠳᠤ᠂ ᠡᠵᠡᠨ᠎ᠡ ᠬᠤᠱᠢᠭᠤᠨ᠎ᠤ ᠲᠡᠮᠦᠷ ᠵᠠᠮ᠎ᠢ ᠵᠠᠰᠠᠨ ᠱᠢᠨᠡᠳᠭᠡᠬᠦ᠌ ᠲᠦᠷᠦᠯ ᠵᠦᠢᠯ᠎ᠤᠨ ᠲᠤᠬᠠᠢ ᠮᠡᠳᠡᠭᠦᠯᠦᠯᠳᠡ᠎ᠶ᠋ᠢ ᠦᠪᠡᠷᠳᠡᠭᠡᠨ ᠵᠠᠰᠠᠬᠤ ᠤᠷᠤᠨ᠎ᠠᠴᠠ ᠬᠠᠷᠢᠭᠤ ᠮᠡᠳᠡᠭᠦᠯᠦᠯᠳᠡ ᠰᠤᠨᠤᠰᠭᠤ ᠭᠡᠪᠡ᠃ ᠡᠨᠡ ᠵᠢᠭᠠᠪᠤᠷᠢ᠎ᠨᠢ ᠡᠮᠦᠨ᠎ᠡ ᠡᠳᠦᠷ᠎ᠤᠨ 4 ᠴᠠᠭ᠎ᠲᠤ ᠤᠯᠠᠮᠵᠢᠯᠠᠬ᠍ᠳᠠᠬ᠍ᠰᠠᠨ ᠪᠦᠭᠡᠳ ᠬᠤᠷᠠᠯ᠎ᠤᠨ ᠴᠠᠭ᠎ᠢ ᠲᠠᠷᠠᠭ᠎ᠠ ᠡᠳᠦᠷ᠎ᠤᠨ ᠬᠢᠨᠢ ᠦᠳᠡ᠎ᠶ᠋ᠢᠨ ᠡᠮᠦᠨ᠎ᠡ ᠲᠤᠬᠢᠷᠠᠭᠤᠯᠤᠬ᠍ᠰᠠᠨ ᠪᠠᠢᠯ᠎ᠠ᠃ ᠡᠵᠡᠨ᠎ᠡ ᠬᠦᠬᠡᠬᠤᠳᠠ᠎ᠠᠴᠠ 1300 ᠭᠠᠷᠤᠢ ᠺᠢᠯᠦᠮᠧᠲᠷ ᠵᠠᠢᠲᠠᠢ᠃ ᠲᠡᠷᠭᠡ ᠮᠠᠭᠤ᠂ ᠵᠠᠮ ᠠᠨᠠᠢ᠂ ᠨᠢᠭᠡ ᠰᠦᠨᠢ ᠶᠠᠭᠠᠬᠢᠵᠤ ᠬᠦᠷᠬᠦ᠌ ᠪᠤᠢ᠃ ᠬᠤᠱᠢᠭᠤᠨ᠎ᠠᠴᠠ ᠦᠪᠡᠷᠳᠡᠭᠡᠨ ᠵᠠᠰᠠᠬᠤ ᠤᠷᠤᠨ᠎ᠤ ᠬᠠᠮᠢᠶ᠎ᠠ ᠪᠦᠬᠦᠢ ᠰᠠᠯᠠᠭ᠎ᠠ ᠮᠦᠴᠢᠷ᠎ᠲᠤ ᠮᠡᠳᠡᠭᠦᠯᠦᠯᠳᠡ᠎ᠶ᠋ᠢᠨ ᠴᠠᠭ᠎ᠢ᠎ᠨᠢ ᠬᠤᠢᠱᠢᠯᠠᠭᠤᠯᠬᠤ᠎ᠪᠠᠷ ᠭᠤᠶᠤᠴᠢᠯᠠᠬᠤ ᠭᠡᠰᠡᠨ᠎ᠳᠤ ᠰᠦᠬᠡ ᠵᠦᠪᠱᠢᠶᠡᠷᠡᠭ᠌ᠰᠡᠨ ᠦᠭᠡᠢ᠃ 《ᠡᠢᠮᠤ ᠲᠤᠬᠢᠶᠠᠯ ᠬᠡᠳᠦ ᠪᠠᠢᠬᠤ ᠪᠤᠢ᠂ ᠵᠠᠪᠠᠯ ᠵᠠᠪᠳᠤᠨ ᠬᠦᠷᠬᠦ᠌ ᠬᠡᠷᠡᠭ᠌ᠳᠠᠢ》 ᠬᠡᠮᠡᠨ ᠬᠤᠶᠠᠷ ᠵᠢᠯᠤᠭᠤᠴᠢ ᠲᠠᠭᠠᠭᠤᠯᠤᠨ ᠮᠤᠷᠳᠠᠵᠤ᠂ ᠦᠷᠯᠦᠭᠡ᠎ᠨᠢ ᠬᠦᠬᠡᠬᠤᠳᠠ᠎ᠳᠤ ᠬᠦᠷᠴᠤ᠌ ᠢᠷᠡᠭᠡᠳ ᠠᠵᠢᠯ᠎ᠤᠨ ᠪᠠᠢᠳᠠᠯ᠎ᠢᠶᠠᠨ ᠮᠡᠳᠡᠭᠦᠯᠵᠠᠢ᠃
ᠰᠦᠬᠡ ᠡᠵᠡᠨ᠎ᠠ ᠬᠤᠱᠢᠭᠤᠨ᠎ᠳᠤ ᠶᠠᠭ 18 ᠵᠢᠯ ᠬᠤᠱᠢᠭᠤᠨ ᠱᠦᠵᠢ᠂ ᠬᠤᠱᠢᠭᠤᠨ ᠲᠠᠷᠤᠭ᠎ᠠ᠎ᠪᠠᠷ ᠡᠭᠡᠯᠵᠢᠯᠡᠨ ᠠᠵᠢᠯᠯᠠᠵᠤ ᠲᠤᠱᠢᠶᠠᠯ ᠡᠭᠦᠷᠭᠡᠯᠡᠪᠡ᠃ ᠲᠡᠷᠡ ᠬᠤᠪᠢ ᠬᠦᠮᠦᠨ᠎ᠤ ᠤᠯᠵᠤ ᠠᠯᠳᠠᠬᠤ᠂ ᠵᠡᠷᠭᠡ ᠲᠡᠰ᠎ᠤᠨ ᠶᠡᠭᠡ ᠪᠠᠭ᠎ᠠ᠎ᠶ᠋ᠢ ᠶᠡᠷᠤᠳᠠ ᠬᠠᠮᠢᠶᠠᠷᠴᠤ᠌ ᠦᠡᠭ᠌ᠭᠡᠷᠡᠭ᠌ᠰᠡᠨ ᠦᠭᠡᠢ᠃ ᠲᠡᠭᠦᠨ᠎ᠢ ᠬᠤᠱᠢᠭᠤᠨ ᠲᠠᠷᠤᠭ᠎ᠠ᠎ᠪᠠᠷ ᠬᠤᠭᠤᠴᠠᠭ᠎ᠠ ᠰᠤᠯᠢᠨ ᠠᠵᠢᠯᠯᠠᠬᠤ ᠦᠶ᠎ᠡ᠎ᠳᠤ ᠤᠤᠯ᠎ᠨᠢ ᠭᠠᠷ ᠲᠤᠤᠷ᠎ᠠ᠎ᠨᠢ ᠠᠵᠢᠯᠯᠠᠵᠤ ᠪᠠᠢᠬ᠍ᠰᠠᠨ ᠵᠠᠷᠢᠮ ᠬᠦᠮᠦᠨ ᠨᠢᠭᠡ ᠮᠡᠳᠡᠬᠦ᠌᠎ᠳᠤ ᠬᠤᠱᠢᠭᠤᠨ ᠱᠦᠵᠢ᠎ᠪᠠᠷ ᠢᠷᠡᠴᠢᠬᠡᠭᠡᠳ ᠲᠡᠷᠡ ᠤᠳᠤᠷᠢᠳᠭᠤ ᠺᠠᠳ᠋ᠷ᠎ᠤᠨ ᠵᠢᠬ᠍ᠰᠠᠭᠠᠯᠳᠠᠳᠤ 《ᠬᠤᠶᠠᠳᠤᠭᠠᠷ ᠪᠠᠢᠷᠢ》 ᠳᠤ ᠤᠷᠤᠴᠢᠬᠠᠬ᠍ᠰᠠᠨ ᠪᠠᠢᠳᠠᠬ᠃ ᠭᠡᠪᠡᠴᠤ᠌ ᠰᠦᠬᠡ ᠡᠨᠡ ᠠᠰᠠᠭᠤᠳᠠᠯ᠎ᠢ ᠮᠢᠨᠤ ᠴᠢᠨᠤ ᠭᠡᠵᠤ ᠶᠡᠷᠦ᠍ ᠶᠠᠷᠢᠳᠠᠭ ᠦᠭᠡᠢ᠃ ᠠᠢᠮᠠᠭ᠎ᠤᠨ ᠨᠠᠮ᠎ᠤᠨ ᠬᠤᠷᠢᠶᠠᠨ᠎ᠤ ᠨᠠᠷᠢᠨ ᠪᠢᠴᠢᠭ᠎ᠤᠨ ᠲᠠᠷᠤᠭ᠎ᠠ ᠵᠡᠷᠭᠡ᠎ᠪᠠᠷ ᠲᠡᠭᠡᠳᠤ ᠱᠠᠳᠤᠨ᠎ᠳᠤ ᠬᠡᠳᠦ ᠤᠳᠠᠭᠠᠨ᠎ᠤ ᠲᠡᠪᠱᠢᠵᠤ ᠶᠠᠪᠤᠬᠤ ᠠᠵᠠ ᠲᠤᠬᠢᠶᠠᠯ ᠬᠠᠷᠭᠤᠬ᠍ᠰᠠᠨ ᠴᠤ᠌᠂ ᠲᠡᠷᠡ ᠶᠠᠪᠤᠬ᠍ᠰᠠᠨ ᠦᠭᠡᠢ᠃ ᠤᠴᠢᠷ᠎ᠨᠢ ᠲᠡᠷᠡ ᠡᠨᠡ ᠨᠤᠳᠤᠭ᠎ᠲᠤ ᠬᠡᠯᠡᠵᠤ ᠪᠠᠷᠠᠰᠢ ᠦᠭᠡᠢ ᠭᠦᠨ ᠵᠤᠵᠠᠭᠠᠨ ᠬᠠᠢᠷ᠎ᠠ ᠰᠡᠳᠭᠢᠯᠭᠡ᠎ᠲᠠᠢ᠃
ᠡᠵᠡᠨ᠎ᠡ᠎ᠶ᠋ᠢᠨ ᠲᠠᠯᠠᠢᠬᠦ᠋ᠪ᠎ᠤᠨ ᠠᠩᠬᠠᠳᠠᠬ᠍ᠴᠢ ᠴᠠᠷᠳᠠᠮᠠᠯ ᠵᠠᠮ᠎ᠢ ᠵᠠᠰᠠᠬ᠍ᠰᠠᠨ᠂ ᠲᠦᠭᠡᠭᠡᠯ ᠤᠰᠤ᠎ᠶ᠋ᠢ ᠲᠦᠭᠡᠮᠡᠯᠵᠢᠭᠦᠯᠦᠭ᠌ᠰᠡᠨ᠂ ᠵᠠᠮ᠎ᠤᠨ ᠳ᠋ᠧᠩ ᠤᠬ᠍ᠰᠠᠷᠠᠬ᠍ᠰᠠᠨ᠂ ᠠᠭᠤᠳᠠᠮ ᠲᠠᠯᠠᠪᠠᠢ᠎ᠲᠠᠢ ᠪᠤᠯᠤᠬ᠍ᠰᠠᠨ᠂ ᠺᠢᠨᠣ᠋ ᠲᠢᠶᠠᠲᠷ᠎ᠲᠠᠢ ᠪᠤᠯᠤᠬ᠍ᠰᠠᠨ᠂ ᠰᠤᠷᠭᠠᠭᠤᠯᠢ᠎ᠶ᠋ᠢᠨ ᠭᠡᠷ ᠪᠠᠢᠱᠢᠩ᠎ᠢ ᠱᠢᠨᠡᠳᠭᠡᠭ᠌ᠰᠡᠨ᠂ 18 ᠵᠢᠯ᠂ ᠲᠡᠷᠡ ᠡᠵᠡᠨ᠎ᠡ ᠬᠤᠱᠢᠭᠤᠨ᠎ᠳᠤ ᠬᠡᠳᠦ᠋ᠢᠴᠢᠨᠡᠭᠡᠨ ᠠᠵᠢᠯ ᠬᠢᠭ᠌ᠰᠡᠨ᠎ᠢᠶᠠᠨ ᠦᠪᠡᠷ᠎ᠢᠶᠠᠨ ᠴᠤ᠌ ᠮᠡᠳᠡᠬᠦ᠌ ᠦᠭᠡᠢ᠂ ᠬᠠᠷᠢᠨ ᠡᠵᠡᠨ᠎ᠡ᠎ᠶ᠋ᠢᠨ ᠠᠷᠠᠳ ᠲᠦᠮᠡᠨ᠎ᠤ ᠰᠡᠳᠭᠢᠯ᠎ᠳᠤ ᠲᠡᠭᠦᠨ᠎ᠤ ᠲᠦᠷᠢ ᠲᠦᠷᠬᠦ᠂ ᠦᠢᠯᠡ ᠠᠵᠢᠯᠯᠠᠭ᠎ᠠ ᠪᠠᠳᠤ ᠱᠤᠭᠤᠭᠠᠰᠤᠳᠠᠢ ᠪᠠᠢᠬ᠍ᠰᠠᠨ᠃
— ᠪᠦᠬᠦ᠌ ᠤᠯᠤᠰ᠎ᠤᠨ 《ᠴᠠᠭ ᠦᠶ᠎ᠡ᠎ᠶ᠋ᠢᠨ ᠬᠡᠪ ᠲᠠᠭᠤᠷᠢᠶᠠᠯ》 ᠠᠯᠠᠱᠠ ᠠᠢᠮᠠᠭ᠎ᠤᠨ
ᠤᠯᠤᠰ ᠲᠦᠷᠦ᠎ᠶ᠋ᠢᠨ ᠵᠦᠪᠯᠡᠯᠭᠡᠨ᠎ᠤ ᠤᠤᠯ᠎ᠤᠨ ᠲᠡᠷᠢᠭᠦᠯᠡᠭ᠌ᠴᠢ ᠰᠦᠬᠡ᠎ᠶ᠋ᠢ ᠲᠡᠮᠳᠡᠭ᠌ᠯᠡᠪᠡ
ᠠᠷᠠᠳ᠎ᠢᠶᠠᠨ ᠭᠡᠰᠡᠨ ᠠᠷᠢᠭᠤᠨ ᠵᠢᠳᠬᠦᠯ
ᠡᠨᠡ ᠲᠡᠯᠡᠬᠡᠢ᠎ᠳᠤ ᠡᠵᠢ᠎ᠨᠢ ᠯᠡ ᠰᠦᠬᠡ᠎ᠶ᠋ᠢᠨ ᠬᠠᠮᠤᠭ᠎ᠤᠨ ᠶᠡᠭᠡ ᠪᠠᠭ᠍ᠰᠢ ᠪᠠᠢᠵᠤ ᠲᠠᠭᠠᠷᠠᠨ᠎ᠠ᠃ ᠲᠡᠷᠡ ᠡᠵᠢ᠎ᠠᠴᠠ᠎ᠪᠠᠨ ᠠᠭᠤᠤ ᠠᠭᠤᠳᠠᠮᠴᠢ᠂ ᠦᠶᠦᠭ ᠦᠭ᠌ᠬᠢᠶᠡᠮᠤᠷᠴᠢ᠂ ᠪᠠᠳᠤ ᠴᠢᠩᠭ᠎ᠠ ᠵᠠᠩ ᠴᠢᠨᠡᠷ᠎ᠢ ᠬᠦᠷᠳᠡᠭ᠌ᠰᠡᠨ᠃ 1975 ᠤᠨ᠎ᠳᠤ᠂ ᠲᠡᠷᠡ ᠬᠤᠱᠢᠭᠤᠨ ᠲᠠᠷᠤᠭ᠎ᠠ᠎ᠪᠠᠷ ᠰᠠᠶᠢ ᠲᠡᠪᠱᠢᠮᠡᠭ᠌ᠴᠡ᠂ ᠡᠵᠡᠨ᠎ᠡ ᠬᠤᠱᠢᠭᠤᠨ᠎ᠤ ᠨᠢᠬᠡᠳᠦᠯ ᠪᠠᠷᠢᠭᠠᠳᠠ᠎ᠶ᠋ᠢᠨ ᠲᠠᠷᠤᠭ᠎ᠠ᠎ᠶ᠋ᠢ ᠲᠠᠭᠠᠭᠤᠯᠵᠤ᠂ ᠦᠱᠢᠨᠵᠤᠤ᠂ ᠬᠦᠪᠡᠭᠡᠳᠤ ᠱᠢᠷ᠎ᠠ ᠬᠤᠱᠢᠭᠤ᠎ᠪᠠᠷ ᠬᠦᠷᠴᠤ᠌᠂ ᠡᠯᠡᠰᠦ᠎ᠶ᠋ᠢ ᠵᠠᠰᠠᠬᠤ ᠲᠡᠷᠢᠭᠦᠨ᠎ᠤ ᠮᠡᠷᠭᠡᠵᠢᠯ᠎ᠢ ᠰᠤᠷᠤᠯᠴᠠᠬᠤ᠎ᠪᠠᠷ ᠪᠤᠯᠪᠠ᠃ ᠲᠡᠷᠡ ᠦᠶ᠎ᠡ᠎ᠳᠤ᠂ ᠡᠵᠢ᠎ᠨᠢ ᠬᠤᠳᠤᠭᠤᠳᠤᠨ ᠦᠮᠡᠨ᠎ᠳᠤ ᠨᠡᠷᠪᠡᠭ᠌ᠳᠡᠵᠤ᠂ ᠡᠮᠨᠡᠯᠭᠡ᠎ᠳᠤ ᠤᠷᠤᠭᠠᠳ ᠬᠡᠳᠦᠨ ᠰᠠᠷ᠎ᠠ ᠪᠤᠯᠴᠢᠬᠠᠬ᠍ᠰᠠᠨ ᠪᠠᠢᠯ᠎ᠠ᠃
ᠲᠡᠷᠡ ᠡᠵᠢ᠎ᠶ᠋ᠢᠨ᠎ᠢᠶᠠᠨ ᠲᠡᠷᠭᠡᠳᠡ ᠰᠠᠯᠬᠤ ᠶᠤᠰᠤ ᠬᠦᠢᠴᠡᠳᠭᠡᠬᠦ᠌᠎ᠪᠠᠷ ᠬᠦᠷᠦᠯ᠎ᠡ᠃ ᠡᠪᠡᠳᠴᠢᠨ᠎ᠤ ᠲᠠᠷᠴᠢᠯᠠᠭᠠᠯ᠎ᠢᠶᠠᠷ ᠡᠮᠰᠡᠢᠳᠡᠯᠡ ᠲᠤᠷᠠᠭᠠᠳ ᠠᠷᠠᠰᠤ ᠶᠠᠰᠤ ᠪᠤᠯᠴᠢᠬᠠᠬ᠍ᠰᠠᠨ ᠡᠵᠢ᠎ᠨᠢ ᠡᠪᠡᠳᠴᠢᠳᠡᠨ᠎ᠤ ᠤᠷᠤᠨ ᠲᠡᠭᠡᠷ᠎ᠡ᠎ᠢᠶᠠᠨ ᠮᠡᠷ ᠰᠡᠷ ᠠᠮᠢᠰᠭᠤᠭ᠎ᠠ᠎ᠲᠠᠢ ᠯᠡ ᠬᠡᠪᠳᠡᠨ᠎ᠡ᠃ ᠪᠠᠢᠰᠭᠢᠭᠠᠳ ᠨᠢᠭᠡ ᠬᠦᠮᠦᠰᠭᠡ᠎ᠪᠠᠨ ᠠᠳᠤᠷᠢᠬᠤ᠎ᠪᠠᠷ ᠬᠡᠳᠦ᠋ᠢᠴᠢᠨᠡᠭᠡᠨ ᠡᠪᠡᠳᠴᠤ᠌ ᠡᠪᠡᠷᠱᠢᠶᠡᠯᠡᠵᠤ ᠪᠠᠢᠬᠤ᠎ᠨᠢ ᠮᠡᠳᠡᠭ᠌ᠳᠡᠪᠡᠴᠤ᠌᠂ ᠶᠤᠤᠯᠠᠵᠤ ᠦᠡᠭ᠌ᠭᠡᠷᠡᠭ᠌ᠰᠡᠨᠢᠨᠢ ᠰᠦᠬᠡ ᠶᠡᠷᠤ ᠰᠤᠨᠤᠰᠤᠭ᠎ᠠ ᠦᠭᠡᠢ᠃ ᠡᠨᠡᠷᠢᠯ᠎ᠳᠦ ᠡᠵᠢ᠎ᠪᠠᠨ ᠡᠪᠡᠳᠴᠤ᠌ ᠰᠠᠨᠳᠤᠷᠬᠤ᠎ᠳᠤᠨᠢ ᠠᠰᠠᠷᠠᠬᠤ ᠴᠢᠯᠦᠭᠡ ᠬᠤᠮᠰᠠ ᠪᠤᠯᠤᠬ᠍ᠰᠠᠨ᠎ᠳᠠᠭᠠᠨ ᠰᠦᠬᠡ᠎ᠶ᠋ᠢᠨ ᠰᠡᠳᠭᠢᠯ ᠵᠡᠭᠦᠤ᠎ᠪᠠᠷ ᠱᠢᠪᠡᠬᠦ᠌ ᠱᠢᠭ ᠡᠮᠵᠡᠭ᠌ᠯᠡᠨ᠎ᠡ᠃
— ᠡᠵᠢ ᠡ᠂ ᠪᠢ ᠭᠠᠳᠠᠬ᠍ᠰᠢ ᠰᠤᠷᠤᠯᠴᠠᠬᠤ᠎ᠪᠠᠷ ᠶᠠᠪᠤᠨ᠎ᠠ᠂ ᠨᠢᠭᠡ ᠰᠠᠷ᠎ᠠ ᠱᠢᠬᠠᠮ ᠪᠤᠯᠤᠨ᠎ᠠ᠂ ᠲᠡ ᠰᠡᠢᠨ ᠰᠠᠭᠤᠵᠤ ᠪᠠᠢᠭᠠᠷᠠᠢ ᠳ᠋ᠠ!
ᠰᠦᠬᠡ ᠶᠠᠮᠠᠷ ᠨᠢᠭᠡ ᠶᠡᠭᠡ ᠤᠰᠤᠯ ᠪᠤᠷᠤᠭᠤ ᠭᠠᠷᠭᠠᠬ᠍ᠰᠠᠨ ᠱᠢᠭ ᠲᠤᠷᠦ᠋ᠢᠬᠠᠨ ᠲᠤᠤᠭᠠᠷᠪᠠ᠃
— ᠶᠠᠪᠤᠯ ᠦᠭᠡᠢ ᠶᠠᠭᠠᠬᠢᠬᠤ ᠪᠤᠢ ᠬᠦᠤ ᠮᠢᠨᠢ᠂ ᠠᠯᠪᠠᠨ ᠠᠵᠢᠯ᠂ ᠠᠷᠠᠳ᠎ᠤᠨ᠎ᠢᠶᠠᠨ ᠲᠦᠯᠦᠭᠡ ᠯᠡ ᠴᠢᠷᠮᠠᠢᠵᠤ ᠶᠠᠪᠤ᠃ ᠡᠵᠢ ᠴᠢᠨᠢ ᠲᠡᠭᠡᠪᠡᠯ ᠪᠠᠶᠠᠷᠯᠠᠨ᠎ᠠ ᠱᠢᠤ᠃
ᠡᠨᠡ ᠦᠭᠡ᠎ᠶ᠋ᠢ ᠡᠵᠢ᠎ᠨᠢ ᠲᠡᠭᠦᠨ᠎ᠢ ᠭᠠᠳᠠᠬ᠍ᠰᠢ ᠭᠠᠷᠬᠤ ᠪᠤᠯᠭᠠᠨ ᠶᠠᠷᠢᠳᠠᠭ ᠪᠤᠯᠬᠤᠷ᠂ ᠬᠡᠳᠦ᠋ᠢᠴᠢᠨᠡᠭᠡᠨ ᠤᠳᠠᠭ᠎ᠠ ᠰᠤᠨᠤᠰᠤᠬ᠍ᠰᠠᠨᠢ ᠮᠡᠳᠡᠭᠦ᠌ ᠦᠭᠡᠢ᠂ ᠵᠢᠷᠦᠬᠡ᠎ᠳᠤᠨᠢ ᠪᠦᠷ ᠬᠠᠳᠠᠩᠱᠢᠴᠢᠬᠠᠵᠠᠢ᠃ ᠭᠡᠪᠡᠴᠤ᠌ ᠡᠨᠡ ᠤᠳᠠᠭ᠎ᠠ ᠰᠦᠬᠡ᠎ᠳᠤ ᠬᠠᠷᠢᠨ ᠰᠤᠨᠤᠰᠴᠤ᠌ ᠲᠠᠰᠤᠬ᠍ᠰᠠᠨ ᠡᠨᠡ ᠦᠭᠡ ᠪᠢᠳᠡᠭᠡᠢ ᠯᠡ ᠡᠵᠢ᠎ᠶ᠋ᠢᠨ ᠮᠢᠨᠢ ᠡᠴᠦᠰ᠎ᠤᠨ ᠵᠠᠬᠢᠶ᠎ᠠ ᠬᠡᠷᠢᠶᠡᠰ ᠪᠤᠯᠤᠭᠠᠰᠠᠢ ᠭᠡᠵᠤ ᠪᠤᠳᠤᠨ ᠪᠤᠳᠤᠨ ᠵᠢᠷᠦᠬᠡᠱᠢᠶᠡᠵᠤ ᠪᠠᠢᠯ᠎ᠠ᠃
ᠰᠦᠬᠡ ᠶᠠᠭ ᠨᠢᠭᠡ ᠰᠠᠷ᠎ᠠ ᠶᠠᠪᠤᠭᠠᠳ ᠢᠷᠡᠯ᠎ᠡ᠃ ᠡᠵᠢ᠎ᠨᠢ ᠲᠡᠭᠦᠨ᠎ᠢ ᠬᠦᠯᠢᠶᠡᠵᠤ ᠪᠠᠢᠪᠠ᠃ ᠭᠠᠭ᠍ᠴᠠ ᠬᠦᠤ᠎ᠲᠠᠢ᠎ᠪᠠᠨ ᠠᠭᠤᠯᠵᠠᠨ᠎ᠠ ᠭᠡᠰᠡᠨ ᠡᠵᠢ ᠬᠦᠮᠦᠨ᠎ᠤ ᠰᠡᠳᠭᠢᠯ᠎ᠤᠨ ᠬᠠᠳᠠᠭᠤ ᠵᠠᠭᠤᠳᠠᠯ ᠭᠡᠵᠤ ᠠᠯᠢᠪᠠ᠎ᠶ᠋ᠢ ᠲᠠᠪᠠᠨ ᠭᠠᠷᠬᠤ ᠡᠷᠴᠢ ᠬᠦᠴᠦᠨ ᠴᠤ᠌ ᠪᠠᠢᠪᠠ ᠤᠤ᠂ ᠰᠠᠷ᠎ᠠ᠎ᠪᠠᠷ ᠬᠦᠯᠢᠶᠡᠭ᠌ᠰᠡᠨ ᠡᠨᠡᠷᠢᠯ᠎ᠳᠦ ᠡᠵᠢ᠎ᠨᠢ ᠬᠦᠤ᠎ᠪᠠᠨ ᠦᠵᠡᠭᠡᠳ ᠰᠠᠨᠠᠭ᠎ᠠ ᠵᠢᠷᠭᠠᠵᠤ᠂ ᠲᠠᠷᠠᠭ᠎ᠠ ᠡᠳᠦᠷ᠎ᠨᠢ ᠪᠤᠷᠬᠠᠨ ᠪᠤᠯᠪᠠ᠃ ᠡᠵᠢ᠎ᠪᠠᠨ ᠦᠳᠡᠯᠬᠦ᠌᠎ᠶ᠋ᠢᠨ ᠦᠵᠦᠭᠦᠷ ᠡᠪᠡᠳᠴᠢᠨ ᠵᠤᠪᠠᠯᠠᠩ᠎ᠲᠠᠢ᠎ᠳᠤᠨᠢ ᠠᠰᠠᠷᠠᠵᠤ ᠴᠢᠳᠠᠬ᠍ᠰᠠᠨ ᠦᠭᠡᠢ᠎ᠨᠢ ᠰᠦᠬᠡ᠎ᠶ᠋ᠢᠨ ᠨᠢᠭᠡ ᠨᠠᠰᠤᠨ᠎ᠤ ᠬᠠᠷᠠᠮᠰᠠᠯ ᠪᠤᠯᠵᠤ ᠬᠤᠴᠤᠷᠪᠠ᠃ ᠭᠡᠪᠡᠴᠤ᠌ ᠲᠡᠷᠡ ᠡᠵᠢ᠎ᠶ᠋ᠢᠨ᠎ᠢᠶᠠᠨ ᠰᠤᠷᠭᠠᠯ᠎ᠢ ᠡᠭᠦᠷᠢᠳᠡ ᠪᠠᠳᠤ ᠴᠡᠭᠡᠵᠢᠯᠡᠭ᠌ᠰᠡᠭᠡᠷ᠂ ᠲᠡᠷᠡ᠎ᠨᠢ ᠲᠠᠷᠤᠢ᠄ 《ᠠᠷᠠᠳ ᠲᠦᠮᠡᠨ᠎ᠤ᠎ᠪᠠᠨ ᠲᠦᠯᠦᠭᠡ ᠴᠢᠷᠮᠠᠢᠬᠤ》 ᠯᠡ ᠶᠠᠪᠤᠳᠠᠯ᠃
ᠰᠦᠬᠡ᠎ᠶ᠋ᠢ ᠬᠤᠱᠢᠭᠤᠨ ᠲᠠᠷᠤᠭ᠎ᠠ ᠪᠠᠢᠬᠤ ᠦᠶ᠎ᠡ᠎ᠳᠤ᠂ ᠲᠡᠭᠦᠨ᠎ᠤ ᠭᠡᠷ᠎ᠨᠢ 《ᠬᠤᠱᠢᠭᠤᠨ᠎ᠤ ᠬᠦᠯᠢᠶᠡᠨ ᠵᠤᠴᠢᠯᠠᠬᠤ ᠭᠡᠷ》 ᠭᠡᠰᠡᠨ ᠠᠯᠳᠠᠷᠲᠠᠢ᠃ ᠮᠠᠯᠴᠢᠳ ᠤᠴᠢᠷ ᠱᠢᠯᠳᠠᠭᠠᠨ᠎ᠲᠠᠢ ᠪᠤᠯ᠂ ᠡᠳᠦᠷ ᠰᠦᠨᠢ᠎ᠶ᠋ᠢᠨ ᠢᠯᠭᠠᠯ ᠦᠭᠡᠢ ᠪᠦᠷ ᠯᠡ ᠰᠦᠬᠡ᠎ᠶ᠋ᠢ ᠡᠷᠢᠭᠡᠳ ᠤᠴᠢᠳᠠᠭ᠃ ᠲᠤᠬᠠᠢ᠎ᠶ᠋ᠢᠨ ᠦᠶ᠎ᠡ᠎ᠳᠤ᠂ ᠲᠠᠯᠠᠢᠬᠦ᠋ᠪ ᠪᠠᠯᠭᠠᠰᠤᠨ᠎ᠳᠤ᠂ ᠨᠢᠭᠡᠯᠡ ᠬᠤᠭᠤᠯᠠᠨ ᠭᠡᠷ᠎ᠲᠠᠢ ᠪᠠᠢᠵᠤ᠂ ᠴᠠᠭ᠎ᠨᠢ ᠦᠡᠭ᠌ᠭᠡᠷᠡᠮᠡᠭ᠌ᠴᠡ ᠬᠤᠭᠤᠯᠠ ᠦᠭᠡᠢ ᠪᠤᠯᠳᠠᠭ᠃ ᠰᠦᠬᠡ ᠮᠠᠯᠴᠢᠳ᠎ᠲᠠᠭᠠᠨ ᠬᠠᠢᠷ᠎ᠠ ᠰᠡᠳᠭᠢᠯᠭᠡ᠎ᠲᠠᠢ ᠪᠤᠯᠬᠤᠷ᠂ ᠦᠳᠡᠰᠢ ᠰᠦᠨᠢ᠎ᠪᠠᠷ ᠬᠦᠷᠦᠭᠡᠳ ᠤᠴᠢᠬ᠍ᠰᠠᠨ ᠴᠤ᠌ ᠬᠤᠭᠤᠯᠠ ᠬᠢᠵᠤ ᠦᠭ᠌ᠬᠦ ᠮᠦᠷᠳᠡᠭᠡᠨ ᠬᠤᠨᠤᠭ᠎ᠤᠨ ᠶᠠᠪᠤᠳᠠᠯ᠎ᠢ᠎ᠨᠢ ᠱᠢᠢᠳᠪᠦᠷᠢᠯᠡᠵᠤ ᠦᠭ᠌ᠳᠡᠭ᠃
1984 ᠤᠨ᠎ᠳᠤ᠂ ᠡᠵᠡᠨ᠎ᠡ ᠬᠤᠱᠢᠭᠤ ᠲᠡᠤᠬᠡᠨ᠎ᠳᠤ ᠦᠭᠡᠢ ᠭᠠᠩ ᠬᠠᠭ᠍ᠰᠠᠷᠠᠭᠠᠨ᠎ᠳᠤ ᠲᠠᠭᠠᠷᠢᠬ᠍ᠳᠠᠵᠤ᠂ ᠶᠡᠭᠡ ᠬᠡᠮᠵᠢᠶᠡᠨ᠎ᠤ ᠲᠡᠮᠡᠭᠡ ᠦᠬᠦᠵᠤ᠂ ᠮᠠᠯᠴᠢᠳ᠎ᠤᠨ ᠠᠮᠢᠳᠤᠷᠠᠯ ᠭᠠᠮᠱᠢᠭ᠎ᠲᠤ ᠤᠴᠠᠷᠠᠪᠠ᠃ ᠡᠨᠡ ᠪᠠᠢᠳᠠᠯ ᠲᠤᠤᠷ᠎ᠠ ᠰᠦᠬᠡ ᠬᠤᠯᠪᠤᠬ᠍ᠳᠠᠯ ᠪᠦᠬᠦᠢ ᠪᠠᠢᠭᠤᠯᠤᠯᠭ᠎ᠠ᠎ᠶ᠋ᠢᠨ ᠠᠵᠢᠯᠳᠠᠨ᠎ᠢᠶᠠᠨ ᠵᠤᠬᠢᠶᠠᠨ ᠪᠠᠢᠭᠤᠯᠵᠤ᠂ ᠲᠤᠬᠤᠨᠢᠭᠤᠯᠬᠤ ᠪᠤᠳᠠᠰ ᠠᠪᠴᠤ᠌᠂ ᠪᠦᠬᠦ᠌ ᠬᠤᠱᠢᠭᠤᠨ᠎ᠤ ᠲᠡᠮᠡᠭᠡᠴᠢᠨ ᠡᠷᠦᠬᠡ ᠪᠤᠯᠭᠠᠨ᠎ᠢ ᠲᠤᠬᠤᠨᠢᠭᠤᠯᠵᠤ᠂ ᠲᠡᠳᠡᠨ᠎ᠤ ᠬᠦᠴᠢᠷᠳᠡᠯ᠎ᠢ ᠱᠢᠢᠳᠪᠦᠷᠢᠯᠡᠨ
ᠦᠭ᠌ᠭᠦᠯ ᠠ᠃
ᠰᠦᠬᠡ 30 ᠱᠢᠬᠠᠮ ᠵᠢᠯ ᠤᠳᠤᠷᠢᠳᠤᠯᠭ᠎ᠠ᠎ᠶ᠋ᠢᠨ ᠠᠵᠢᠯ᠎ᠤᠨ ᠪᠠᠢᠷᠢ᠎ᠳᠤ ᠠᠵᠢᠯᠯᠠᠵᠤ ᠶᠠᠪᠤᠬ᠍ᠰᠠᠨ ᠴᠤ᠌᠂ 《ᠮᠠᠯᠴᠢᠨ》 ᠴᠢᠨᠡᠷ᠎ᠨᠢ ᠦᠭᠡᠷᠡᠳᠦᠵᠤ ᠦᠡᠭ᠌ᠭᠡᠷᠡᠭ᠌ᠰᠡᠨ ᠤᠳᠠᠭ᠎ᠠ ᠦᠭᠡᠢ᠎ᠳᠤᠨᠢ ᠮᠠᠯᠴᠢᠨ ᠲᠦᠮᠡᠨ᠂ ᠡᠵᠡᠨ᠎ᠡ᠎ᠶ᠋ᠢᠨ ᠬᠦᠮᠦᠰ ᠭᠠᠢᠬᠠᠨ ᠪᠢᠱᠢᠷᠡᠳᠡᠭ᠃ ᠲᠡᠷᠡ ᠮᠠᠯᠵᠢᠬᠤ ᠠᠮᠢᠳᠤᠷᠠᠯ ᠦᠢᠯᠡᠳᠪᠦᠷᠢᠯᠡᠯ᠎ᠢ ᠮᠡᠳᠡᠬᠦ᠌ ᠦᠭᠡᠢ ᠭᠠᠵᠠᠷ ᠦᠭᠡᠢ ᠪᠦᠭᠡᠳ ᠮᠠᠯᠴᠢᠨ ᠲᠦᠮᠡᠨ᠎ᠢᠶᠠᠨ ᠬᠡᠵᠢᠶᠡᠳᠡ ᠲᠤᠳᠤᠨᠤᠴᠢᠯᠠᠵᠤ ᠶᠠᠪᠤᠳᠠᠭ᠃ ᠲᠡᠷᠡ ᠮᠠᠯᠴᠢᠳ᠎ᠤᠨ ᠠᠮᠢᠳᠤᠷᠠᠯ᠎ᠤᠨ ᠪᠠᠢᠳᠠᠯ᠎ᠢ ᠤᠢ᠍ᠢᠯᠠᠭᠠᠬᠤ᠎ᠶ᠋ᠢᠨ ᠲᠦᠯᠦᠭᠡ ᠵᠢᠯ ᠪᠦᠷᠢ ᠶᠡᠬᠡᠬᠡᠨ ᠴᠠᠭ ᠵᠠᠷᠤᠴᠠᠭᠤᠯᠤᠨ ᠦᠨᠳᠦᠰᠦᠨ ᠱᠠᠳᠤᠨ᠎ᠳᠤ ᠪᠠᠭᠤᠵᠤ᠂ ᠮᠠᠯᠴᠢᠳ᠎ᠤᠨ ᠲᠤᠮᠳᠠ ᠭᠦᠨᠵᠡᠭᠡᠢᠷᠡᠨ᠂ ᠲᠡᠳᠡᠨ᠎ᠲᠠᠢ ᠬᠠᠮᠳᠤ ᠢᠳᠡᠵᠤ ᠬᠠᠮᠳᠤ ᠬᠦᠳᠡᠯᠮᠦᠷᠢᠯᠡᠳᠡᠭ ᠶᠤᠮ᠃
1989 ᠤᠨ᠎ᠤ ᠡᠪᠦᠯ᠂ ᠴᠠᠰᠤ ᠱᠢᠭᠤᠷᠭᠠᠨ ᠪᠤᠯᠵᠤ᠂ ᠶᠡᠭᠡ ᠬᠦᠢᠳᠡᠷᠡᠭ᠌ᠰᠡᠨ ᠪᠠᠢᠯ᠎ᠠ᠃ ᠬᠤᠱᠢᠭᠤᠨ᠎ᠠᠴᠠ ᠬᠢᠯᠢ ᠤᠷᠤᠨ᠎ᠤ ᠮᠠᠯᠴᠢᠳ᠎ᠢ ᠲᠤᠬᠤᠨᠢᠭᠤᠯᠬᠤ᠎ᠪᠠᠷ ᠪᠤᠯᠪᠠ᠃ ᠡᠪᠦᠯ᠎ᠤᠨ ᠴᠠᠭ ᠲᠡᠷᠭᠡ ᠮᠠᠱᠢᠨ ᠭᠤᠪᠢ ᠨᠤᠳᠤᠭ᠎ᠲᠤ ᠤᠷᠤᠨ᠎ᠠ ᠭᠡᠳᠡᠭ ᠶᠡᠬᠡᠬᠡᠨ ᠠᠶᠤᠯ ᠲᠦᠭ᠌ᠰᠢᠭᠦᠷᠢ᠎ᠲᠠᠢ ᠶᠠᠪᠤᠳᠠᠯ᠃ ᠡᠨᠡ ᠪᠠᠢᠳᠠᠯ ᠲᠤᠤᠷ᠎ᠠ ᠰᠦᠬᠡ ᠲᠡᠮᠡᠭᠡ ᠤᠨᠤᠵᠤ ᠮᠠᠯᠴᠢᠳ᠎ᠢ ᠲᠤᠬᠤᠨᠢᠭᠤᠯᠬᠤ᠎ᠪᠠᠷ ᠪᠤᠯᠵᠤ᠂ ᠦᠪᠡᠷ᠎ᠢᠶᠠᠨ ᠲᠠᠭᠠᠭᠤᠯᠤᠨ ᠮᠤᠷᠳᠠᠯ᠎ᠠ᠃
ᠲᠠᠪᠤᠨ ᠡᠳᠦᠷ ᠪᠤᠯ ᠬᠠᠷᠢᠭᠠᠳ ᠢᠷᠡᠴᠢᠬᠡᠬᠦ᠌ ᠵᠠᠮ᠃ ᠭᠡᠳᠡᠯ᠎ᠡ ᠲᠤᠯᠤᠳᠤᠭᠠᠷ ᠡᠳᠦᠷ᠎ᠨᠢ ᠪᠠᠰᠠ ᠬᠠᠷᠢᠵᠤ ᠢᠷᠡᠭᠡ ᠦᠭᠡᠢ᠃ ᠬᠤᠱᠢᠭᠤᠨ᠎ᠤ ᠬᠢᠨᠢ ᠪᠦᠷ ᠰᠠᠨᠳᠤᠷᠴᠠᠭᠠᠯᠠ᠃ ᠪᠠᠳᠠᠢ᠎ᠶ᠋ᠢᠨ ᠵᠢᠷᠡᠨᠤ ᠡᠯᠡᠰᠦᠨ᠎ᠳᠤ ᠡᠪᠦᠯ ᠤᠷᠤᠨ᠎ᠡ ᠭᠡᠳᠡᠭ᠎ᠢ ᠠᠬᠠᠮᠠᠳ ᠵᠢᠩᠴᠢᠳ ᠴᠤ᠌ ᠨᠠᠷᠢᠨ ᠬᠢᠨᠠᠮᠠᠭᠠᠢ ᠪᠤᠳᠤᠯᠬᠢᠯᠠᠳᠠᠭ ᠶᠠᠪᠤᠳᠠᠯ᠃ ᠡᠯᠡᠰᠦᠨ ᠱᠢᠭᠤᠷᠭ᠎ᠠ᠎ᠳᠤ ᠴᠤᠬᠢᠭᠤᠯᠬᠤ᠂ ᠵᠠᠮ ᠲᠦᠭᠡᠷᠢᠬᠦ᠂ ᠬᠦᠯᠳᠡᠵᠤ ᠪᠡᠭᠡᠷᠡᠬᠦ᠌ ᠲᠡᠷᠡ ᠪᠦᠬᠦᠨ᠎ᠨᠢ ᠪᠦᠷ ᠠᠮᠢ ᠨᠠᠰᠤ᠎ᠶ᠋ᠢᠨ ᠠᠳᠠᠭᠠᠳᠠᠨ ᠲᠠᠢᠰᠤᠨ᠃ ᠡᠷᠢᠬᠦ᠌᠎ᠪᠠᠷ ᠭᠠᠷᠤᠶ᠎ᠠ ᠭᠡᠬᠦᠯᠡᠷ᠂ ᠡᠢᠮᠤ ᠶᠡᠭᠡ ᠡᠯᠡᠰᠦᠨ᠎ᠳᠤ ᠬᠠᠮᠢᠭᠠᠰᠢ ᠶᠠᠪᠤᠬ᠍ᠰᠠᠨᠢ ᠮᠡᠳᠡᠬᠦ᠌ ᠦᠭᠡᠢ᠂ ᠬᠠᠮᠢᠭ᠎ᠠ᠎ᠠᠴᠠ᠎ᠨᠢ ᠬᠡᠵᠤ ᠡᠷᠢᠨ᠎ᠡ
ᠪᠤᠢ?
ᠬᠦᠮᠦᠰ ᠶᠠᠭᠠᠬᠢᠬᠤ᠎ᠪᠠᠨ ᠤᠯᠬᠤ ᠦᠭᠡᠢ ᠪᠠᠴᠢᠮᠳᠠᠵᠤ ᠪᠠᠢᠳᠠᠯ᠎ᠠ ᠨᠠᠢ᠍ᠮᠠᠳᠤᠭᠠᠷ ᠡᠳᠦᠷ᠎ᠨᠢ ᠴᠢᠷᠠᠢ ᠨᠢᠭᠤᠷ᠎ᠨᠢ ᠰᠠᠢᠷᠳᠤᠵᠤ ᠬᠠᠷᠠᠯᠠᠬ᠍ᠰᠠᠨ ᠰᠦᠬᠡ ᠪᠤᠴᠠᠭᠠᠳ ᠢᠷᠡᠯ᠎ᠡ᠃ ᠤᠤᠯ᠎ᠨᠢ ᠬᠠᠷᠢᠬᠤ ᠵᠠᠮ᠎ᠳᠤ᠎ᠨᠢ ᠡᠯᠡᠰᠦᠨ ᠱᠢᠭᠤᠷᠭᠠᠨ ᠪᠤᠰᠴᠤ᠌᠂ ᠡᠳᠦᠷ ᠬᠤᠭᠤᠴᠠᠭ᠎ᠠ ᠰᠠᠭᠠᠳᠤᠬ᠍ᠰᠠᠨ ᠪᠠᠢᠵᠠᠢ᠃ ᠤᠯᠠᠨ᠎ᠢᠶᠠᠷ᠎ᠢᠶᠠᠨ ᠲᠡᠬᠦᠨ᠎ᠤ ᠬᠤᠢᠨ᠎ᠠ᠎ᠠᠴᠠ ᠰᠠᠨᠠᠭᠠᠱᠢᠷᠠᠬ᠍ᠰᠠᠨᠢᠶᠠᠨ ᠵᠤᠭᠤᠭ ᠪᠤᠯᠭᠠᠵᠤ ᠶᠠᠷᠢᠬᠤ᠎ᠳᠤ ᠰᠦᠬᠡ᠄ 《ᠡᠵᠡᠨ᠎ᠡ᠎ᠶ᠋ᠢᠨ 11 ᠲᠦᠮᠡᠨ ᠲᠡᠭ᠌ᠰᠢ ᠲᠦᠷᠪᠡᠯᠵᠢᠨ ᠺᠢᠯᠤᠮᠧᠲᠷ ᠭᠠᠵᠠᠷ᠎ᠢᠶᠠᠷ ᠪᠢ ᠬᠠᠮᠢᠭᠠᠭᠤᠷ᠎ᠨᠢ ᠶᠠᠪᠤᠵᠤ ᠦᠡᠭ᠌ᠭᠡᠷᠡᠭ᠌ᠰᠡᠨ ᠦᠭᠡᠢ ᠪᠤᠢ》 ᠭᠡᠵᠤ ᠨᠠᠭᠠᠳᠤᠮ ᠱᠤᠭ ᠪᠤᠯᠭᠠᠵᠤ ᠶᠠᠷᠢᠨ᠎ᠠ᠃ ᠲᠡᠷᠡ ᠡᠢᠮᠤ ᠯᠡ ᠪᠠᠶᠠᠰᠤᠩᠭᠤᠢ ᠰᠠᠢᠬᠠᠨ ᠵᠠᠩ᠎ᠲᠠᠢ ᠪᠤᠯᠬᠤᠷ ᠮᠠᠯᠴᠢᠳ 《ᠰᠦᠬᠡ ᠲᠠᠷᠤᠭ᠎ᠠ ᠮᠠᠨ᠎ᠲᠠᠢ ᠬᠠᠮᠳᠤ ᠪᠠᠢᠬᠤ᠎ᠳᠤ ᠪᠦᠷ ᠯᠡ ᠮᠠᠯᠴᠢᠨ᠎ᠠᠴᠠ ᠢᠯᠡᠭᠦᠤ ᠮᠠᠯᠴᠢᠨ ᠪᠤᠯᠴᠢᠬᠠᠳᠠᠭ ᠱᠢᠤ》 ᠭᠡᠳᠡᠭ᠃
ᠮᠠᠯᠴᠢᠳ᠎ᠢᠶᠠᠨ ᠭᠡᠪᠡᠯ ᠲᠡᠭᠦᠨ᠎ᠤ ᠦᠷᠦ᠍ ᠵᠢᠷᠤᠬᠡ᠎ᠨᠢ ᠦᠨᠳᠡᠯᠵᠡᠳᠡᠭ᠃ ᠰᠤᠪᠠᠨᠠᠭᠤᠷ ᠰᠤᠮᠤᠨ᠎ᠤ ᠨᠢᠭᠡ ᠮᠠᠯᠴᠢᠨ ᠬᠦᠨᠳᠦ ᠡᠪᠡᠳᠴᠢᠯᠡᠭᠡᠳ᠂ ᠲᠡᠭᠦᠨ᠎ᠢ ᠡᠷᠢᠵᠤ ᠢᠷᠡᠯ᠎ᠡ᠃ ᠬᠢᠳᠠᠳ ᠦᠭᠡ ᠮᠡᠳᠡᠳᠡᠭ ᠦᠭᠡᠢ᠂ ᠮᠠᠯ᠎ᠤᠨ ᠪᠡᠯᠴᠢᠭᠡᠷ᠎ᠠᠴᠠ᠎ᠪᠠᠨ ᠬᠤᠯᠠᠳᠠᠭ᠎ᠠ ᠦᠭᠡᠢ ᠲᠡᠭᠦᠨ᠎ᠳᠤ ᠰᠦᠬᠡ ᠯᠡ ᠠᠪᠤᠷᠠᠬ᠍ᠴᠢ ᠤᠳᠤᠨ ᠱᠢᠬ ᠪᠤᠳᠤᠬ᠍ᠳᠠᠵᠠᠢ᠃ ᠰᠦᠬᠡ ᠲᠡᠭᠦᠨ᠎ᠢ ᠦᠪᠡᠷ᠎ᠤᠨ ᠪᠡᠶ᠎ᠡ᠎ᠪᠠᠷ ᠲᠠᠭᠠᠭᠤᠯᠤᠨ ᠢᠷᠭᠠᠢ᠎ᠳᠤ ᠠᠪᠠᠴᠢᠵᠤ᠂ ᠡᠮᠨᠡᠯᠭᠡ᠎ᠶ᠋ᠢᠨ ᠬᠤᠷᠢᠶᠠᠨ᠎ᠳᠤ ᠤᠷᠤᠭᠤᠯᠵᠤ ᠦᠭ᠌ᠭᠦᠯᠠ᠃ ᠪᠠᠰᠠ ᠨᠢᠭᠡ ᠤᠳᠠᠭ᠎ᠠ᠂ ᠲᠡᠷᠡ ᠬᠦᠳᠡᠭᠡ ᠪᠠᠭᠤᠵᠤ᠂ ᠮᠠᠯᠴᠢᠨ᠎ᠤ ᠭᠡᠷ᠎ᠲᠤ ᠬᠦᠷᠦᠭ᠌ᠰᠡᠨ᠎ᠳᠤ᠂ ᠮᠠᠯᠴᠢᠨ᠄ 《ᠨᠢᠳᠤᠨᠤᠨ ᠭᠠᠩᠳᠠᠬ᠍ᠰᠠᠨ ᠪᠤᠯᠬᠤᠷ᠂ ᠡᠬᠡ ᠮᠠᠯ᠎ᠨᠢ ᠲᠦᠯ᠎ᠢᠶᠠᠨ ᠴᠠᠳᠭᠠᠵᠤ ᠲᠡᠢᠯᠬᠦ᠌ ᠦᠭᠡᠢ ᠪᠠᠢᠨ᠎ᠠ》 ᠭᠡᠪᠡ᠃ ᠰᠠᠨᠠᠭᠠᠨ᠎ᠳᠤ ᠦᠭᠡᠢ ᠡᠨᠡ ᠶᠠᠷᠢᠶ᠎ᠠ᠎ᠶ᠋ᠢ ᠰᠤᠨᠤᠰᠤᠬ᠍ᠰᠠᠨ ᠰᠦᠬᠡ ᠬᠡᠳᠦᠨ ᠡᠳᠦᠷ᠎ᠤᠨ ᠲᠠᠷᠠᠭ᠎ᠠ᠂ ᠬᠦᠳᠡᠭᠡ ᠪᠠᠭᠤᠬᠤ᠎ᠳᠠᠭᠠᠨ ᠲᠤᠰᠭᠠᠢᠯᠠᠨ ᠬᠡᠳᠦᠨ ᠤᠭᠤᠳᠠ ᠰᠦᠨ ᠲᠠᠯᠬ᠎ᠠ ᠠᠪᠴᠤ᠌ ᠬᠦᠷᠭᠡᠵᠤ ᠤᠴᠢᠬ᠍ᠰᠠᠨ ᠪᠠᠢᠨ᠎ᠠ᠃ ᠲᠡᠭᠦᠨ᠎ᠳᠤ ᠭᠠᠳᠠᠬ᠍ᠰᠢ ᠶᠠᠪᠤᠬᠤ ᠲᠤᠬᠢᠶᠠᠯ ᠤᠯᠠᠨ᠃ ᠲᠡᠭᠡᠬᠦ᠌᠎ᠳᠤ᠂ ᠬᠦᠬᠡᠬᠤᠳᠠ ᠪᠠᠶᠠᠨᠬᠤᠳᠠ ᠭᠡᠰᠡᠨ ᠦᠭᠡᠢ᠂ ᠬᠠᠮᠢᠭ᠎ᠠ ᠶᠠᠪᠤᠬ᠍ᠰᠠᠨ ᠴᠤ᠌᠂ ᠵᠠᠮ ᠲᠤᠮᠳᠠ᠎ᠨᠢ ᠮᠠᠯᠴᠢᠨ ᠲᠦᠮᠡᠨ ᠭᠠᠷ ᠲᠠᠯᠠᠯᠪᠠᠯ ᠲᠡᠷᠭᠡ᠎ᠪᠠᠨ ᠵᠤᠬ᠍ᠰᠤᠭᠠᠵᠤ᠂ ᠤᠴᠢᠬᠤ ᠭᠠᠵᠠᠷ᠎ᠢ᠎ᠨᠢ ᠠᠰᠠᠭᠤᠵᠤ᠂ ᠨᠢᠭᠡ ᠵᠠᠮ ᠪᠤᠯ ᠲᠡᠷᠭᠡᠨ᠎ᠳᠡᠭᠡᠨ ᠰᠠᠭᠤᠯᠭᠠᠵᠤ ᠶᠠᠪᠤᠳᠠᠭ᠃ ᠲᠤᠬᠠᠢ᠎ᠶ᠋ᠢᠨ ᠦᠶ᠎ᠡ᠎ᠳᠤ᠂ ᠲᠡᠷᠭᠡ ᠬᠦᠰᠭᠡ ᠬᠤᠪᠤᠷ ᠪᠤᠯᠬᠤᠷ᠂ ᠭᠠᠳᠠᠬ᠍ᠰᠢ ᠭᠠᠷᠬᠤ ᠪᠤᠯᠭᠠᠨ ᠡᠢᠮᠤ ᠶᠠᠪᠤᠳᠠᠯ ᠤᠯᠠᠨ ᠲᠤᠬᠢᠶᠠᠯᠳᠤᠳᠠᠭ ᠪᠠᠢᠵᠠᠢ᠃
ᠲᠡᠭᠡᠷ᠎ᠡ ᠵᠠᠭᠤᠨ᠎ᠤ ᠶᠡᠷᠡᠭᠡᠳ ᠤᠨ᠎ᠳᠤ᠂ ᠡᠪᠦᠯ ᠬᠦᠢᠳᠡᠨ᠂ ᠮᠠᠯᠴᠢᠳ᠎ᠤᠨ ᠪᠤᠬ ᠮᠠᠯ᠎ᠤᠨ ᠲᠦᠯ᠎ᠤᠨ ᠪᠤᠢᠵᠢᠯᠳᠠ᠎ᠶ᠋ᠢᠨ ᠨᠤᠷᠮ᠎ᠠ ᠲᠤᠩ ᠲᠤᠤᠷ᠎ᠠ ᠪᠠᠢᠵᠤ᠂ ᠲᠦᠯ ᠮᠠᠯ᠎ᠢᠶᠠᠨ ᠬᠤᠬᠢᠷᠠᠭᠤᠯᠬᠤ ᠦᠭᠡᠢ᠎ᠶ᠋ᠢᠨ ᠲᠦᠯᠦᠭᠡ ᠮᠠᠯᠴᠢᠳ ᠰᠦᠨᠢ᠎ᠳᠡᠭᠡᠨ ᠬᠡᠳᠦ ᠤᠳᠠᠭ᠎ᠠ ᠭᠠᠷᠴᠤ᠌ ᠮᠠᠯ᠎ᠢᠶᠠᠨ ᠡᠷᠬᠢᠴᠡᠭᠦᠯᠳᠡᠭ᠃ ᠰᠦᠬᠡ ᠡᠨᠡ ᠪᠠᠢᠳᠠᠯ᠎ᠢ ᠤᠢ᠍ᠢᠯᠠᠭᠠᠬ᠍ᠰᠠᠨᠤ ᠲᠠᠷᠠᠭ᠎ᠠ᠂ ᠮᠠᠯᠴᠢᠳ᠎ᠢ ᠤᠷᠢᠶᠠᠯᠠᠨ᠂ ᠰᠦᠯᠢᠶᠤᠤ ᠲᠤᠯᠠᠭᠠᠨ ᠫᠧᠩ ᠪᠠᠷᠢᠭᠤᠯᠵᠤ᠂ ᠬᠤᠱᠢᠭᠤᠨ᠎ᠠᠴᠠ ᠨᠢᠭᠡ ᠪᠦᠯᠦᠭ ᠨᠦᠬᠦᠪᠦᠷᠢ ᠦᠭ᠌ᠴᠠᠢ᠃ ᠤᠳᠤ ᠡᠨᠡᠬᠦ᠌ ᠲᠦᠷᠦᠯ ᠵᠦᠢᠯ᠎ᠨᠢ ᠪᠦᠬᠦ᠌ ᠬᠤᠱᠢᠭᠤ᠎ᠶ᠋ᠢ ᠬᠠᠮᠤᠷᠴᠤ᠌᠂ ᠲᠦᠯ ᠮᠠᠯ᠎ᠤᠨ ᠪᠤᠢᠵᠢᠯᠳᠠ᠎ᠶ᠋ᠢᠨ ᠨᠤᠷᠮ᠎ᠠ᠎ᠶ᠋ᠢ ᠪᠠᠳᠤᠯᠠᠵᠤ᠂ ᠮᠠᠯᠴᠢᠳ᠎ᠤᠨ ᠤᠷᠤᠯᠭ᠎ᠠ᠎ᠶ᠋ᠢ ᠲᠡᠭᠡᠭ᠌ᠰᠢᠯᠡᠭᠦᠯᠦᠭ᠌ᠰᠡᠨ ᠪᠠᠢᠨ᠎ᠠ᠃
1990 ᠤᠨ᠎ᠳᠤ᠂ ᠰᠦᠬᠡ ᠴᠠᠭᠠᠨ ᠭᠤᠶᠤᠤ ᠲᠠᠷᠢᠬᠤ ᠮᠡᠷᠭᠡᠵᠢᠯ᠎ᠢ ᠡᠵᠡᠨ᠎ᠡ᠎ᠳᠤ ᠤᠷᠤᠭᠤᠯᠵᠤ᠂ ᠤᠢ ᠱᠢᠭᠤᠢ᠎ᠶ᠋ᠢᠨ ᠮᠡᠷᠭᠡᠵᠢᠯᠳᠡᠨ᠎ᠢ ᠮᠠᠯᠴᠢᠨ ᠠᠢᠯ ᠡᠷᠦᠬᠡ ᠪᠤᠯᠭᠠᠨ᠎ᠢᠶᠠᠷ ᠭᠦᠨᠵᠡᠭᠡᠢᠷᠡᠭᠦᠯᠵᠤ᠂ ᠴᠠᠭᠠᠨ ᠭᠤᠶᠤᠤ ᠲᠠᠷᠢᠬᠤ ᠮᠡᠷᠭᠡᠵᠢᠯ᠎ᠢ ᠤᠯᠠᠮᠵᠢᠯᠠᠬ᠍ᠰᠠᠨᠠᠴᠠ ᠡᠵᠡᠨ᠎ᠡ ᠬᠤᠱᠢᠭᠤᠨ᠎ᠤ ᠮᠠᠯᠴᠢᠳ ᠴᠠᠭᠠᠨ ᠭᠤᠶᠤᠤ ᠲᠠᠷᠢᠭᠠᠳ ᠨᠡᠯᠢᠶᠡᠳ ᠤᠷᠤᠯᠭ᠎ᠠ ᠤᠯᠬᠤ ᠪᠤᠯᠤᠬ᠍ᠰᠠᠨ ᠪᠠᠢᠨ᠎ᠠ᠃
ᠮᠠᠯᠴᠢᠳ᠎ᠤᠨ ᠡᠪᠡᠳᠴᠢᠨ ᠦᠵᠡᠭᠦᠯᠬᠦ᠌ ᠠᠰᠠᠭᠤᠳᠠᠯ ᠲᠤᠬᠠᠢ᠎ᠶ᠋ᠢᠨ ᠦᠶ᠎ᠡ᠎ᠳᠤ ᠲᠤᠩ ᠲᠤᠯᠭᠠᠮ᠎ᠠ ᠱᠢᠢᠳᠪᠦᠷᠢᠯᠡᠭᠦᠱᠢᠳᠠᠢ ᠠᠰᠠᠭᠤᠳᠠᠯ ᠪᠤᠯᠵᠤ ᠪᠠᠢᠪᠠ᠃ ᠡᠵᠡᠨ᠎ᠡ᠎ᠶ᠋ᠢᠨ ᠨᠦᠭᠦᠴᠡᠯ ᠪᠤᠯᠤᠯᠴᠠᠭ᠎ᠠ ᠠᠨᠠᠢ ᠪᠤᠯᠬᠤᠷ᠂ ᠰᠠᠢᠨ ᠡᠮᠴᠢ ᠢᠷᠡᠪᠡᠯ ᠬᠡᠳᠦᠨ ᠰᠠᠷ᠎ᠠ ᠠᠵᠢᠯᠯᠠᠭᠠᠳ ᠶᠠᠪᠤᠴᠢᠬᠠᠳᠠᠬ᠃ ᠡᠨᠡ ᠶᠠᠪᠤᠳᠠᠯ᠎ᠢ ᠵᠠᠪᠠᠯ ᠴᠢᠬᠤᠯᠠ ᠠᠰᠠᠭᠤᠳᠠᠯ ᠪᠤᠯᠭᠠᠵᠤ ᠱᠢᠢᠳᠪᠦᠷᠢᠯᠡᠬᠦ᠌ ᠬᠡᠷᠡᠭ᠌ᠳᠠᠢ ᠭᠡᠵᠤ ᠲᠡᠷᠡ ᠲᠤᠰᠭᠠᠢ ᠬᠦᠮᠦᠨ ᠶᠠᠪᠤᠭᠤᠯᠵᠤ᠂ ᠢᠷᠭᠠᠢ ᠬᠤᠳᠠ᠎ᠠᠴᠠ 6 ᠡᠮᠴᠢ ᠤᠷᠢᠨ ᠠᠪᠴᠢᠷᠠᠵᠤ᠂ ᠤᠷᠤᠨ ᠰᠠᠭᠤᠴᠠ᠎ᠠᠴᠠ᠎ᠨᠢ ᠡᠷᠦᠬᠡ ᠠᠮᠠ᠎ᠶ᠋ᠢᠨ ᠠᠰᠠᠭᠤᠳᠠᠯ ᠬᠦᠷᠳᠠᠯ᠎ᠠ ᠱᠢᠢᠳᠪᠦᠷᠢᠯᠡᠵᠤ ᠦᠭ᠌ᠴᠠᠢ᠃ ᠲᠤᠬᠠᠢ᠎ᠶ᠋ᠢᠨ ᠦᠶ᠎ᠡ᠎ᠳᠤ᠂ ᠲᠡᠷᠡ ᠦᠪᠡᠷ᠎ᠢᠶᠠᠨ ᠬᠦᠷᠳᠡᠯ᠎ᠡ ᠭᠡᠷ ᠲᠦᠷᠢᠶᠡᠰᠦᠯᠡᠭᠡᠳ ᠰᠠᠭᠤᠵᠤ ᠪᠠᠢᠬ᠍ᠰᠠᠨ ᠶᠤᠮ᠃
《ᠠᠷᠠᠳ ᠲᠦᠮᠡᠨ᠎ᠳᠡᠭᠡᠨ ᠨᠢᠭᠡ ᠰᠡᠳᠭᠢᠯ᠎ᠢᠶᠠᠷ ᠦᠢᠯᠡᠴᠢᠯᠡ》᠃ ᠲᠡᠭᠦᠨ᠎ᠤ ᠨᠢᠭᠡ ᠨᠠᠰᠤᠨ᠎ᠳᠤ ᠬᠠᠮᠤᠭ᠎ᠤᠨ ᠶᠡᠭᠡ ᠨᠦᠯᠦᠭᠡ ᠭᠠᠷᠭᠠᠬ᠍ᠰᠠᠨ ᠴᠡᠷᠡᠨᠵᠠᠢ ᠨᠠᠰᠤᠳᠠᠨ᠂ ᠬᠦᠭ᠌ᠰᠢᠨ ᠪᠤᠭᠤᠷᠤᠯ ᠡᠵᠢ᠎ᠨᠢ ᠪᠦᠷ ᠰᠦᠬᠡ᠎ᠶ᠋ᠢ ᠢᠩᠬᠢᠵᠤ ᠰᠤᠷᠭᠠᠪᠠ᠃ ᠡᠨᠡ ᠰᠤᠷᠭᠠᠯ ᠦᠭᠡ ᠰᠦᠬᠡ᠎ᠶ᠋ᠢᠨ ᠰᠡᠳᠭᠢᠯ ᠵᠢᠷᠦᠬᠡᠨ᠎ᠳᠤ ᠪᠠᠳᠤ ᠬᠠᠳᠠᠩᠱᠢᠬ᠍ᠰᠠᠨ ᠪᠤᠯᠬᠤᠷ᠂ ᠲᠡᠷᠡ ᠠᠷᠢᠭᠤᠨ ᠴᠢᠭᠡᠴᠢ᠎ᠪᠠᠷ ᠦᠢᠯᠡᠰ᠎ᠢᠶᠠᠨ ᠲᠡᠭᠡᠳᠦᠯᠡᠵᠤ᠂ ᠠᠭᠤᠤ ᠨᠠᠮ᠂ ᠠᠷᠠᠳ ᠲᠦᠮᠡᠨ᠎ᠳᠡᠭᠡᠨ ᠱᠢᠳᠤᠷᠭᠤ᠎ᠪᠠᠷ ᠵᠢᠳᠬᠦᠬᠦ᠌᠎ᠪᠠᠷ ᠮᠡᠷᠡᠢᠭ᠌ᠰᠡᠭᠡᠷ ᠶᠠᠪᠤᠵᠠᠢ᠃
— ᠪᠦᠬᠦ᠌ ᠤᠯᠤᠰ᠎ᠤᠨ 《ᠴᠠᠭ ᠦᠶ᠎ᠡ᠎ᠶ᠋ᠢᠨ ᠬᠡᠪ ᠲᠠᠭᠤᠷᠢᠶᠠᠯ》 ᠠᠯᠠᠱᠠ ᠠᠢᠮᠠᠭ᠎ᠤᠨ
ᠤᠯᠤᠰ ᠲᠦᠷᠦ᠎ᠶ᠋ᠢᠨ ᠵᠦᠪᠯᠡᠯᠭᠡᠨ᠎ᠤ ᠤᠤᠯ᠎ᠤᠨ ᠲᠡᠷᠢᠭᠦᠯᠡᠭ᠌ᠴᠢ ᠰᠦᠬᠡ᠎ᠶ᠋ᠢ ᠲᠡᠮᠳᠡᠭ᠌ᠯᠡᠪᠡ
ᠠᠷᠢᠭᠤᠨ ᠴᠢᠭᠡᠴᠢ ᠠᠷᠠᠯ᠎ᠤᠨ ᠱᠠᠷ
《ᠠᠯᠪᠠᠨ᠎ᠤ ᠵᠤᠭᠤᠰ᠎ᠢ ᠨᠢᠭᠡ ᠲᠦᠭᠦᠷᠢᠭ᠎ᠢ ᠴᠤ᠌ ᠠᠷᠪᠢᠯᠠᠬᠤ ᠬᠡᠷᠡᠭ᠌ᠳᠠᠢ》᠂ 《ᠠᠷᠢᠭᠤᠨ ᠴᠢᠭᠡᠴᠢ ᠪᠤᠯ ᠠᠵᠢᠯ᠎ᠳᠠᠭᠠᠨ ᠬᠠᠷᠢᠭᠤᠴᠠᠵᠤ᠂ ᠠᠮᠢ ᠪᠡᠶ᠎ᠡ᠎ᠳᠡᠭᠡᠨ ᠬᠠᠷᠢᠭᠤᠴᠠᠵᠤ ᠪᠠᠢᠬᠤ ᠶᠠᠪᠤᠳᠠᠯ ᠪᠤᠯᠤᠨ᠎ᠠ》᠃ ᠰᠦᠬᠡ ᠤᠳᠤᠷᠢᠳᠤᠯᠭ᠎ᠠ᠎ᠶ᠋ᠢᠨ ᠪᠠᠢᠷᠢᠨ᠎ᠳᠤ 30 ᠱᠢᠬᠠᠮ ᠵᠢᠯ ᠠᠵᠢᠯᠯᠠᠬᠤ᠎ᠳᠠᠭᠠᠨ ᠢᠩᠬᠢᠵᠤ ᠶᠠᠷᠢᠳᠠᠭ ᠮᠦᠷᠳᠡᠭᠡᠨ ᠢᠩᠬᠢᠵᠤ ᠬᠢᠭ᠌ᠰᠡᠭᠡᠷ ᠢᠷᠡᠵᠠᠢ᠃
ᠲᠡᠭᠡᠷ᠎ᠡ ᠵᠠᠭᠤᠨ᠎ᠤ ᠨᠠᠶᠠ ᠶᠡᠷᠡᠭᠡᠳ ᠤᠨ᠎ᠳᠤ᠂ ᠬᠦᠬᠡᠬᠤᠳᠠ᠎ᠶ᠋ᠢᠨ 《ᠮᠠᠯᠴᠢᠨ ᠪᠠᠭᠤᠳᠠᠯ》 ᠤᠨ ᠵᠠᠬᠢᠷᠤᠯ᠎ᠠᠴᠠ ᠠᠪᠤᠭᠠᠳ ᠦᠢᠯᠡᠴᠢᠯᠡᠭ᠌ᠴᠢ᠎ᠳᠤ ᠬᠦᠷᠳᠡᠯ᠎ᠡ ᠪᠠᠷᠤᠭ ᠪᠦᠷ ᠰᠦᠬᠡ᠎ᠶ᠋ᠢ ᠲᠠᠨᠢᠨ᠎ᠠ᠃ ᠲᠤᠬᠠᠢ᠎ᠶ᠋ᠢᠨ ᠦᠶ᠎ᠡ᠎ᠳᠤ ᠬᠦᠬᠡᠬᠤᠳᠠ᠎ᠳᠤ ᠡᠨᠡ ᠪᠤᠯ ᠬᠠᠮᠤᠭ᠎ᠤᠨ ᠬᠢᠮᠳᠠ ᠪᠠᠭᠤᠳᠠᠯ᠃ ᠢᠷᠡᠬᠦ᠌ ᠪᠦᠷᠢ᠎ᠳᠡᠭᠡᠨ ᠲᠡᠷᠭᠡ᠎ᠪᠠᠷ ᠮᠤᠷᠢᠯᠠᠵᠤ ᠪᠠᠭᠤᠬᠤ᠎ᠳᠤᠨᠢ 《ᠪᠠᠶᠠᠨ ᠮᠠᠯᠴᠢᠨ》 ᠬᠡᠮᠡᠨ ᠠᠳᠡᠭᠦᠷᠡᠳᠡᠭ ᠲᠡᠳᠡ ᠬᠤᠵᠢᠮ᠎ᠨᠢ ᠰᠠᠶᠢ ᠲᠡᠭᠦᠨ᠎ᠢ ᠡᠵᠡᠨ᠎ᠡ ᠬᠤᠱᠢᠭᠤᠨ᠎ᠤ ᠲᠠᠷᠤᠭ᠎ᠠ ᠭᠡᠳᠡᠭ᠎ᠢ ᠮᠡᠳᠡᠵᠡᠢ᠃ 《ᠮᠠᠯᠴᠢᠨ ᠪᠠᠭᠤᠳᠠᠯ》 ᠭᠡᠳᠡᠭ ᠴᠢᠨᠢ ᠮᠠᠯᠴᠢᠳ ᠯᠡ ᠭᠤᠤᠯᠳᠠᠢ ᠪᠠᠭᠤᠳᠠᠭ ᠭᠠᠵᠠᠷ ᠪᠤᠯᠬᠤᠷ᠂ ᠬᠤᠱᠢᠭᠤᠨ ᠲᠠᠷᠤᠭ᠎ᠠ ᠪᠠᠭᠤᠨ᠎ᠠ ᠭᠡᠳᠡᠭ᠎ᠢ ᠬᠡᠨ ᠴᠤ᠌ ᠰᠠᠨᠠᠵᠤ ᠤᠯᠬᠤ ᠦᠭᠡᠢ᠎ᠨᠢ ᠬᠢᠷᠢ ᠪᠠᠢᠯᠭᠦᠢ᠃
ᠡᠭᠡᠯ ᠪᠤᠷᠤᠬ᠍ᠵᠢᠭᠤᠨ ᠡᠮᠦᠰᠳᠡᠭ᠂ ᠡᠩ᠎ᠤᠨ ᠲᠠᠮᠠᠬᠢ ᠲᠠᠳᠠᠳᠠᠬ᠂ ᠲᠤᠭᠤᠢ ᠤᠨᠤᠵᠤ ᠵᠠᠮᠨᠠᠳᠠᠭ᠎ᠨᠢ ᠰᠦᠬᠡ᠎ᠶ᠋ᠢᠨ ᠤᠯᠠᠨ᠎ᠳᠠᠭᠠᠨ ᠦᠭ᠌ᠭᠦᠭ᠌ᠰᠡᠨ ᠰᠠᠭᠤᠬ᠍ᠳᠠᠯ᠃ ᠪᠦᠰᠡᠭᠦᠢ ᠳ᠋ᠧᠯᠢᠭᠨᠢ ᠠᠵᠤ ᠠᠬᠤᠢ᠍ᠢᠯᠠᠯ᠎ᠳᠤ ᠠᠵᠢᠯᠯᠠᠵᠤ ᠪᠠᠢᠬ᠍ᠰᠠᠨ ᠪᠤᠯᠬᠤᠷ ᠴᠠᠯᠢᠩ ᠮᠦᠡᠭ᠌ᠭᠦ᠎ᠨᠢ ᠲᠦᠢᠯ᠎ᠤᠨ ᠲᠤᠤᠷ᠎ᠠ᠃ ᠭᠤᠷᠪᠠᠨ ᠬᠡᠤᠬᠡᠳ ᠦᠰᠭᠡᠬᠦ᠌ ᠪᠤᠯᠬᠤᠷ ᠠᠮᠢᠳᠤᠷᠠᠯ᠎ᠨᠢ ᠨᠡᠯᠢᠶᠡᠳ ᠬᠦᠴᠢᠷᠳᠡᠯ᠎ᠲᠠᠢ ᠪᠠᠢᠵᠤ᠂ ᠠᠯᠪᠠᠨ᠎ᠠᠴᠠ ᠦᠭ᠌ᠭᠦᠭ᠌ᠰᠡᠨ ᠬᠡᠳᠦᠨ ᠤᠷᠤ᠂ ᠨᠢᠭᠡ ᠱᠢᠷᠡᠭᠡ᠎ᠠᠴᠠ ᠦᠭᠡᠷ᠎ᠡ ᠭᠡᠷ᠎ᠲᠤ᠎ᠨᠢ ᠦᠨ᠎ᠡ᠎ᠲᠠᠢ ᠡᠳ᠋ᠯᠡᠯ ᠬᠡᠷᠡᠭ᠌ᠰᠡᠯ ᠬᠡᠵᠤ ᠦᠭᠡᠢ᠂ ᠬᠠᠮᠤᠭ ᠵᠤᠭᠤᠰ ᠬᠦᠷᠳᠡᠭ᠎ᠨᠢ ᠭᠠᠭ᠍ᠴᠠ ᠰᠦᠬᠡ᠎ᠶ᠋ᠢᠨ ᠲᠡᠷᠡ ᠭᠠᠷᠤᠪᠠᠴᠤ᠌ ᠤᠷᠤᠪᠠᠴᠤ᠌ ᠮᠠᠢᠵᠢᠬᠢᠴᠠᠭᠤᠯᠤᠨ ᠵᠠᠢᠳᠠᠯᠠᠳᠠᠬ ᠲᠤᠭᠤᠢ᠃
ᠳ᠋ᠧᠯᠢᠭ ᠡᠷ᠎ᠡ ᠨᠦᠬᠦᠷ᠎ᠤᠨ᠎ᠢᠶᠠᠨ ᠠᠵᠢᠯ᠎ᠢ ᠲᠤᠩ ᠲᠡᠮᠵᠢᠳᠡᠭ ᠮᠦᠷᠳᠡᠭᠡᠨ ᠬᠠᠱᠢᠶᠠᠨ᠎ᠳᠠᠭᠠᠨ ᠬᠤᠨᠢ᠂ ᠭᠠᠭ᠍ᠠᠢ ᠲᠡᠵᠢᠭᠡᠵᠤ᠂ ᠠᠵᠤ ᠠᠮᠢᠳᠤᠷᠠᠯ᠎ᠢᠶᠠᠨ ᠲᠡᠭᠡᠭ᠌ᠰᠢᠯᠡᠭᠦᠯᠵᠤ ᠪᠠᠢᠵᠠᠢ᠃ ᠬᠤᠶᠠᠷ ᠨᠠᠰᠤᠳᠠᠨ᠂ ᠭᠤᠷᠪᠠᠨ ᠬᠡᠤᠬᠡᠳ ᠶᠠᠭᠠᠬᠢᠵᠤ ᠰᠦᠬᠡ᠎ᠶ᠋ᠢᠨ 70 ᠲᠦᠭᠦᠷᠢᠭ᠂ ᠳ᠋ᠧᠯᠢᠭᠤᠨ 25 ᠲᠦᠭᠦᠷᠢᠭ᠎ᠤᠨ ᠴᠠᠯᠢᠩ᠎ᠢᠶᠠᠷ ᠠᠮᠢᠳᠤᠷᠠᠵᠤ ᠲᠡᠢᠯᠬᠦ᠌ ᠠᠵᠢ᠃ ᠲᠡᠭᠡᠬᠦ᠌ ᠮᠦᠷᠳᠡᠭᠡᠨ 《ᠬᠤᠱᠢᠭᠤᠨ᠎ᠤ ᠵᠤᠴᠢᠯᠠᠬᠤ ᠭᠠᠵᠠᠷ》 ᠭᠡᠵᠤ ᠨᠡᠷᠡᠢᠳᠦᠭ᠌ᠳᠡᠭ᠌ᠰᠡᠨ ᠲᠡᠳᠡᠨ᠎ᠤ ᠭᠡᠷ᠎ᠲᠤ ᠡᠳᠦᠷ᠎ᠤᠨ ᠮᠠᠷᠭᠠᠰᠢ ᠮᠠᠯᠴᠢᠨ 《ᠵᠤᠴᠢᠳ》 ᠮᠤᠷᠢᠯᠠᠨ ᠰᠠᠭᠠᠳᠠᠳᠠᠭ ᠪᠤᠯᠬᠤᠷ᠂ ᠵᠤᠭᠤᠰ ᠮᠦᠡᠭ᠌ᠭᠦ ᠭᠡᠳᠡᠭ ᠵᠠᠷᠤᠵᠤ ᠭᠦᠢᠴᠡᠬᠦ᠌ ᠦᠭᠡᠢ ᠬᠤᠪᠤᠷᠳᠠᠳᠠᠭᠨᠢ ᠦᠨᠡᠨᠳᠠᠢ᠃ ᠳ᠋ᠧᠯᠢᠭ ᠯᠡ ᠬᠦᠭᠡᠷᠦᠬᠦᠢ᠂ ᠠᠯᠪᠠᠨ ᠠᠵᠢᠯ᠎ᠳᠠᠭᠠᠨ ᠶᠠᠭᠠᠷᠠᠬ᠍ᠰᠠᠨ ᠰᠦᠬᠡ᠎ᠶ᠋ᠢ ᠬᠡᠷᠬᠢᠨ ᠲᠦᠱᠢᠬᠦ᠌ ᠪᠢᠯᠡ᠂ ᠠᠵᠢᠯ᠎ᠠᠴᠠ᠎ᠪᠠᠨ ᠪᠠᠭᠤᠮᠠᠬ᠍ᠴᠠ ᠬᠤᠨᠢ ᠭᠠᠭ᠍ᠠᠢ᠎ᠪᠠᠨ ᠲᠡᠵᠢᠭᠡᠨ᠂ ᠬᠡᠤᠬᠡᠳ ᠱᠢᠤᠬᠠᠳ᠂ ᠬᠦᠭ᠌ᠰᠢᠨ ᠨᠠᠰᠤᠳᠠᠨ᠎ᠢᠶᠠᠨ ᠡᠷᠬᠢᠴᠡᠭᠦᠯᠵᠤ᠂ ᠬᠤᠵᠢᠮ᠎ᠨᠢ ᠡᠨᠡ ᠤᠷᠤᠯᠭ᠎ᠠ᠎ᠪᠠᠷ᠎ᠢᠶᠠᠨ ᠶᠡᠭᠡ ᠬᠦᠤ᠎ᠪᠠᠨ ᠭᠡᠷ ᠡᠷᠦᠬᠡ ᠪᠤᠯᠭᠠᠬ᠍ᠰᠠᠨ
ᠭᠡᠳᠡᠭ᠃
ᠬᠤᠱᠢᠭᠤᠨ ᠲᠠᠷᠤᠭ᠎ᠠ ᠪᠦᠰᠡᠭᠦᠢ᠎ᠪᠠᠨ ᠠᠵᠤ ᠠᠬᠤᠢ᠍ᠢᠯᠠᠯ᠎ᠳᠤ ᠲᠤᠬᠢᠷᠠᠭᠤᠯᠴᠢᠬᠠᠵᠠᠢ ᠭᠡᠵᠤ ᠬᠡᠯᠡᠯᠴᠡᠳᠡᠭ ᠬᠦᠮᠦᠰ ᠪᠠᠢᠬ᠍ᠰᠠᠨ ᠶᠤᠮ ᠬᠡᠨ᠎ᠡ᠃ ᠦᠨᠡᠨ᠎ᠳᠡᠭᠡᠨ ᠳ᠋ᠧᠯᠢᠭ ᠬᠤᠱᠢᠭᠤᠨ ᠲᠡᠭᠡᠷ᠎ᠡ ᠶᠡᠭᠡ ᠬᠡᠮᠵᠢᠶᠡᠨ᠎ᠤ ᠠᠵᠢᠯᠳᠠᠨ ᠡᠯᠰᠡᠬᠦ᠌᠎ᠳᠤ ᠲᠠᠭᠠᠯᠳᠤᠨ ᠤᠷᠤᠵᠤ ᠢᠷᠡᠭ᠌ᠰᠡᠨ ᠲᠡᠳᠦᠢ᠂ ᠲᠡᠷᠡ ᠮᠦᠷᠳᠡᠭᠡᠨ ᠨᠡᠯᠢᠶᠡᠳ ᠬᠤᠵᠢᠮ᠎ᠨᠢ ᠰᠠᠶᠢ ᠬᠦᠮᠦᠰ ᠬᠤᠱᠢᠭᠤᠨ ᠲᠠᠷᠤᠭ᠎ᠠ᠎ᠶ᠋ᠢᠨ ᠡᠬᠡᠨᠡᠷ ᠭᠡᠳᠡᠭ᠎ᠢ ᠮᠡᠳᠡᠵᠡᠢ᠃
— ᠬᠤᠱᠢᠭᠤᠨ ᠲᠠᠷᠤᠭᠠᠤᠨᠬᠢ ᠪᠠᠰᠠ ᠵᠤᠭᠤᠰ᠎ᠢᠶᠠᠷ ᠲᠤᠳᠠᠨ᠎ᠠ ᠭᠡᠵᠤ ᠤᠤ!
— ᠬᠤᠨᠢ ᠭᠠᠭ᠍ᠠᠢ ᠭᠡᠵᠤ ᠦᠢᠯᠡ᠎ᠪᠠᠨ ᠪᠠᠷᠠᠭᠠᠳ ᠬᠦᠮᠦᠨ᠎ᠳᠤ ᠦᠵᠡᠭᠦᠯᠵᠤ ᠪᠠᠢᠬᠤ᠎ᠨᠢ ᠤᠤ! ᠨᠢᠭᠤᠷ ᠲᠡᠭᠡᠷ᠎ᠡ᠎ᠨᠢ ᠬᠡᠯᠡᠬᠦ᠌ ᠦᠭᠡᠢ ᠴᠤ᠌᠂ ᠠᠷᠤ ᠬᠤᠢᠨ᠎ᠠ᠎ᠨᠢ ᠡᠢᠨᠬᠦ᠌ ᠬᠡᠯᠡᠯᠴᠡᠬᠦ᠌ ᠬᠦᠮᠦᠨ ᠪᠠᠢᠬ᠍ᠰᠠᠨ ᠯᠡ ᠪᠠᠢᠯᠭᠦᠢ᠃ ᠭᠡᠶ᠎ᠡ ᠤᠳᠠᠭᠠᠨ᠎ᠳᠠᠭᠠᠨ ᠰᠦᠬᠡ᠎ᠶ᠋ᠢᠨ ᠠᠷᠢᠭᠤᠨ ᠴᠢᠭᠡᠴᠢ᠎ᠶ᠋ᠢ ᠤᠢ᠍ᠢᠯᠠᠭᠠᠬ᠍ᠰᠠᠨ ᠬᠦᠮᠦᠰ ᠯᠡ᠄ 《ᠰᠦᠬᠡ ᠬᠦᠭᠡᠷᠦᠭᠦᠢ᠂ ᠠᠮᠠ ᠪᠦᠯᠢ ᠤᠯᠠᠨ᠂ ᠠᠮᠢᠳᠤᠷᠠᠯ᠎ᠳᠠᠭᠠᠨ ᠬᠦᠴᠢᠷ᠎ᠲᠠᠢ ᠴᠤ᠌ ᠠᠯᠪᠠᠨ᠎ᠤ ᠶᠠᠭᠤᠮ᠎ᠠ᠎ᠶ᠋ᠢ ᠬᠠᠷᠢᠨ ᠠᠮᠢᠨᠴᠢᠷᠬᠠᠳᠠᠬ ᠦᠭᠡᠢ ᠬᠦᠮᠦᠨ ᠱᠢᠤ》 ᠭᠡᠳᠡᠭ ᠪᠤᠯᠵᠠᠢ᠃
ᠵᠢᠯ ᠴᠠᠭᠠᠨ ᠰᠠᠷ᠎ᠠ ᠪᠤᠯᠤᠬ᠍ᠰᠠᠭᠠᠷ ᠨᠢᠭᠡ ᠬᠦᠮᠦᠨ᠎ᠤ ᠨᠢᠭᠡ ᠵᠠᠭᠤᠰᠢ᠂ ᠨᠢᠭᠡ ᠯᠤᠩᠬᠤ ᠠᠷᠢᠬᠢ᠂ ᠪᠠᠢᠭᠤᠯᠤᠯᠭ᠎ᠠ᠎ᠶ᠋ᠢᠨ ᠬᠤᠷᠠᠯ᠎ᠤᠨ ᠬᠡᠷ᠎ᠲᠤ ᠬᠠᠮᠳᠤ ᠱᠢᠨᠡᠯᠡᠨᠠ᠃ ᠡᠨᠡ ᠪᠤᠯ ᠰᠦᠬᠡ᠎ᠶ᠋ᠢᠨ ᠬᠤᠱᠢᠭᠤᠨ ᠲᠠᠷᠤᠭ᠎ᠠ ᠪᠠᠢᠬᠤ ᠦᠶᠡᠰ᠎ᠤᠨ ᠨᠢᠭᠡ ᠲᠤᠬ᠍ᠳᠠᠭᠠᠯ᠃ 《ᠴᠠᠭᠠᠨ ᠰᠠᠷ᠎ᠠ ᠪᠤᠯᠤᠬ᠍ᠰᠠᠭᠠᠷ ᠯᠡ ᠡᠨᠡ ᠲᠠᠷᠤᠭ᠎ᠠ᠎ᠶ᠋ᠢᠨ᠎ᠳᠤ᠂ ᠲᠡᠷᠡ ᠲᠠᠷᠤᠭ᠎ᠠ᠎ᠶ᠋ᠢᠨ᠎ᠳᠤ ᠭᠡᠵᠤ ᠡᠯᠳᠡᠪ᠎ᠤᠨ ᠶᠠᠭᠤᠮ᠎ᠠ ᠲᠡᠭᠦᠵᠢᠯᠡᠭ᠌ᠰᠡᠨ ᠬᠦᠮᠦᠰ ᠱᠢᠨᠡᠯᠡᠵᠤ ᠲᠤᠭᠤᠷᠢᠨ᠎ᠠ᠂ ᠡᠨᠡ᠎ᠨᠢ ᠵᠠᠯᠠᠭᠤᠴᠤᠳ᠎ᠤᠨ ᠲᠠᠷᠤᠭᠠᠰᠤ᠎ᠶ᠋ᠢ ᠬᠦᠨᠳᠦᠷᠡᠭᠦᠯᠬᠦ᠌ ᠮᠦᠷᠳᠡᠭᠡᠨ ᠪᠡᠯᠡᠭ ᠰᠡᠯᠳᠡ ᠬᠦᠷᠭᠡᠬᠦ᠌ ᠮᠠᠭᠤ ᠦᠵᠡᠭ᠌ᠳᠡᠯ᠎ᠢ ᠪᠤᠢ ᠪᠤᠯᠭᠠᠨ᠎ᠠ》 ᠬᠡᠵᠤ ᠲᠡᠷᠡ ᠪᠠᠬ᠎ᠤᠨ ᠨᠦᠬᠦᠳ᠎ᠲᠠᠢ᠎ᠪᠠᠨ ᠠᠯᠪᠠᠨ᠎ᠤ ᠭᠠᠵᠠᠷ᠎ᠲᠠᠭᠠᠨ ᠱᠢᠨᠡᠯᠡᠵᠤ ᠲᠠᠰᠤᠬ᠍ᠰᠠᠨ ᠪᠠᠢᠵᠠᠢ᠃
《ᠠᠵᠢᠯ᠎ᠳᠠᠭᠠᠨ ᠰᠠᠢᠨ᠂ ᠦᠵᠡᠯ ᠤᠬᠠᠮᠰᠠᠷ ᠦᠨᠳᠦᠷ ᠬᠦᠮᠦᠨ᠎ᠢ ᠤᠳᠤᠷᠢᠳᠭᠤ ᠪᠠᠢᠷᠢᠨ᠎ᠳᠤ ᠲᠡᠪᠱᠢᠭᠦᠯᠬᠦ᠌ ᠬᠡᠷᠡᠭ᠌ᠳᠠᠢ》᠃ ᠡᠨᠡ ᠪᠤᠯ ᠰᠦᠬᠡ ᠬᠤᠱᠢᠭᠤᠨ᠎ᠤ ᠨᠠᠮ᠎ᠤᠨ ᠬᠤᠷᠢᠶᠠᠨ᠎ᠤ ᠱᠦᠵᠢ᠂ ᠬᠤᠱᠢᠭᠤᠨ ᠲᠠᠷᠤᠭ᠎ᠠ ᠪᠠᠢᠬᠤ ᠦᠶᠡᠰ᠎ᠲᠡᠭᠡᠨ ᠪᠠᠷᠢᠮᠳᠠᠯᠠᠵᠤ ᠶᠠᠪᠤᠬ᠍ᠰᠠᠨ ᠵᠠᠷᠴᠢᠮ᠃ ᠲᠡᠭᠦᠨ᠎ᠢ ᠬᠤᠱᠢᠭᠤᠨ ᠲᠠᠷᠤᠭ᠎ᠠ ᠪᠠᠢᠬᠤ ᠦᠶᠡᠰ᠂ ᠤᠤᠯ᠎ᠤᠨ ᠤᠰᠤᠨ ᠠᠱᠢᠬ᠍ᠯᠠᠯᠳᠠ᠎ᠶ᠋ᠢᠨ ᠲᠤᠪᠴᠢᠶ᠎ᠠ᠎ᠶ᠋ᠢᠨ ᠲᠠᠷᠤᠭ᠎ᠠ᠎ᠨᠢ ᠠᠢᠮᠠᠭ᠎ᠲᠤ ᠱᠢᠯᠵᠢᠵᠤ ᠶᠠᠪᠤᠬᠤ᠎ᠳᠠᠭᠠᠨ ᠵᠤᠬᠢᠶᠠᠨ ᠪᠠᠢᠭᠤᠯᠤᠯᠳᠠ᠎ᠳᠤ ᠸᠠᠩ ᠱᠧᠩ ᠬᠤᠸᠠ ᠭᠡᠰᠡᠨ ᠬᠦᠮᠦᠨ᠎ᠢ ᠲᠠᠨᠢᠯᠴᠠᠭᠤᠯᠵᠤ ᠦᠭ᠌ᠪᠡ᠃ ᠰᠦᠬᠡ ᠵᠤᠬᠢᠶᠠᠨ ᠪᠠᠢᠭᠤᠯᠬᠤ ᠬᠡᠯᠳᠡᠰ᠎ᠢᠶᠠᠷ ᠬᠢᠨᠠᠨ ᠪᠠᠢᠴᠠᠭᠠᠯᠳᠠ ᠬᠢᠯᠭᠡᠭ᠌ᠰᠡᠨ᠎ᠳᠤ ᠡᠯ᠎ᠠ ᠲᠠᠯ᠎ᠠ᠎ᠶ᠋ᠢᠨ ᠨᠦᠭᠦᠴᠡᠯ᠎ᠨᠢ ᠪᠦᠷ ᠱᠢᠯᠢᠳᠡᠭ᠂ ᠭᠡᠪᠡᠴᠤ᠌ ᠵᠢᠩᠬᠢᠨᠢ ᠤᠷᠤᠨ ᠲᠤᠭ᠎ᠠ ᠦᠭᠡᠢ ᠪᠠᠢᠪᠠ᠃ ᠲᠡᠷᠡ 《ᠴᠢᠳᠠᠪᠤᠷᠢᠳᠠᠨ᠎ᠢ ᠬᠦᠨᠳᠦᠳᠭᠡᠬᠦ᠌ ᠬᠡᠷᠡᠭ᠌ᠳᠠᠢ᠂ ᠤᠷᠤᠨ ᠲᠤᠭ᠎ᠠ᠎ᠶ᠋ᠢ ᠱᠢᠢᠳᠪᠦᠷᠢᠯᠡᠬᠦ᠌ ᠬᠡᠷᠡᠭ᠌ᠳᠠᠢ》 ᠭᠡᠵᠤ ᠱᠠᠭᠠᠷᠳᠠᠯ᠎ᠠ᠃ ᠲᠡᠭᠦᠨ᠎ᠤ ᠰᠠᠨᠠᠭᠠᠴᠢᠯᠠᠭ᠎ᠠ᠎ᠪᠠᠷ ᠸᠠᠩ ᠱᠧᠩ ᠬᠤᠸᠠ ᠤᠰᠤᠨ ᠠᠱᠢᠬ᠍ᠯᠠᠯᠳᠠ᠎ᠶ᠋ᠢᠨ ᠲᠤᠪᠴᠢᠶ᠎ᠡ᠎ᠶ᠋ᠢᠨ ᠲᠠᠷᠤᠭ᠎ᠠ᠎ᠶ᠋ᠢᠨ ᠠᠵᠢᠯ᠎ᠤᠨ ᠪᠠᠢᠷᠢ᠎ᠳᠤ ᠭᠠᠷᠴᠤ᠌᠂ ᠬᠤᠵᠢᠮ᠎ᠨᠢ ᠶᠡᠭᠡ ᠬᠡᠮᠵᠢᠶᠡᠨ᠎ᠤ ᠦᠷ᠎ᠡ ᠪᠦᠳᠦᠭᠡᠯ᠎ᠲᠠᠢ ᠠᠵᠢᠯ ᠬᠢᠵᠡᠢ᠃
1993 ᠤᠨ᠎ᠳᠤ᠂ ᠰᠦᠬᠡ ᠠᠯᠠᠱᠠ ᠠᠢᠮᠠᠭ᠎ᠤᠨ ᠨᠠᠮ᠎ᠤᠨ ᠬᠤᠷᠢᠶᠠᠨ᠎ᠤ ᠰᠠᠬᠢᠯᠭ᠎ᠠ ᠪᠠᠳᠤ ᠪᠠᠢᠴᠠᠭᠠᠬᠤ ᠬᠤᠷᠢᠶ᠎ᠠ᠎ᠶ᠋ᠢᠨ ᠱᠦᠵᠢ᠎ᠪᠠᠷ ᠠᠵᠢᠯ ᠱᠢᠯᠵᠢᠵᠠᠢ᠃ ᠲᠡᠭᠡᠬᠦ᠌ᠪᠠᠷ ᠬᠦᠭ᠌ᠰᠢᠨᠤ ᠬᠢᠨᠢ ᠠᠵᠢᠯ ᠱᠢᠯᠵᠢᠬᠦ᠌ ᠠᠰᠠᠭᠤᠳᠠᠯ ᠲᠠᠬᠢᠨᠳᠠ ᠲᠡᠭᠦᠨ᠎ᠳᠤ ᠲᠤᠯᠭᠠᠷᠠᠪᠠ᠃ ᠲᠡᠷᠡ ᠡᠨᠡ ᠶᠠᠪᠤᠳᠠᠯ ᠲᠡᠭᠡᠷ᠎ᠡ ᠵᠤᠬᠢᠶᠠᠨ ᠪᠠᠢᠭᠤᠯᠤᠯᠳᠠ᠎ᠶ᠋ᠢ ᠡᠷᠢᠭ᠌ᠰᠡᠨ ᠦᠭᠡᠢ᠂ ᠬᠦᠭ᠌ᠰᠢᠨ᠎ᠢᠶᠠᠨ ᠢᠳᠭᠠᠨ᠂ ᠡᠪᠡᠳᠴᠢᠨ᠎ᠤ ᠱᠢᠯᠳᠠᠭᠠᠨ᠎ᠢᠶᠠᠷ ᠠᠵᠢᠯ᠎ᠠᠴᠠ᠎ᠨᠢ ᠡᠷᠳᠡ ᠠᠮᠠᠷᠠᠭᠤᠯᠪᠠ᠃ ᠠᠵᠤ ᠠᠬᠤᠢ᠍ᠢᠯᠠᠯ᠎ᠠᠴᠠ ᠠᠮᠠᠷᠠᠬ᠍ᠰᠠᠨ ᠪᠤᠯᠬᠤᠷ ᠰᠠᠷ᠎ᠠ᠎ᠶ᠋ᠢᠨ ᠴᠠᠯᠢᠩ ᠬᠦᠯᠦᠰᠦ᠎ᠨᠢ ᠰᠠᠶᠢ 500 ᠲᠦᠭᠦᠷᠢᠭ᠃
ᠰᠠᠭᠠᠯᠢ᠎ᠶ᠋ᠢᠨ ᠦᠨᠢᠶ᠎ᠠ ᠲᠡᠵᠢᠭᠡᠵᠤ ᠦᠵᠡᠶ᠎ᠡ᠃ ᠡᠨᠡ᠎ᠨᠢ ᠬᠠᠤᠯᠢ ᠲᠤᠬ᠍ᠳᠠᠭᠠᠯ᠎ᠠᠴᠠ ᠯᠠᠪᠳᠠᠢ ᠵᠦᠷᠢᠯᠳᠦᠬᠦ᠌ ᠦᠭᠡᠢ᠃ ᠲᠡᠷᠡ ᠬᠦᠭ᠌ᠰᠢᠨᠲᠠᠢᠪᠠᠨ ᠶᠠᠷᠢᠯᠴᠠᠵᠤ᠂ ᠪᠤᠰᠤᠳ᠎ᠠᠴᠠ ᠲᠦᠮᠡ ᠱᠢᠬᠠᠮ ᠲᠦᠭᠦᠷᠢᠭ ᠵᠢᠭᠡᠯᠡᠨ᠂ ᠠᠢᠮᠠᠭ᠎ᠠᠴᠠ ᠬᠤᠪᠢᠶᠠᠨ ᠦᠭ᠌ᠭᠦᠭ᠌ᠰᠡᠨ ᠪᠠᠢᠱᠢᠩ ᠭᠡᠷ᠎ᠤᠨ ᠬᠦᠷᠢᠶ᠎ᠠ᠎ᠳᠡᠭᠡᠨ 2 ᠰᠠᠭᠠᠯᠢ᠎ᠶ᠋ᠢᠨ ᠦᠨᠢᠶ᠎ᠡ ᠲᠡᠵᠢᠭᠡᠵᠠᠢ᠃
ᠲᠡᠭᠡᠷ᠎ᠡ ᠵᠠᠭᠤᠨ᠎ᠤ ᠶᠡᠷᠡᠭᠡᠳ ᠤᠨ᠎ᠳᠤ ᠪᠠᠶᠠᠨᠬᠤᠳᠠ᠎ᠳᠤ ᠰᠦ ᠶᠡᠭᠡ ᠬᠤᠪᠤᠷ᠃ ᠤᠢ᠍ᠢᠷ᠎ᠠ ᠤᠷᠴᠢᠮ᠎ᠤᠨ ᠬᠢᠨᠢ ᠪᠦᠷ ᠠᠳᠡ ᠢᠷᠡᠵᠤ᠂ ᠮᠦᠷᠦᠯᠡᠵᠤ ᠰᠦ ᠠᠪᠳᠠᠭ ᠪᠠᠢᠪᠠ᠃ ᠭᠡᠳᠡᠯ᠎ᠡ ᠬᠦᠮᠦᠰ ᠡᠬᠢᠨ᠎ᠳᠡᠭᠡᠨ ᠰᠦᠬᠡ᠎ᠶ᠋ᠢᠨ ᠬᠡᠷᠭᠡᠢ᠎ᠠᠴᠠ ᠦᠨᠢᠶᠡᠨ ᠰᠦ ᠠᠪᠴᠤ᠌ ᠪᠠᠢᠨ᠎ᠠ ᠭᠡᠵᠤ ᠶᠡᠷᠦ᠍ ᠮᠡᠳᠡᠭ᠌ᠰᠡᠨ ᠦᠭᠡᠢ᠂ ᠬᠠᠷᠢᠨ 《ᠡᠨᠡ ᠠᠢᠯ᠎ᠤᠨ ᠦᠨᠢᠶᠡᠨ ᠰᠦ᠎ᠶ᠋ᠢᠨ ᠴᠢᠨᠠᠷ᠎ᠨᠢ ᠰᠠᠢᠨ᠂ ᠤᠰᠤ ᠬᠤᠯᠢᠳᠠᠭ ᠦᠭᠡᠢ》 ᠭᠡᠵᠤ ᠪᠤᠯᠢᠶᠠᠯᠳᠤᠨ ᠠᠪᠳᠠᠬ ᠪᠠᠢᠬ᠍ᠰᠠᠨ ᠪᠤᠯᠬᠤᠷ ᠰᠦ᠎ᠶ᠋ᠢᠨ ᠬᠠᠩᠭᠠᠯᠭ᠎ᠠ᠎ᠨᠢ ᠬᠡᠷᠡᠭ᠌ᠴᠡᠭᠡ᠎ᠳᠡᠭᠡᠨ ᠬᠦᠷᠬᠦ᠌ ᠦᠭᠡᠢ ᠰᠠᠨᠳᠤᠷᠭᠠᠵᠤ ᠪᠠᠢᠬ᠍ᠰᠠᠨ ᠶᠤᠮ ᠬᠡᠨ᠎ᠡ᠃
ᠲᠡᠭᠦᠨ᠎ᠳᠤ ᠲᠤᠯᠭᠠᠷᠠᠬ᠍ᠰᠠᠨ ᠪᠠᠰᠠ ᠨᠢᠭᠡ ᠴᠢᠬᠤᠯᠠ ᠠᠰᠠᠭᠤᠳᠠᠯ᠎ᠨᠢ ᠴᠡᠷᠢᠭ᠎ᠲᠤ ᠶᠠᠪᠤᠬ᠍ᠰᠠᠨ ᠪᠠᠭ᠎ᠠ ᠬᠦᠤ᠎ᠶ᠋ᠢᠨ ᠬᠢᠨᠢ ᠬᠤᠷᠢᠮ᠎ᠤᠨ ᠶᠠᠪᠤᠳᠠᠯ ᠪᠠᠢᠯ᠎ᠠ᠃ ᠡᠨᠡ ᠶᠢᠷᠳᠢᠨᠴᠤ᠌ ᠲᠡᠭᠡᠷ᠎ᠡ ᠡᠵᠢ ᠠᠪᠤ ᠪᠤᠯᠤᠬ᠍ᠰᠠᠳ ᠬᠡᠨ᠎ᠨᠢ ᠬᠡᠤᠬᠡᠳ᠎ᠢᠶᠠᠨ ᠦᠭᠡᠳᠡ᠎ᠲᠠᠢ ᠦᠡᠭ᠌ᠭᠡ᠎ᠲᠠᠢ ᠭᠡᠷᠯᠡᠭᠦᠯᠬᠦ᠌ᠶ᠋ᠢ ᠰᠠᠨᠠᠭᠠᠱᠢᠷᠠᠬᠤ ᠦᠭᠡᠢ ᠪᠤᠢ᠃ 1994 ᠤᠨ᠎ᠳᠤ ᠲᠡᠭᠦᠨ᠎ᠤ ᠪᠠᠭ᠎ᠠ ᠬᠦᠤ ᠬᠦᠴᠦᠨ᠎ᠨᠢ ᠴᠡᠷᠢᠭ᠎ᠤᠨ ᠠᠯᠪᠠᠨ᠎ᠠᠴᠠ ᠬᠠᠯᠠᠬ᠍ᠳᠠᠵᠤ᠂ ᠡᠵᠡᠨ᠎ᠡ᠎ᠳᠠᠭᠠᠨ ᠬᠠᠷᠢᠵᠤ᠂ ᠲᠦᠷᠦ᠎ᠶ᠋ᠢᠨ ᠪᠤᠳᠤᠯᠭ᠎ᠠ᠎ᠶ᠋ᠢᠨ ᠬᠤᠪᠢᠶᠠᠷᠢᠯᠠᠯ᠎ᠢᠶᠠᠷ᠂ ᠬᠢᠯᠢ᠎ᠶ᠋ᠢᠨ ᠬᠠᠮᠠᠭᠠᠯᠠᠯᠳᠠ᠎ᠶ᠋ᠢᠨ ᠵᠠᠰᠠᠮᠠᠯ ᠵᠠᠮ᠎ᠤᠨ ᠲᠤᠪᠴᠢᠶ᠎ᠠ᠎ᠳᠤ ᠠᠵᠢᠯ ᠬᠤᠪᠢᠶᠠᠬ᠍ᠳᠠᠵᠤ᠂ ᠦᠨᠳᠦᠰᠦᠨ ᠱᠠᠳᠤᠨ᠎ᠳᠤ ᠠᠵᠢᠯᠯᠠᠵᠤ ᠪᠠᠢᠬ᠍ᠰᠠᠨ᠎ᠢᠶᠠᠨ 2013 ᠤᠨ᠎ᠳᠤ ᠰᠠᠶᠢ ᠲᠠᠯᠠᠢᠬᠦ᠋ᠪ᠎ᠳᠤ ᠠᠵᠢᠯ ᠱᠢᠯᠵᠢᠨ ᠢᠷᠡᠵᠠᠢ᠃
ᠬᠦᠴᠤᠨ᠎ᠤ ᠬᠤᠷᠢᠮ ᠲᠠᠯᠠᠢᠬᠦ᠋ᠪ ᠪᠠᠯᠭᠠᠰᠤᠨ᠎ᠳᠤ ᠲᠦᠪ ᠲᠦᠭᠦᠮ ᠶᠠᠪᠤᠬ᠍ᠳᠠᠪᠠ᠃ ᠲᠡᠷᠡᠴᠢᠯᠡᠨ ᠬᠦᠴᠦᠨ᠎ᠤ ᠠᠪᠤ᠎ᠨᠢ ᠰᠦᠬᠡ ᠪᠤᠯᠬᠤ᠎ᠶ᠋ᠢ ᠮᠡᠳᠡᠬᠦ᠌ ᠬᠦᠮᠦᠨ ᠴᠤ᠌ ᠴᠦᠭᠡᠨ ᠪᠠᠢᠪᠠ᠃ ᠠᠢᠮᠠᠬ᠎ᠤᠨ ᠲᠡᠳ᠋ ᠲᠠᠷᠤᠭ᠎ᠠ ᠪᠠᠢᠬ᠍ᠰᠠᠨ ᠰᠦᠬᠡ ᠤᠢ᠍ᠢᠷ᠎ᠠ ᠲᠦᠷᠦᠯ᠂ ᠠᠬ᠎ᠠ ᠲᠡᠭᠦᠤᠨᠡᠷ᠎ᠠᠴᠠ ᠪᠤᠰᠤᠳ ᠬᠦᠮᠦᠨ᠎ᠳᠤ ᠨᠢᠭᠡ ᠴᠤ᠌ ᠤᠷᠢᠯᠭ᠎ᠠ ᠦᠭ᠌ᠭᠦᠭ᠌ᠰᠡᠨ ᠦᠭᠡᠢ᠃ ᠲᠡᠭᠡᠬᠦ᠌᠎ᠳᠤ ᠬᠤᠷᠢᠮ᠎ᠤᠨ ᠤᠷᠢᠯᠭ᠎ᠠ ᠤᠯᠤᠭ᠎ᠠ ᠦᠭᠡᠢ ᠲᠠᠨᠢᠯ ᠲᠠᠰᠤᠯ ᠵᠠᠷᠢᠮ ᠨᠦᠬᠦᠳ᠎ᠨᠢ 《ᠡᠵᠡᠨ᠎ᠡ᠎ᠳᠤ 20 ᠭᠠᠷᠤᠢ ᠵᠢᠯ ᠲᠠᠷᠤᠭᠠᠯᠠᠬ᠍ᠰᠠᠨ ᠰᠦᠬᠡ ᠬᠡᠳᠦᠨ ᠡᠳᠦᠷ᠎ᠤᠨ ᠬᠤᠷᠢᠮ ᠨᠠᠢᠷ ᠲᠠᠯᠪᠢᠪᠠᠴᠤ᠌ ᠪᠤᠯᠬᠤ᠎ᠪᠠᠷ ᠤᠯᠠᠨ ᠠᠬ᠎ᠠ ᠲᠡᠭᠦᠤᠲᠠᠢ ᠬᠦᠮᠦᠨ ᠱᠢᠤ᠂ ᠬᠦᠤ᠎ᠶ᠋ᠢᠨ ᠬᠤᠷᠢᠮ᠎ᠢᠶᠠᠨ ᠬᠡᠳᠦ ᠲᠦᠭᠦᠮ ᠬᠢᠴᠢᠬᠡᠯ᠎ᠡ》 ᠬᠡᠵᠤ ᠵᠢᠮᠡᠯᠡᠭ᠌ᠰᠡᠨ ᠭᠡᠳᠡᠭ᠃
《ᠮᠠᠨ᠎ᠤ ᠬᠦᠷᠭᠡᠨ ᠠᠬ᠎ᠠ ᠭᠡᠵᠤ ᠰᠤᠨᠢᠨ ᠬᠦᠮᠦᠨ᠂ ᠲᠡᠷᠡ ᠪᠠᠢᠷᠢ ᠰᠠᠭᠤᠷᠢ ᠲᠡᠭᠡᠷ᠎ᠡ ᠪᠠᠢᠭᠠᠳ ᠵᠢᠭᠡ ᠬᠡᠤᠬᠡᠳ᠎ᠤᠨ᠎ᠢᠶᠠᠨ ᠠᠵᠢᠯ᠎ᠤᠨ ᠶᠠᠪᠤᠳᠠᠯ᠎ᠢ ᠱᠢᠢᠳᠪᠦᠷᠢᠯᠡᠵᠤ ᠦᠭ᠌ᠬᠦ ᠦᠭᠡᠢ ᠱᠢᠤ》 ᠭᠡᠵᠤ ᠭᠤᠮᠤᠳᠠᠯ᠎ᠲᠠᠢ ᠶᠠᠷᠢᠬᠤ᠎ᠨᠢ ᠲᠦᠷᠦᠭ᠌ᠰᠡᠨ ᠬᠦᠷᠢ ᠲᠡᠭᠦᠤ᠎ᠨᠢ ᠭᠠᠪᠢᠶᠠᠳᠤ᠃ ᠰᠦᠬᠡ᠎ᠶ᠋ᠢ ᠠᠢᠮᠠᠭ᠎ᠤᠨ ᠲᠡᠳ᠋ ᠲᠠᠷᠤᠭ᠎ᠠ ᠪᠠᠢᠬᠤ ᠦᠶ᠎ᠡ᠎ᠳᠤ᠂ ᠲᠡᠭᠦᠨ᠎ᠤ ᠬᠤᠶᠠᠷ ᠬᠦᠤ᠎ᠨᠢ ᠶᠡᠭᠡ ᠰᠤᠷᠭᠠᠭᠤᠯᠢ ᠲᠡᠭᠦᠰᠴᠤ᠌ ᠢᠷᠡᠭᠡᠳ ᠤᠳᠤ ᠪᠤᠯᠳᠠᠯ᠎ᠠ ᠵᠢᠩᠬᠢᠨᠢ ᠠᠵᠢᠯ ᠦᠭᠡᠢ ᠪᠠᠢᠬ᠍ᠰᠠᠭᠠᠷ᠃
ᠰᠦᠬᠡ ᠠᠢᠮᠠᠭ᠎ᠤᠨ ᠲᠡᠳ᠋ ᠲᠠᠷᠤᠭ᠎ᠠ ᠪᠠᠢᠬᠤ ᠦᠶ᠎ᠡ᠎ᠳᠤ᠂ ᠤᠯᠤᠰ ᠲᠦᠷᠦ᠍ ᠬᠠᠤᠯᠢ ᠴᠠᠭᠠᠵᠠ᠎ᠶ᠋ᠢᠨ ᠰᠠᠯᠠᠭ᠎ᠠ ᠮᠦᠴᠢᠷ᠂ ᠵᠠᠮ ᠬᠠᠷᠢᠯᠴᠠᠭ᠎ᠠ᠎ᠶ᠋ᠢ ᠬᠤᠪᠢᠳᠠᠨ ᠬᠠᠮᠢᠶᠠᠷᠴᠤ᠌ ᠪᠠᠢᠪᠠ᠃ ᠡᠳᠡᠭᠡᠷ ᠰᠠᠯᠠᠭ᠎ᠠ ᠮᠦᠴᠢᠷ᠎ᠨᠢ ᠪᠦᠷ ᠯᠡ ᠡᠷᠬᠡ ᠵᠤᠭᠤᠰ᠎ᠲᠠᠢ ᠪᠤᠯᠬᠤᠷ᠂ ᠲᠡᠭᠦᠨ᠎ᠲᠠᠢ ᠶᠠᠭᠠᠬᠢᠵᠤ ᠬᠠᠷᠢᠴᠠᠭ᠎ᠠ ᠪᠠᠢᠭᠤᠯᠬᠤ ᠬᠡᠮᠡᠨ ᠭᠦᠶᠦᠭ᠌ᠰᠡᠨ ᠬᠦᠮᠦᠨ ᠤᠯᠠᠨ ᠃ ᠡᠵᠡᠨ᠎ᠡ᠎ᠠᠴᠠ ᠪᠠᠶᠠᠨᠬᠤᠳᠠ ᠬᠦᠷᠬᠦ᠌ ᠵᠠᠮ ᠵᠠᠰᠠᠬᠤ ᠠᠵᠢᠯ᠎ᠳᠤ ᠲᠠᠭᠠᠭᠠᠴᠢᠯᠠᠯᠳᠠ ᠵᠠᠷᠯᠠᠬᠤ ᠦᠶ᠎ᠡ᠎ᠳᠤ᠂ ᠨᠢᠭᠡ ᠬᠦᠮᠦᠨ ᠲᠠᠭᠠᠭᠠᠴᠢᠯᠠᠯᠳᠠ ᠤᠯᠬᠤ ᠭᠡᠵᠤ ᠰᠦᠬᠡ᠎ᠳᠤ ᠪᠦᠭᠡᠮ ᠵᠤᠭᠤᠰ ᠬᠦᠷᠭᠡᠵᠤ ᠤᠴᠢᠬ᠍ᠰᠠᠨᠳᠤ᠂ ᠰᠦᠬᠡ ᠲᠡᠷᠡ ᠬᠦᠮᠦᠨ᠎ᠢ ᠤᠷᠤᠬᠤ ᠭᠠᠵᠠᠷ ᠦᠭᠡᠢ ᠪᠤᠯᠳᠠᠯ᠎ᠠ ᠱᠢᠭᠦᠮᠵᠢᠯᠡᠵᠤ᠂ ᠤᠯᠠᠨ᠎ᠤ ᠬᠤᠷᠠᠯ ᠲᠡᠭᠡᠷ᠎ᠡ ᠡᠨᠡ ᠵᠢᠱ᠌ᠢᠶ᠎ᠡ᠎ᠪᠠᠷ ᠪᠤᠷᠤᠭᠤ ᠲᠠᠯ᠎ᠠ᠎ᠶ᠋ᠢᠨ ᠵᠢᠭᠠᠬᠤ ᠮᠠᠲ᠋ᠧᠷᠢᠶᠠᠯ ᠪᠤᠯᠭᠠᠨ ᠲᠤᠤᠷᠠᠬᠢ ᠬᠦᠮᠦᠰ᠎ᠢᠶᠠᠨ ᠴᠡᠭᠡᠷᠯᠡᠭᠦᠯᠵᠤ᠂ 《ᠬᠡᠨ ᠬᠦᠮᠦᠨ ᠬᠡᠷᠪᠡ ᠡᠷᠬᠡ ᠵᠤᠭᠤᠰ᠎ᠤᠨ ᠵᠤᠯᠢᠶ᠎ᠠ ᠬᠢᠪᠡᠯ ᠴᠢᠩᠭ᠎ᠠ ᠱᠢᠢᠳᠭᠡᠨ᠎ᠡ》 ᠭᠡᠵᠤ ᠴᠢᠩᠭ᠎ᠠ ᠶᠠᠷᠢᠵᠠᠢ᠃ ᠰᠦᠬᠡ᠎ᠶ᠋ᠢᠨ ᠵᠠᠷᠴᠢᠮ ᠪᠠᠷᠢᠮᠳᠠᠯᠠᠳᠠᠭ᠎ᠨᠢ ᠤᠳᠠᠯ ᠦᠭᠡᠢ ᠤᠯᠠᠨ᠎ᠠ ᠲᠠᠷᠬᠠᠵᠤ᠂ ᠡᠯᠳᠡᠪ᠎ᠤᠨ ᠪᠤᠳᠤᠯ᠎ᠲᠠᠢ ᠬᠦᠮᠦᠰ ᠲᠠᠬᠢᠨ ᠭᠡᠷ ᠵᠦᠭ᠎ᠲᠤ᠎ᠨᠢ ᠭᠦᠶᠦᠬᠦ᠌ ᠦᠭᠡᠢ ᠪᠤᠯᠵᠤ᠂ ᠪᠦᠰᠡᠭᠦᠢ ᠳ᠋ᠧᠯᠢᠭᠨᠢ ᠨᠢᠭᠡ ᠰᠠᠨᠠᠭ᠎ᠠ ᠠᠮᠦᠷᠠᠯᠠ ᠭᠡᠳᠡᠭ᠃
ᠰᠦᠬᠡ ᠪᠠᠷᠢᠭᠠᠳᠠ᠎ᠶ᠋ᠢᠨ ᠲᠠᠷᠤᠭ᠎ᠠ᠂ ᠭᠦᠡᠭ᠌ᠱᠧᠶ᠋ᠢᠨ ᠲᠠᠷᠤᠭ᠎ᠠ᠂ ᠬᠤᠱᠢᠭᠤᠨ ᠲᠠᠷᠤᠭ᠎ᠠ᠂ ᠠᠢᠮᠠᠭ᠎ᠤᠨ ᠲᠡᠰ᠎ᠤᠨ ᠲᠠᠷᠤᠭ᠎ᠠ ᠭᠡᠵᠤ ᠲᠡᠰ ᠲᠡᠰ᠎ᠢᠶᠠᠷ ᠦᠨᠳᠦᠰᠦᠨ ᠱᠠᠳᠤᠨ᠎ᠠᠴᠠ ᠭᠠᠷᠴᠤ᠌ ᠢᠷᠡᠭ᠌ᠰᠡᠨ ᠬᠦᠮᠦᠨ᠃ ᠭᠡᠪᠡᠴᠤ᠌ ᠲᠡᠷᠡ᠎ᠪᠠᠷ ᠬᠠᠮᠢᠭ᠎ᠠ ᠶᠠᠪᠤᠬ᠍ᠰᠠᠨ ᠴᠤ᠌᠂ ᠨᠠᠮ᠎ᠤᠨ ᠭᠡᠱᠢᠭᠦᠨ᠎ᠤ ᠤᠤᠷ ᠴᠢᠨᠠᠷ᠎ᠢ ᠪᠠᠷᠢᠮᠳᠠᠯᠠᠵᠤ᠂ ᠲᠡᠷᠢᠭᠦᠨ᠎ᠤ ᠵᠢᠱ᠌ᠢᠶᠡᠴᠢ ᠦᠢᠯᠡᠳᠦᠯ᠎ᠢᠶᠠᠨ ᠪᠠᠳᠠᠷᠠᠭᠤᠯᠬᠤ᠎ᠶ᠋ᠢ ᠡᠭᠦᠷᠢᠳᠡ᠎ᠶ᠋ᠢᠨ ᠬᠦᠰᠡᠯ ᠬᠦᠭᠡᠭᠡᠴᠡᠯᠳᠤᠯ ᠪᠤᠯᠭᠠᠵᠤ᠂ ᠲᠡᠷᠭᠡᠳᠡᠬᠢ ᠬᠦᠮᠦᠰ᠎ᠲᠡᠭᠡᠨ᠄ 《ᠡᠷᠬᠡ᠎ᠶ᠋ᠢ ᠨᠠᠮ ᠠᠷᠠᠳ ᠲᠦᠮᠡᠨ᠎ᠠᠴᠠ ᠮᠠᠨᠳᠤ ᠤᠯᠭᠤᠵᠠᠢ᠃ ᠡᠷᠬᠡ᠎ᠶ᠋ᠢ ᠵᠠᠪᠠᠯ ᠵᠦᠪ ᠠᠱᠢᠬ᠍ᠯᠠᠵᠤ᠂ ᠨᠡᠢᠭᠡᠮ ᠨᠡᠢᠳᠡ᠂ ᠤᠯᠠᠨ ᠲᠦᠮᠡᠨ᠎ᠳᠡᠭᠡᠨ ᠠᠱᠢᠬ᠍ᠳᠠᠢ ᠶᠠᠪᠤᠳᠠᠯ ᠬᠢᠬᠦ᠌ ᠬᠡᠷᠡᠭ᠌ᠳᠠᠢ》 ᠭᠡᠵᠤ ᠰᠤᠷᠭᠠᠨ ᠬᠦᠮᠦᠵᠢᠭᠦᠯᠳᠡᠭ ᠠᠵᠢ᠃
— ᠪᠦᠬᠦ᠌ ᠤᠯᠤᠰ᠎ᠤᠨ 《ᠴᠠᠭ ᠦᠶ᠎ᠡ᠎ᠶ᠋ᠢᠨ ᠬᠡᠪ ᠲᠠᠭᠤᠷᠢᠶᠠᠯ》 ᠠᠯᠠᠱᠠ ᠠᠢᠮᠠᠭ᠎ᠤᠨ
ᠤᠯᠤᠰ ᠲᠦᠷᠦ᠎ᠶ᠋ᠢᠨ ᠵᠦᠪᠯᠡᠯᠭᠡᠨ᠎ᠤ ᠤᠤᠯ᠎ᠤᠨ ᠲᠡᠷᠢᠭᠦᠯᠡᠭ᠌ᠴᠢ ᠰᠦᠬᠡ᠎ᠶ᠋ᠢ ᠲᠡᠮᠳᠡᠭ᠌ᠯᠡᠪᠡ
ᠰᠦᠬᠡ ᠭᠤᠸᠠᠢ᠎ᠶ᠋ᠢᠨ ᠨᠤᠭᠤᠭᠠᠨ 《ᠵᠡᠭᠦᠳᠦ》
ᠰᠦᠬᠡ 2004 ᠤᠨ᠎ᠳᠤ ᠨᠠᠰᠤᠨ᠎ᠤ ᠠᠮᠠᠷᠠᠯᠳᠠ᠎ᠪᠠᠨ ᠠᠪᠤᠯ᠎ᠠ ᠬᠡᠬᠦ᠌᠎ᠠᠴᠠ ᠪᠢᠰᠢ ᠦᠨᠡᠨ᠎ᠢ ᠬᠡᠯᠡᠪᠡᠯ ᠲᠡᠷᠡ ᠠᠯᠠᠱᠠ ᠠᠢᠮᠠᠭᠤ ᠤᠯᠤᠰ ᠲᠦᠷᠦ᠎ᠶ᠋ᠢᠨ ᠵᠦᠪᠯᠡᠯᠭᠡᠨ᠎ᠤ ᠲᠠᠷᠢᠭᠦᠯᠡᠭ᠌ᠴᠢᠪᠠᠷ ᠪᠠᠰᠠ ᠨᠢᠭᠡ 3 ᠵᠢᠯ ᠠᠵᠢᠯᠯᠠᠵᠤ ᠪᠤᠯᠬᠤ ᠪᠠᠢᠬ᠍ᠰᠠᠨ ᠶᠤᠮ᠃ ᠲᠡᠷᠡ ᠵᠢᠯ ᠶᠠᠭ ᠬᠤᠭᠤᠴᠠᠭ᠎ᠠ ᠰᠤᠯᠢᠬᠤ ᠰᠤᠩᠭᠤᠭᠤᠯᠢ ᠪᠤᠯᠬᠤ᠎ᠪᠠᠷ᠂ ᠰᠦᠬᠡ ᠵᠤᠬᠢᠶᠠᠨ ᠪᠠᠢᠭᠤᠯᠤᠯᠳᠠ᠎ᠳᠤ ᠡᠷᠡᠮᠡᠯᠵᠡᠯ ᠪᠢᠴᠢᠵᠤ᠂ ᠤᠷᠢᠳᠴᠢᠯᠠᠨ ᠠᠮᠠᠷᠠᠬᠤ᠎ᠪᠠᠷ ᠭᠤᠶᠤᠴᠢᠯᠠᠬ᠍ᠰᠠᠨ ᠪᠦᠭᠡᠳ ᠤᠴᠢᠷ ᠱᠢᠯᠳᠠᠭᠠᠨ᠎ᠢᠶᠠᠨ᠄ ᠬᠠᠷ᠎ᠠ ᠬᠤᠳᠠ᠎ᠶ᠋ᠢᠨ ᠬᠠᠪᠢ᠎ᠳᠤ ᠤᠴᠢᠵᠤ᠂ ᠵᠠᠭ ᠲᠠᠷᠢᠬᠤ ᠬᠡᠮᠡᠨ ᠲᠤᠳᠤᠷᠬᠠᠢ ᠲᠤᠷᠠᠳᠴᠠᠢ᠃
— ᠲᠢᠩᠬᠢᠮ᠎ᠤᠨ ᠲᠠᠰ᠎ᠤᠨ ᠺᠠᠳ᠋ᠷ ᠪᠤᠯᠤᠨ᠎ᠠ ᠭᠡᠳᠡᠭ ᠠᠮᠠᠷ ᠤᠤ᠂ 3 ᠵᠢᠯ᠎ᠢᠶᠠᠨ ᠲᠠᠭᠤᠰᠭᠠᠴᠢᠬᠠ!
— ᠦᠪᠡᠷ᠎ᠢᠶᠠᠨ ᠱᠢᠬᠢᠷ ᠱᠢᠵᠢᠩ ᠡᠪᠡᠳᠴᠢᠨ᠎ᠲᠠᠢ᠂ ᠬᠦᠭ᠌ᠰᠢᠨᠤ ᠴᠢᠨᠢ ᠨᠢᠷᠤᠭᠤ᠎ᠨᠢ ᠪᠠᠰᠠ ᠮᠠᠭᠤ᠂ ᠭᠡᠷ᠎ᠲᠡᠭᠡᠨ ᠬᠠᠷᠢᠭᠠᠳ ᠦᠷ᠎ᠡ ᠬᠡᠤᠬᠡᠳ᠎ᠤᠨ᠎ᠢᠶᠠᠨ ᠰᠠᠢᠨ᠎ᠢ᠎ᠨᠢ ᠦᠵᠡᠵᠤ᠂ ᠦᠳᠡᠯᠦᠭᠡ ᠨᠠᠰᠤᠨ᠎ᠤ᠎ᠪᠠᠨ ᠠᠵᠠ ᠵᠢᠷᠭᠠᠯ᠎ᠢ ᠡᠳ᠋ᠯᠡᠴᠢᠬᠡ!
ᠠᠵᠢᠯ᠎ᠤᠨ ᠬᠠᠨᠢᠳᠠᠳ᠂ ᠠᠬᠠᠨ ᠲᠡᠭᠦᠤᠰ᠎ᠨᠢ ᠢᠩᠭᠢᠵᠤ ᠢᠳᠭᠠᠨᠠ᠃
— ᠵᠠᠭ ᠲᠠᠷᠢᠨ᠎ᠠ ᠭᠡᠵᠤ ᠳ᠋ᠠ᠂ ᠴᠠᠭᠠᠨ ᠭᠤᠶᠤᠤ ᠲᠠᠷᠢᠭᠠᠳ ᠵᠤᠭᠤᠰ ᠤᠯᠤᠨ᠎ᠠ ᠭᠡᠵᠤ ᠪᠠᠢᠯᠭᠦᠢ?
— ᠬᠠᠷ᠎ᠠ ᠬᠤᠳᠠ᠎ᠳᠤ ᠶᠠᠫᠤᠨ ᠬᠦᠮᠦᠨ ᠲᠠᠷᠢᠭᠠᠳ ᠪᠠᠰᠠ ᠵᠦᠭ ᠭᠠᠷᠤᠬ᠍ᠰᠠᠨ ᠦᠭᠡᠢ ᠭᠡᠳᠡᠭ᠂ ᠠᠯᠪᠠᠨ ᠭᠡᠷ᠎ᠠᠴᠠ ᠭᠠᠷᠤᠬ᠍ᠰᠠᠨ ᠰᠦᠬᠡ ᠠᠷᠠᠢ ᠭᠤᠷᠢ ᠪᠠᠢᠨ᠎ᠠ ᠭᠡᠵᠤ ᠤᠤ ᠳ᠋ᠧ? ᠡᠨᠡ ᠲᠡᠷᠡ ᠬᠦᠮᠦᠰ ᠡᠯᠳᠡᠪ ᠬᠤᠶᠠᠷ᠎ᠢᠶᠠᠷ ᠲᠠᠭᠠᠪᠤᠷᠢᠯᠠᠨᠠ᠃
ᠰᠦᠬᠡ᠎ᠳᠤ ᠡᠢᠮᠦᠷᠬᠦ᠌ ᠡᠯᠳᠡᠪ ᠦᠭᠡ ᠶᠠᠷᠢᠶ᠎ᠠ᠎ᠶ᠋ᠢ ᠬᠠᠷᠢᠭᠤᠯᠬᠤ ᠴᠠᠭᠠᠳᠭᠠᠬᠤ ᠢᠯᠡᠭᠦᠴᠡ ᠴᠠᠬ ᠶᠡᠷᠦ᠍ ᠪᠠᠢᠭ᠎ᠠ ᠦᠭᠡᠢ᠂ ᠬᠠᠷᠢᠨ ᠬᠠᠷ᠎ᠠ ᠬᠤᠳᠠ᠎ᠶ᠋ᠢᠨ ᠠᠮᠢ ᠠᠬᠤᠢ᠎ᠶ᠋ᠢᠨ ᠠᠰᠠᠭᠤᠳᠠᠯ᠎ᠤᠨ ᠲᠤᠬᠠᠢ ᠡᠷᠳᠡ᠎ᠠᠴᠠ ᠪᠤᠳᠤᠯᠬᠢᠯᠠᠬ᠍ᠰᠠᠭᠠᠷ ᠢᠷᠡᠭ᠌ᠰᠡᠨ ᠪᠠᠢᠪᠠ᠃
ᠠᠯᠢ ᠡᠷᠳᠡ 1992 ᠤᠨ᠎ᠳᠤ᠂ ᠰᠦᠬᠡ ᠬᠦᠮᠦᠨ ᠲᠠᠭᠠᠭᠤᠯᠵᠤ ᠪᠠᠢᠴᠠᠭᠠᠯᠳᠠ ᠬᠢᠭᠡᠳ᠂ ᠬᠠᠷ᠎ᠠ ᠬᠤᠳᠠ᠎ᠶ᠋ᠢᠨ ᠤᠷᠴᠢᠮ ᠬᠤᠳᠳᠤᠭ ᠴᠤᠬᠢᠨ ᠮᠤᠳᠤ ᠲᠠᠷᠢᠵᠤ᠂ ᠪᠠᠳᠠᠢ᠎ᠶ᠋ᠢᠨ ᠵᠢᠷᠠᠨ᠎ᠤ ᠡᠯᠡᠰᠦ᠎ᠶ᠋ᠢ ᠬᠤᠷᠢᠬ᠍ᠯᠠᠬᠤ᠎ᠪᠠᠷ ᠪᠤᠳᠤᠯᠬᠢᠯᠠᠵᠤ ᠪᠠᠢᠯ᠎ᠠ᠃ ᠡᠭᠦᠨ᠎ᠳᠤ ᠵᠠᠷᠢᠮ ᠬᠦᠮᠦᠨ᠄ 《ᠬᠠᠷ᠎ᠠ ᠬᠤᠳᠠ᠎ᠶ᠋ᠢᠨ ᠤᠷᠴᠢᠮ᠎ᠤᠨ ᠤᠷᠴᠢᠨ ᠲᠤᠭᠤᠷᠢᠨ ᠬᠠᠳᠠᠭᠤ ᠪᠡᠷᠬᠡ᠂ ᠵᠦᠪ ᠵᠦᠭᠡᠷ ᠴᠠᠭ᠎ᠢᠶᠠᠨ ᠦᠷᠡᠵᠤ᠂ ᠬᠦᠴᠦ᠎ᠪᠠᠨ ᠪᠠᠷᠠᠨ᠎ᠠ ᠳ᠋ᠠ》 ᠭᠡᠵᠤ ᠬᠡᠯᠡᠭ᠌ᠰᠡᠨ᠎ᠳᠤ᠂ ᠰᠦᠬᠡ ᠡᠯᠡᠰᠦᠨ᠎ᠲᠤ ᠪᠤᠯᠠᠬ᠍ᠳᠠᠮᠠᠷ ᠪᠠᠢᠬ᠍ᠰᠠᠨ ᠬᠠᠷ᠎ᠠ ᠬᠤᠳᠠ᠎ᠶ᠋ᠢ ᠵᠢᠭᠠᠵᠤ᠄ 《ᠬᠠᠷ᠎ᠠ ᠬᠤᠳᠠ ᠤᠳᠠᠯ ᠦᠭᠡᠢ ᠡᠯᠡᠰᠦᠨ᠎ᠳᠤ ᠲᠠᠷᠤᠬ᠍ᠳᠠᠨᠠ᠂ ᠬᠠᠷ᠎ᠠ ᠬᠤᠳᠠ᠎ᠶ᠋ᠢᠨ ᠦᠨᠦᠳᠦᠷ ᠪᠤᠯ ᠡᠵᠡᠨ᠎ᠡ᠎ᠶ᠋ᠢᠨ ᠮᠠᠷᠭᠠᠰᠢ ᠶᠤᠮ᠂ ᠬᠠᠷ᠎ᠠ ᠬᠤᠳᠠ᠎ᠶ᠋ᠢ ᠮᠠᠨ᠎ᠤ ᠦᠶ᠎ᠡ᠎ᠳᠤ ᠪᠠᠯᠠᠷᠠᠭᠤᠯᠵᠤ ᠪᠤᠯᠬᠤ ᠦᠭᠡᠢ᠂ ᠲᠡᠭᠡᠪᠡᠯ ᠪᠢᠳᠡ ᠲᠡᠤᠬᠡ᠎ᠶ᠋ᠢᠨ ᠶᠠᠯᠠᠳᠤ ᠬᠦᠮᠦᠨ ᠪᠤᠯᠤᠨ᠎ᠠ》 ᠭᠡᠵᠤ ᠲᠦᠪ ᠴᠢᠩᠭ᠎ᠠ᠎ᠪᠠᠷ ᠶᠠᠷᠢᠵᠠᠢ᠃ 1993 ᠤᠨ᠎ᠳᠤ᠂ ᠰᠦᠬᠡ ᠠᠢᠮᠠᠬ᠎ᠤᠨ ᠱᠠᠳᠤᠨ᠎ᠳᠤ ᠠᠵᠢᠯ ᠱᠢᠯᠵᠢᠨ ᠶᠠᠪᠤᠬ᠍ᠰᠠᠨ᠎ᠢᠶᠠᠷ ᠲᠡᠭᠦᠨ᠎ᠤ ᠮᠤᠳᠤ ᠲᠠᠷᠢᠬᠤ ᠲᠦᠯᠦᠪᠯᠡᠭᠡ᠎ᠨᠢ ᠬᠤᠭᠤᠰᠤᠳᠠᠪᠠ᠃ ᠭᠡᠪᠡᠴᠤ᠌ ᠡᠨᠡ ᠶᠠᠪᠤᠳᠠᠯ ᠲᠡᠭᠦᠨ᠎ᠤ ᠡᠳᠦᠷ᠎ᠤᠨ ᠪᠤᠳᠤᠯ ᠰᠦᠨᠢ᠎ᠶ᠋ᠢᠨ ᠵᠡᠭᠦᠳᠤ ᠪᠤᠯᠵᠤ᠂ ᠤᠭᠤᠷᠠᠬ ᠲᠠᠷᠢᠬᠢᠨᠳᠤᠨᠢ ᠡᠷᠬᠢᠯᠳᠦᠭ᠌ᠰᠡᠭᠡᠷ ᠪᠠᠢᠵᠠᠢ᠃
2000 ᠤᠨᠲᠤ᠌᠂ ᠰᠦᠬᠡ ᠪᠡᠭᠡᠵᠢᠩ᠎ᠳᠤ ᠬᠤᠷᠠᠯ᠎ᠳᠤ ᠤᠷᠤᠯᠴᠠᠬᠤ᠎ᠲᠠᠭᠠᠨ᠂ ᠡᠩᠬᠡᠪᠡᠢ᠎ᠶ᠋ᠢᠨ ᠡᠯᠡᠰᠦᠨ᠎ᠳᠤ ᠤᠢ᠍ᠢᠵᠢᠭᠤᠯᠤᠯᠳᠠ ᠬᠢᠵᠤ ᠪᠠᠢᠬ᠍ᠰᠠᠨ ᠶᠠᠫᠤᠨ᠎ᠤ ᠡᠯᠡᠰᠦ᠎ᠶ᠋ᠢ ᠤᠢ᠍ᠢᠵᠢᠭᠤᠯᠬᠤ ᠨᠡᠢᠭᠡᠮᠯᠢᠭ᠎ᠤᠨ ᠲᠠᠷᠤᠭ᠎ᠠ ᠮᠤᠶᠠᠮᠠ ᠱᠢᠶᠤᠤᠶᠦ᠋ᠷᠢᠲᠠᠢ ᠲᠤᠰᠭᠠᠢᠯᠠᠨ ᠪᠠᠷᠠᠳᠠᠵᠤ᠂ ᠬᠠᠷ᠎ᠠ ᠬᠤᠳᠠ᠎ᠶ᠋ᠢᠨ ᠦᠨᠢ ᠤᠳᠠᠭᠠᠨ ᠲᠡᠤᠬᠡ ᠰᠤᠶᠤᠯ ᠵᠢᠴᠢ ᠤᠢ᠍ᠢᠷ᠎ᠠ ᠬᠠᠪᠢ᠎ᠶ᠋ᠢᠨ ᠡᠯᠡᠰᠦᠷᠬᠡᠭ᠌ᠵᠢᠯ᠎ᠠᠴᠠ ᠬᠠᠷ᠎ᠠ ᠬᠤᠳᠠ᠎ᠶ᠋ᠢᠨ ᠰᠤᠶᠤᠯ᠎ᠤᠨ ᠦᠯᠡᠳᠡᠭ᠌ᠳᠡᠯ᠎ᠢ ᠰᠦᠷᠳᠡᠭᠦᠯᠵᠤ ᠪᠠᠢᠬᠤ ᠪᠠᠢᠳᠠᠯ᠎ᠢ ᠨᠠᠷᠢᠨ ᠲᠠᠨᠢᠯᠴᠠᠭᠤᠯᠵᠤ᠂ ᠮᠤᠶᠠᠮᠠ ᠱᠢᠶᠤᠤᠶᠦ᠋ᠷᠢᠶ᠋ᠢ ᠡᠵᠡᠨ᠎ᠡ ᠬᠤᠱᠢᠭᠤᠨ᠎ᠳᠤ ᠬᠦᠷᠴᠤ᠌᠂ ᠪᠤᠳᠠᠳᠠᠢ ᠪᠠᠢᠴᠠᠭᠠᠯᠳᠠ ᠬᠢᠬᠦ᠌᠎ᠶ᠋ᠢ ᠬᠦᠰᠡᠵᠠᠢ᠃ ᠲᠡᠭᠦᠨ᠎ᠤ ᠤᠷᠢᠯᠭ᠎ᠠ᠎ᠪᠠᠷ᠂ 2001 ᠤᠨ ᠪᠠ 2002 ᠤᠨ᠎ᠳᠤ᠂ ᠶᠠᠫᠤᠨ᠎ᠤ ᠡᠯᠡᠰᠦ᠎ᠶ᠋ᠢ ᠵᠠᠰᠠᠨ ᠤᠢ᠍ᠢᠵᠢᠭᠤᠯᠬᠤ ᠨᠡᠢᠭᠡᠮᠯᠢᠭ᠎ᠤᠨ ᠲᠠᠷᠤᠭ᠎ᠠ ᠮᠤᠶᠠᠮᠠ ᠱᠢᠶᠤᠤᠶᠦ᠋ᠷᠢ ᠪᠦᠯᠬᠦᠮ ᠲᠠᠭᠠᠭᠤᠯᠵᠤ᠂ ᠡᠵᠡᠨ᠎ᠡ ᠬᠤᠱᠢᠭᠤᠨ᠎ᠤ ᠬᠠᠷ᠎ᠠ ᠬᠤᠳᠠ᠎ᠶ᠋ᠢᠨ ᠬᠠᠪᠢ᠎ᠳᠤ ᠤᠴᠢᠵᠤ᠂ ᠬᠤᠶᠠᠷ ᠤᠳᠠᠭ᠎ᠠ ᠨᠡᠢᠳᠡ 4000 ᠰᠠᠭᠤᠷᠢ ᠵᠠᠭ ᠲᠠᠷᠢᠯ᠎ᠠ᠃ ᠭᠡᠪᠡᠴᠤ᠌ ᠰᠠᠯᠬᠢ ᠲᠠᠩᠴᠤ᠌ ᠶᠡᠭᠡ᠎ᠶ᠋ᠢᠨ ᠲᠡᠭᠡᠷ᠎ᠡ ᠠᠷᠠᠴᠢᠯᠠᠭ᠎ᠠ ᠲᠤᠳᠤᠮᠳᠤᠯᠭ᠎ᠠ᠎ᠨᠢ ᠠᠨᠠᠢ ᠵᠡᠷᠭᠡ᠎ᠠᠴᠠ ᠪᠤᠯᠵᠤ ᠪᠠᠷᠤᠭ ᠪᠦᠷ ᠦᠬᠦᠵᠤ ᠲᠠᠭᠤᠰᠴᠠᠢ᠃ 3 ᠳ᠋ᠤᠭᠠᠷ ᠵᠢᠯ᠎ᠠᠴᠠ᠎ᠨᠢ ᠲᠠᠳᠠ ᠡᠷᠬᠢᠵᠤ ᠢᠷᠡᠭᠡ ᠦᠭᠡᠢ᠂ ᠱᠢᠯᠳᠠᠭᠠᠨ᠎ᠨᠢ ᠤᠷᠴᠢᠨ ᠲᠤᠭᠤᠷᠢᠨ᠎ᠤ ᠪᠠᠢᠳᠠᠯ ᠬᠡᠳᠦ ᠬᠠᠳᠠᠭᠤ ᠪᠡᠷᠬᠡ᠃
ᠵᠠᠭ ᠲᠠᠷᠢᠭᠠᠳ ᠬᠠᠷᠠᠵᠤ ᠠᠷᠠᠴᠢᠯᠠᠬᠤ ᠬᠦᠮᠦᠨ ᠦᠭᠡᠢ ᠪᠤᠯ ᠪᠤᠯᠬᠤ ᠦᠭᠡᠢ᠂ ᠭᠡᠪᠡᠴᠤ᠌ ᠡᠳᠦᠷ᠎ᠤᠨ ᠮᠠᠷᠭᠠᠰᠢ ᠡᠯᠡᠰᠦ ᠭᠤᠶᠠᠳᠠᠯᠠᠬ᠍ᠰᠠᠨ ᠡᠨᠡ ᠶᠡᠭᠡ ᠡᠯᠡᠰᠦᠨ ᠴᠦᠯ᠎ᠳᠤ ᠬᠡᠨ ᠢᠷᠡᠵᠤ ᠬᠠᠷᠠᠵᠤ ᠰᠠᠭᠤᠨ᠎ᠠ⁈ ᠡᠨᠡ ᠠᠰᠠᠭᠤᠳᠠᠯ᠎ᠢ ᠰᠦᠬᠡ ᠰᠠᠨᠠᠨ ᠰᠠᠨᠠᠨ ᠪᠤᠳᠤᠯᠬᠢᠯᠠᠵᠤ ᠪᠠᠢᠯ ᠠ᠃
ᠲᠤᠮᠳᠠᠳᠤ ᠤᠯᠤᠰ᠎ᠤᠨ ᠡᠯᠡᠰᠦ ᠮᠠᠩᠬᠠᠨ᠎ᠳᠤ ᠨᠢᠭᠡᠨᠳᠡ 300 ᠲᠦᠮᠡᠨ ᠰᠠᠭᠤᠷᠢ ᠮᠤᠳᠤ ᠲᠠᠷᠢᠵᠤ ᠡᠳᠡᠭᠡᠷᠡᠭᠦᠯᠦᠭ᠌ᠰᠡᠨ ᠶᠠᠫᠤᠨ᠎ᠤ ᠠᠯᠳᠠᠷᠳᠤ ᠤᠢ ᠱᠢᠭᠤᠢ᠎ᠶ᠋ᠢᠨ ᠡᠷᠳᠡᠮᠳᠡᠨ᠂ 《ᠡᠯᠡᠰᠦᠨ ᠮᠠᠩᠬ᠎ᠠ᠎ᠶ᠋ᠢᠨ ᠲᠠᠷᠤᠯᠭ᠎ᠠ》 ᠭᠡᠮᠡᠭ᠌ᠳᠡᠰᠡᠨ ᠮᠤᠶᠠᠮᠠ ᠱᠢᠶᠤᠤᠶᠦ᠋ᠷᠢ ᠬᠦᠷᠳᠡᠯ᠎ᠡ ᠬᠤᠢᠰᠢ ᠤᠬᠤᠷᠢᠬ᠍ᠰᠠᠨᠨᠢ ᠰᠦᠬᠡ᠎ᠳᠤ ᠠᠪᠴᠤ᠌ ᠬᠡᠯᠡᠪᠡᠯ ᠨᠢᠴᠤᠭᠠᠬ᠍ᠰᠠᠨᠠᠴᠠ ᠲᠤᠤᠷ᠎ᠠ ᠦᠭᠡᠢ ᠶᠡᠭᠡ ᠴᠤᠬᠢᠯᠳᠠ ᠪᠤᠯᠤᠬ᠍ᠰᠠᠨ᠎ᠨᠢ ᠲᠠᠮᠵᠢᠬ ᠦᠭᠡᠢ᠃
ᠲᠡᠷᠡ ᠬᠦᠭᠡᠷᠦᠭᠦᠢ ᠪᠤᠭᠤᠷᠤᠯ ᠡᠵᠢ᠎ᠳᠡᠭᠡᠨ ᠲᠠᠯᠪᠢᠬ᠍ᠰᠠᠨ 《ᠠᠯᠢ ᠨᠢᠭᠡ ᠡᠳᠦᠷ ᠪᠢ ᠬᠠᠷ᠎ᠠ ᠬᠤᠳᠠ᠎ᠠᠴᠠ ᠵᠠᠭ ᠬᠠᠳᠤᠬ᠍ᠰᠠᠨ ᠦᠷᠢ ᠲᠦᠯᠦᠭᠡᠰᠦᠪᠠᠨ ᠲᠦᠯᠦᠨ᠎ᠡ》 ᠭᠡᠰᠡᠨ ᠠᠮᠠᠯᠠᠯᠳᠠ᠎ᠪᠠᠨ ᠪᠤᠳᠤᠬᠤ᠎ᠳᠤ᠂ ᠨᠢᠳᠦᠨ᠎ᠳᠤ ᠦᠵᠡᠭ᠌ᠳᠡᠬᠦ᠌ ᠦᠭᠡᠢ ᠲᠠᠯᠳᠠ᠎ᠶ᠋ᠢᠨ ᠶᠢᠷᠳᠢᠨᠴᠤ᠎ᠠᠴᠠ ᠡᠵᠢ᠎ᠨᠢ ᠬᠠᠷᠠᠵᠤ ᠪᠠᠢᠬᠤ ᠱᠢᠭ ᠪᠤᠳᠤᠬ᠍ᠳᠠᠨᠠ; ᠬᠠᠷᠬᠠᠨ ᠪᠠᠭ᠎ᠠ ᠨᠠᠰᠤᠨ᠎ᠳᠠᠭᠠᠨ ᠤᠰᠤᠨ᠎ᠳᠤᠨᠢ ᠤᠮᠪᠠᠭ᠍ᠰᠠᠨ ᠡᠵᠡᠨ᠎ᠡ ᠭᠤᠤᠯ᠂ ᠨᠦᠮᠦᠷᠢ᠎ᠳᠤᠨᠢ ᠰᠡᠷᠢᠭᠦᠴᠡᠭ᠌ᠰᠡᠨ ᠤᠯᠠᠭᠠᠨ ᠰᠤᠬᠠᠢ᠂ ᠦᠡᠭ᠌ᠬᠦᠷᠢᠵᠤ ᠨᠠᠭᠠᠳᠤᠬ᠍ᠰᠠᠨ ᠡᠯᠡᠰᠦ ᠲᠤᠯᠤᠭᠠᠳ᠂ ᠡᠩᠬᠦᠷᠡᠢᠯᠡᠵᠤ ᠲᠡᠮᠵᠢᠭ᠌ᠰᠡᠨ ᠡᠵᠡᠨ᠎ᠡ᠎ᠶ᠋ᠢᠨ ᠠᠷᠠᠳ ᠲᠦᠮᠡᠨ ᠲᠠᠯᠠᠯᠵᠤ ᠪᠠᠢᠬᠤ ᠱᠢᠭ ᠪᠤᠳᠤᠬ᠍ᠳᠠᠨᠠ; ᠡᠯᠡᠰᠦᠨ᠎ᠳᠤ ᠲᠠᠷᠤᠬ᠍ᠳᠠᠵᠤ᠂ ᠲᠡᠤᠬᠡᠨ᠎ᠳᠤ ᠪᠠᠯᠠᠷᠠᠮᠠᠷ ᠪᠠᠢᠭ᠎ᠠ ᠬᠠᠷ᠎ᠠ ᠬᠤᠳᠠ᠎ᠶ᠋ᠢᠨ ᠨᠤᠷᠠᠩᠬᠠᠢ ᠪᠠᠭᠤᠷᠢ ᠲᠡᠭᠦᠨ᠎ᠳᠤ ᠶᠠᠭᠤ ᠨᠢᠭᠡ᠎ᠶ᠋ᠢ ᠱᠢᠪᠡᠨᠡᠵᠤ ᠪᠠᠢᠮᠠᠷ ᠰᠠᠨᠠᠬ᠍ᠳᠠᠨᠠ᠃ ᠲᠡᠷᠡ ᠡᠨᠡ ᠠᠰᠠᠭᠤᠳᠠᠯ᠎ᠢ ᠬᠡᠳᠦᠨ ᠡᠳᠦᠷ ᠪᠤᠳᠤᠯᠬᠢᠯᠠᠵᠤ᠂ ᠡᠷᠡᠭᠡᠯᠵᠡᠯ᠂ ᠲᠦᠪᠡᠭ᠌ᠳᠡᠯᠤᠨ ᠲᠤᠮᠳᠠ ᠨᠦᠢᠷ ᠬᠤᠭᠤᠯᠠ ᠦᠭᠡᠢ ᠪᠤᠯᠵᠠᠢ᠃
ᠭᠡᠪᠡᠴᠤ᠌ ᠡᠷ᠎ᠡ ᠬᠦᠮᠦᠨ ᠬᠡᠯᠡᠭ᠌ᠰᠡᠨ᠎ᠳᠡᠭᠡᠨ᠂ ᠡᠮᠡᠭᠡᠯᠳᠦ ᠮᠤᠷᠢ ᠬᠠᠷᠠᠢᠬ᠍ᠰᠠᠨᠳᠠᠭᠠᠨ ᠭᠡᠵᠤ ᠵᠠᠭᠤᠳᠠᠯ ᠠᠯᠳᠠᠳᠠᠬ ᠦᠭᠡᠢ ᠠᠵᠢᠯ᠎ᠤᠨ ᠰᠤᠷᠳᠠᠯ ᠪᠤᠯ ᠰᠦᠬᠡ᠎ᠶ᠋ᠢᠨ ᠰᠤᠷᠤᠬ᠍ᠰᠠᠨ ᠵᠠᠩ᠂ ᠪᠠᠷᠢᠬ᠍ᠰᠠᠨ ᠵᠠᠮ᠃ ᠲᠡᠷᠡ ᠨᠡᠢᠭᠡᠮ ᠲᠡᠭᠡᠷᠡᠬᠢ ᠡᠯᠳᠡᠪ ᠶᠠᠷᠢᠶ᠎ᠠ ᠬᠡᠯᠡᠯᠴᠡᠭᠡ᠎ᠶ᠋ᠢ ᠶᠡᠷᠦ᠎ᠨᠢ ᠶᠠᠭᠤᠮᠠᠨ᠎ᠳᠤ ᠪᠤᠳᠤᠬ᠍ᠰᠠᠨ ᠦᠭᠡᠢ᠂ ᠬᠠᠷᠢᠨ 40 ᠭᠠᠷᠤᠢ ᠵᠢᠯ ᠤᠳᠤᠷᠢᠳᠤᠯᠭ᠎ᠠ᠎ᠶ᠋ᠢᠨ ᠠᠵᠢᠯ᠎ᠤᠨ ᠪᠠᠢᠷᠢ᠎ᠳᠤ ᠭᠡᠷ ᠡᠷᠦᠬᠡ᠎ᠪᠠᠨ ᠬᠠᠮᠢᠶᠠᠷᠬᠤ ᠵᠠᠪ ᠦᠭᠡᠢ ᠶᠠᠭᠠᠷᠠᠵᠤ ᠶᠠᠪᠤᠬᠤ᠎ᠳᠤ ᠠᠷᠤ ᠭᠡᠷ᠎ᠲᠡᠭᠡᠨ ᠠᠢᠯ᠎ᠤᠨ ᠬᠦᠮᠦᠨ ᠱᠢᠭ ᠯᠡ ᠤᠷᠬᠢᠵᠤ ᠶᠠᠪᠤᠬ᠍ᠰᠠᠨ ᠬᠦᠭᠡᠷᠦᠬᠦᠢ ᠬᠦᠭ᠌ᠰᠢᠨ᠎ᠢᠶᠠᠨ ᠪᠤᠳᠤᠬᠤ ᠪᠦᠷᠢ᠂ ᠠᠪᠤ ᠡᠵᠢ᠎ᠠᠴᠠ᠎ᠨᠢ ᠠᠪᠤᠭᠠᠳ ᠠᠩᠭ᠎ᠠ ᠨᠢᠯᠬ᠎ᠠ᠎ᠪᠠᠨ ᠬᠦᠷᠳᠡᠯ᠎ᠡ ᠠᠯᠳᠠᠯ ᠤᠰᠤᠯ ᠦᠭᠡᠢ ᠠᠰᠠᠷᠠᠵᠤ ᠲᠡᠳᠭᠦᠭ᠌ᠰᠡᠨ ᠲᠡᠷᠡ ᠶᠡᠭᠡ ᠠᠴᠢᠯᠠᠯ ᠬᠠᠢᠷ᠎ᠠ᠎ᠶ᠋ᠢ᠎ᠨᠢ ᠪᠤᠳᠤᠬᠤ ᠪᠦᠷᠢ᠂ ᠪᠢ ᠴᠢᠨᠢ ᠡᠨᠡ ᠤᠳᠠᠭ᠎ᠠ ᠮᠠᠭᠤ ᠰᠠᠮᠠᠭᠠᠨ᠎ᠳᠡᠭᠡᠨ ᠶᠠᠭᠤ ᠭᠡᠵᠤ ᠬᠡᠯᠡᠯᠳᠠᠢ ᠪᠢᠯᠡ ᠬᠡᠵᠤ ᠰᠡᠳᠭᠢᠯ᠎ᠤᠨ ᠲᠠᠷᠴᠢᠯᠭᠠᠯ᠎ᠳᠤ ᠤᠨᠠᠨ᠎ᠠ᠃
ᠵᠤᠷᠢᠬ᠍ᠰᠠᠨ ᠭᠦᠰᠡᠯ᠎ᠢᠶᠠᠨ ᠤᠷᠬᠢᠵᠤ ᠴᠢᠳᠠᠬᠤ ᠦᠭᠡᠢ᠎ᠠᠴᠠ ᠯᠡ ᠬᠤᠢᠨ᠎ᠠ ᠭᠡᠵᠤ ᠨᠢᠭᠡᠨ ᠡᠳᠦᠷ ᠬᠠᠷ᠎ᠠ ᠬᠤᠳᠠ᠎ᠳᠤ ᠤᠴᠢᠵᠤ ᠵᠠᠭ ᠲᠠᠷᠢᠬᠤ ᠪᠤᠳᠤᠯ᠎ᠢᠶᠠᠨ ᠬᠦᠭ᠌ᠰᠢᠨ᠎ᠳᠡᠭᠡᠨ ᠱᠢᠭᠤᠳ ᠴᠤᠬᠤᠢ᠍ᠢᠯᠭᠠᠪᠠ᠃
ᠰᠠᠮᠠᠭᠠᠨ᠎ᠨᠢ ᠤᠳᠠᠳᠠᠯ᠎ᠠ ᠲᠤᠤᠭᠠᠷᠤᠬ᠍ᠰᠠᠨ ᠦᠭᠡᠢ᠃ ᠡᠨᠡ ᠪᠤᠯ ᠡᠪᠦᠭᠡᠨ᠎ᠤ ᠬᠢᠨᠢ ᠬᠡᠳᠦᠨ ᠠᠷᠪᠠᠨ ᠵᠢᠯ᠎ᠤᠨ ᠬᠦᠰᠡᠯ ᠵᠡᠭᠦᠳᠦ ᠭᠡᠳᠡᠭ᠎ᠢ ᠲᠡᠷᠡ ᠠᠨᠳᠠᠬᠤ ᠦᠭᠡᠢ ᠤᠢᠯᠠᠭᠠᠨ᠎ᠠ᠃ ᠭᠡᠶ᠎ᠡ ᠬᠠᠷ᠎ᠠ ᠬᠤᠳᠠ᠎ᠶ᠋ᠢᠨ ᠤᠷᠴᠢᠨ ᠲᠤᠭᠤᠷᠢᠨ᠎ᠨᠢ ᠬᠡᠳᠦᠷᠡᠬᠡᠢ ᠬᠠᠳᠠᠭᠤ ᠪᠡᠷᠬᠡ᠂ ᠦᠪᠡᠷᠳᠡᠭᠡᠨ ᠪᠠᠰᠠ ᠱᠢᠬᠢᠷ ᠱᠢᠵᠢᠩ ᠡᠪᠡᠳᠴᠢᠨ᠎ᠲᠠᠢ᠂ ᠪᠡᠶ᠎ᠡ ᠴᠢᠨᠢ ᠶᠠᠭᠠᠬᠢᠵᠤ ᠲᠠᠭᠠᠭᠠᠬᠤ ᠪᠤᠢ?
ᠬᠦᠭ᠌ᠰᠢᠨᠤᠪᠠᠨ ᠪᠤᠳᠤᠯ ᠰᠡᠳᠭᠢᠯ᠎ᠢ ᠮᠡᠳᠡᠭ᠌ᠰᠡᠨ ᠰᠦᠬᠡ᠄ 《ᠡᠨᠡ ᠪᠤᠯ ᠮᠢᠨᠤ ᠡᠨᠡ ᠨᠠᠰᠤᠨ᠎ᠤ ᠬᠠᠮᠤᠭ᠎ᠤᠨ ᠶᠡᠭᠡ ᠬᠦᠰᠡᠯ᠂ ᠪᠡᠶᠡᠯᠡᠬᠦᠯᠬᠦ᠌ ᠦᠭᠡᠢ ᠪᠤᠯ ᠬᠡᠵᠢᠶᠡᠳᠡ ᠰᠡᠳᠭᠢᠯ ᠲᠦᠪᠳᠡᠬᠦ᠌ ᠦᠭᠡᠢ ᠱᠢᠤ》 ᠭᠡᠬᠦ᠌᠎ᠪᠠᠷ᠂ ᠡᠪᠦᠭᠡᠨ᠎ᠢᠶᠠᠨ ᠤᠢ᠍ᠢᠯᠠᠭᠠᠳᠠᠭ ᠬᠦᠭ᠌ᠰᠢᠨ᠎ᠨᠢ 《ᠲᠡᠭᠡᠪᠡᠯ ᠪᠢ ᠴᠢᠮ᠎ᠠ᠎ᠲᠠᠢ ᠬᠠᠮᠳᠤ ᠶᠠᠪᠤᠶ᠎ᠠ᠂ ᠶᠠᠳᠠᠬᠤ᠎ᠳᠤ ᠤᠰᠤ ᠴᠠᠢ᠎ᠶ᠋ᠢ ᠴᠢᠨᠢ ᠤᠢ᠍ᠢᠷᠠᠳᠤᠭᠤᠯᠵᠤ᠂ ᠤᠷᠤᠵᠤ ᠭᠠᠷᠬᠤ᠎ᠳᠤ ᠴᠢᠨᠢ ᠬᠠᠨᠢ ᠪᠤᠯᠬᠤ ᠦᠭᠡᠢ ᠤᠤ》 ᠭᠡᠪᠡ᠃ ᠲᠡᠭᠡᠬᠦ᠌᠎ᠳᠤ ᠰᠦᠬᠡ ᠡᠨᠡ ᠨᠠᠰᠤᠨ᠎ᠳᠠᠭᠠᠨ ᠤᠯᠵᠤ ᠦᠵᠡᠭᠡ ᠦᠭᠡᠢ ᠶᠡᠭᠡ ᠱᠠᠩᠨᠠᠯ᠎ᠳᠤ ᠤᠨᠤᠬ᠍ᠳᠠᠬ᠍ᠰᠠᠨ ᠭᠡᠮᠡᠷ ᠬᠡᠤᠬᠡᠳ ᠱᠢᠭ ᠨᠢᠭᠡ ᠬᠦᠭ᠌ᠰᠡᠭ᠌ᠰᠡᠨ ᠶᠤᠮ ᠬᠡᠨ᠎ᠡ᠃
— ᠪᠦᠬᠦ᠌ ᠤᠯᠤᠰ᠎ᠤᠨ 《ᠴᠠᠭ ᠦᠶ᠎ᠡ᠎ᠶ᠋ᠢᠨ ᠬᠡᠪ ᠲᠠᠭᠤᠷᠢᠶᠠᠯ》 ᠠᠯᠠᠱᠠ ᠠᠢᠮᠠᠭ᠎ᠤᠨ
ᠤᠯᠤᠰ ᠲᠦᠷᠦ᠎ᠶ᠋ᠢᠨ ᠵᠦᠪᠯᠡᠯᠭᠡᠨ᠎ᠤ ᠤᠤᠯ᠎ᠤᠨ ᠲᠡᠷᠢᠭᠦᠯᠡᠭ᠌ᠴᠢ ᠰᠦᠬᠡ᠎ᠶ᠋ᠢ ᠲᠡᠮᠳᠡᠭ᠌ᠯᠡᠪᠡ
《ᠴᠠᠭ ᠦᠶ᠎ᠡ᠎ᠶ᠋ᠢᠨ ᠬᠡᠪ ᠲᠠᠭᠤᠷᠢᠶᠠᠯ》 — ᠰᠦᠬᠡ
2014 ᠤᠨ᠎ᠤ 4 ᠰᠠᠷ᠎ᠠ᠎ᠶ᠋ᠢᠨ 28 ᠤ ᠡᠳᠦᠷ᠂ ᠲᠦᠪ ᠲᠧᠯᠸᠢᠰ᠎ᠤᠨ 《ᠴᠠᠭ ᠦᠶ᠎ᠡ᠎ᠶ᠋ᠢᠨ ᠬᠡᠪ ᠲᠠᠭᠤᠷᠢᠶᠠᠯ》 ᠢ ᠨᠡᠢᠳᠡᠯᠡᠬᠦ᠌ ᠠᠬᠤᠢ ᠲᠠᠯᠠᠪᠠᠢ ᠲᠦᠪ ᠶᠡᠬᠡᠮᠰᠦᠭ ᠮᠦᠷᠳᠡᠭᠡᠨ ᠬᠠᠯᠠᠭᠤᠨ ᠲᠤᠯᠠᠭᠠᠨ ᠠᠭᠤᠷ ᠠᠮᠢᠰᠭᠤᠯ ᠪᠢᠯᠬᠠᠮ᠎ᠠ᠃ ᠲᠤᠮᠤ ᠲᠧᠯᠸᠢᠰ ᠬᠦᠱᠢᠭᠡᠨ ᠲᠡᠭᠡᠷ᠎ᠡ ᠨᠡᠢᠭᠡᠮ ᠵᠢᠷᠤᠮ᠎ᠤᠨ ᠭᠤᠤᠯᠯᠠᠭ᠍ᠴᠢ ᠦᠷᠳᠡᠭ᠎ᠤᠨ ᠦᠵᠡᠯᠳᠡ᠎ᠶ᠋ᠢᠨ 《ᠤᠯᠤᠰ᠎ᠢᠶᠠᠨ ᠬᠠᠢᠷᠠᠯᠠᠬᠤ᠂ ᠦᠢᠯᠡᠰ᠎ᠢᠶᠠᠨ ᠲᠡᠭᠡᠳᠦᠯᠡᠬᠦ᠂ ᠦᠨᠡᠨᠴᠢ ᠢᠳᠡᠭᠡᠮᠵᠢᠳᠠᠢ᠂ ᠡᠪ ᠨᠠᠢᠷᠰᠠᠭ》 ᠭᠡᠳᠡᠭ ᠬᠡᠳᠦᠨ ᠦᠰᠦᠭ ᠪᠢᠴᠢᠭᠡᠰᠦᠳᠠᠢ ᠮᠦᠷᠳᠡᠭᠡᠨ ᠠᠭᠤᠤ ᠶᠡᠭᠡ ᠵᠤᠷᠢᠭ ᠰᠠᠨᠠᠭ᠎ᠠ᠎ᠪᠠᠷ᠎ᠢᠶᠠᠨ ᠨᠢᠭᠡ ᠨᠢᠭᠡ ᠦᠶ᠎ᠡ᠎ᠶ᠋ᠢ ᠨᠦᠯᠦᠭᠡᠯᠡᠭ᠌ᠰᠡᠨ ᠯᠸᠢ ᠹᠧᠩ᠂ ᠵᠢᠶᠤᠤ ᠢᠤᠢ ᠯᠦ᠍᠂ ᠺᠦᠩ ᠹᠠᠨ ᠰᠧᠨ ᠨᠠᠷ᠎ᠤᠨ ᠭᠡᠷᠡᠯ ᠵᠢᠷᠤᠭ ᠰᠤᠯᠢᠬ᠍ᠳᠠᠨ ᠢᠯᠡᠷᠡᠵᠤ ᠯᠡ ᠪᠠᠢᠯ᠎ᠠ᠃
ᠲᠦᠪ ᠲᠧᠯᠸᠢᠰ᠎ᠤᠨ ᠠᠯᠳᠠᠷᠳᠤ ᠬᠦᠳᠦᠯᠦᠭ᠌ᠴᠢ ᠵᠢᠩ ᠢ ᠳ᠋ᠠᠨ᠎ᠠᠴᠠ 《ᠦᠨᠦᠳᠦᠷ ᠪᠢᠳᠡ 〈ᠴᠠᠭ ᠦᠶ᠎ᠡ᠎ᠶ᠋ᠢᠨ ᠬᠡᠪ ᠲᠠᠭᠤᠷᠢᠶᠠᠯ〉 ᠢ ᠨᠡᠢᠳᠡᠯᠡᠬᠦ᠌᠎ᠪᠠᠷ ᠪᠠᠢᠨ᠎ᠠ᠂ ᠡᠨᠡ ᠬᠦᠮᠦᠨ ᠪᠤᠯ ᠵᠢᠩᠬᠢᠨᠢ ᠲᠢᠩᠬᠢᠮ᠎ᠤᠨ ᠲᠡᠰ᠎ᠤᠨ ᠠᠵᠢᠯ᠎ᠤᠨ ᠪᠠᠢᠷᠢ᠎ᠠᠴᠠ᠎ᠪᠠᠨ ᠠᠵᠢᠯ᠎ᠠᠴᠠ᠎ᠪᠠᠨ ᠠᠮᠠᠷᠠᠬ᠍ᠰᠠᠨ ᠬᠦᠮᠦᠨ᠂ ᠭᠡᠪᠡᠴᠤ᠌ ᠲᠡᠷᠡ ᠠᠷᠤ ᠭᠡᠷ᠎ᠲᠡᠭᠡᠨ ᠰᠠᠭᠤᠵᠤ ᠠᠮᠤᠷ ᠵᠢᠷᠭᠠᠯ ᠡᠳ᠋ᠯᠡᠭᠡ ᠦᠭᠡᠢ᠂ ᠬᠠᠷᠢᠨ ᠡᠵᠡᠭᠦᠢ ᠡᠯᠡᠰᠦᠨ᠎ᠳᠤ ᠤᠴᠢᠵᠤ᠂ ᠠᠷᠪᠠᠨ ᠵᠢᠯ ᠵᠠᠭ ᠲᠠᠷᠢᠭᠠᠳ᠂ 3500 ᠮᠦ᠍ ᠤᠢ᠍ᠢᠵᠢᠭᠤᠯᠵᠤ᠂ 9 ᠲᠦᠮᠡ ᠭᠠᠷᠤᠢ ᠰᠠᠭᠤᠷᠢ ᠵᠠᠭ ᠲᠠᠷᠢᠭᠠᠳ᠂ ᠬᠠᠷ᠎ᠠ ᠬᠤᠳᠠ᠎ᠶ᠋ᠢᠨ ᠨᠤᠭᠤᠭᠠᠨ ᠬᠠᠯᠬᠠᠪᠴᠢ᠎ᠶ᠋ᠢ ᠪᠠᠢᠭᠤᠯᠵᠠᠢ᠂ ᠲᠡᠭᠦᠨ᠎ᠢ ᠰᠦᠬᠡ ᠭᠡᠳᠡᠭ᠂ ᠠᠯᠠᠱᠠ ᠠᠢᠮᠠᠬ᠎ᠤᠨ ᠤᠯᠤᠰ ᠲᠦᠷᠦ᠎ᠶ᠋ᠢᠨ ᠵᠦᠪᠯᠡᠯᠭᠡᠨ᠎ᠤ ᠤᠤᠯ᠎ᠤᠨ ᠲᠡᠷᠢᠭᠦᠯᠡᠭ᠌ᠴᠢ》 ᠭᠡᠬᠦ᠌᠎ᠪᠠᠷ ᠠᠬᠤᠢ ᠲᠠᠯᠠᠪᠠᠢ ᠨᠠᠮ ᠵᠢᠮ ᠪᠤᠯᠵᠤ᠂ ᠤᠯᠠᠨ᠎ᠤ ᠠᠩᠬᠠᠷᠤᠯ ᠲᠤᠮᠤ ᠬᠦᠱᠢᠭᠡ ᠲᠠᠭᠡᠷ᠎ᠡ ᠲᠦᠪᠯᠡᠷᠡᠪᠡ ᠁
ᠬᠦᠱᠢᠭᠡᠨ ᠲᠡᠭᠡᠷ᠎ᠡ ᠬᠦᠳᠡᠷᠯᠢᠭ ᠪᠡᠶ᠎ᠠ᠂ ᠬᠦᠷᠦᠰᠦᠯᠢᠭ ᠴᠢᠷᠠᠢ᠂ ᠡᠪᠡᠷᠱᠢᠭ᠌ᠰᠡᠨ ᠭᠠᠷ᠂ ᠪᠤᠭᠤᠷᠤᠯᠳᠤᠬ᠍ᠰᠠᠨ ᠭᠡᠵᠢᠭᠡ᠂ ᠦᠡᠭ᠌ᠭᠡ᠎ᠪᠠᠨ ᠠᠯᠳᠠᠬ᠍ᠰᠠᠨ ᠬᠠᠭᠤᠴᠢᠨ ᠬᠤᠪᠴᠠᠰᠤ᠎ᠲᠠᠢ ᠬᠦᠷᠵᠡ ᠡᠭᠦᠷᠦᠭ᠌ᠰᠡᠨ ᠡᠪᠦᠭᠡᠨ ᠢᠯᠡᠷᠡᠯ᠎ᠡ᠃ ᠲᠡᠭᠦᠨ᠎ᠤ ᠠᠷᠤ᠎ᠳᠤ ᠦᠨᠦᠴᠢᠷᠡᠵᠤ ᠡᠵᠡᠭᠦ᠋ᠢᠷᠡᠭ᠌ᠰᠡᠨ ᠬᠠᠷ᠎ᠠ ᠬᠤᠳᠠ᠎ᠶ᠋ᠢᠨ ᠪᠠᠭᠤᠷᠢ᠂ ᠬᠤᠢᠯᠠᠷᠠᠵᠤ ᠬᠡᠢᠰᠦᠭ᠌ᠰᠡᠨ ᠡᠯᠡᠰᠦ ᠱᠢᠷᠤᠢ᠂ ᠬᠤᠵᠢᠭᠢᠷ ᠮᠠᠩᠬ᠎ᠠ᠎ᠲᠠᠢ ᠭᠤᠪᠢ ᠨᠤᠳᠤᠬ ᠠᠷᠤ ᠦᠵᠡᠭ᠌ᠳᠡᠯ ᠪᠤᠯᠵᠤ᠂ ᠰᠦᠬᠡ᠎ᠶ᠋ᠢᠨ ᠠᠷᠪᠠᠨ ᠵᠢᠯ᠎ᠤᠨ ᠮᠤᠳᠤ ᠲᠠᠷᠢᠬ᠍ᠰᠠᠨ ᠦᠡᠭ᠌ᠭᠡᠷᠡᠯᠳᠡ ᠦᠯᠢᠭᠡᠷ ᠵᠢᠷᠤᠭ ᠪᠤᠯᠵᠤ ᠲᠤᠳᠤᠷᠠᠪᠠ᠂ ᠲᠡᠭᠦᠨ᠎ᠤ ᠮᠠᠯᠠᠭᠠᠢ᠂ ᠤᠰᠤᠨ ᠤᠭᠤᠴᠢᠭᠤᠷ᠂ ᠱᠠᠬᠠᠢ᠎ᠶ᠋ᠢᠨ ᠦᠯᠢᠭᠡᠷ᠎ᠢ ᠶᠠᠷᠢᠬᠤ᠎ᠳᠤ ᠲᠠᠢᠰᠠᠨ ᠲᠤᠤᠷᠠᠬᠢ ᠦᠵᠡᠭ᠌ᠴᠢᠳ ᠵᠢᠴᠢ ᠲᠧᠯᠸᠢᠰ᠎ᠤᠨ ᠬᠦᠱᠢᠭᠡ᠎ᠪᠠᠷ ᠬᠦᠯᠢᠶᠡᠨ ᠬᠠᠷᠠᠬ᠍ᠰᠠᠨ ᠬᠦᠮᠦᠨ ᠪᠦᠬᠦᠨ᠎ᠤ ᠰᠡᠳᠭᠢᠯ ᠲᠤᠬ᠍ᠳᠤᠯᠵᠤ ᠨᠢᠯᠪᠤᠰᠤ ᠤᠨᠠᠭᠠᠵᠤ ᠪᠠᠢᠯ᠎ᠠ᠃ ᠵᠢᠷᠠ ᠭᠠᠷᠴᠤ᠌ ᠵᠠᠵᠢᠨ ᠦᠰᠦ᠎ᠨᠢ ᠴᠠᠢᠬ᠍ᠰᠠᠨ ᠡᠪᠦᠭᠡᠨ ᠬᠦᠮᠦᠨ ᠡᠯᠡᠰᠦ ᠭᠤᠪᠢ᠎ᠳᠤ ᠠᠷᠪᠠᠨ ᠵᠢᠯ ᠢᠩᠬᠢᠵᠤ ᠠᠵᠢᠯᠯᠠᠵᠤ ᠬᠦᠳᠡᠯᠮᠦᠷᠢᠯᠡᠭ᠌ᠰᠡᠨᠢ ᠨᠢᠳᠦ᠎ᠪᠠᠷ᠎ᠢᠶᠠᠨ ᠦᠵᠡᠬᠦ᠌ ᠦᠭᠡᠢ ᠪᠤᠯ ᠢᠳᠡᠭᠡᠵᠤ ᠶᠠᠳᠠᠮᠠᠷᠬᠠᠨ ᠶᠠᠪᠤᠳᠠᠯ᠃
ᠴᠡᠯ ᠪᠤᠭᠤᠷᠤᠯᠳᠤᠬ᠍ᠰᠠᠨ᠂ ᠡᠭᠡᠯ ᠪᠤᠷᠤᠬ᠍ᠵᠢᠭᠤᠨ ᠬᠤᠪᠴᠠᠰᠤᠯᠠᠬ᠍ᠰᠠᠨ ᠰᠦᠬᠡ ᠲᠠᠢᠰᠠᠨ᠎ᠠ ᠢᠯᠡᠷᠡᠪᠡ᠃ ᠦᠵᠡᠭ᠌ᠴᠢᠳ ᠬᠠᠯᠠᠭᠤᠨ ᠠᠯᠠᠭ᠎ᠠ ᠲᠠᠱᠢᠯᠳᠠᠪᠠᠷᠢᠶᠠᠨ ᠲᠡᠭᠦᠨ᠎ᠢ ᠤᠬ᠍ᠳᠤᠯᠠ᠃ ᠬᠦᠳᠦᠯᠦᠭ᠌ᠴᠢ᠎ᠠᠴᠠ ᠰᠦᠬᠡ᠎ᠠᠴᠠ ᠡᠢᠮᠤ ᠢᠷᠠᠭᠤ ᠠᠯᠳᠠᠷ ᠤᠯᠤᠬ᠍ᠰᠠᠨ ᠴᠠᠭ ᠮᠦᠴᠡ᠎ᠳᠤ ᠶᠠᠭᠤ ᠬᠡᠯᠡᠮᠡᠷ ᠪᠠᠢᠨ᠎ᠠ ᠭᠡᠵᠤ ᠠᠰᠠᠭᠤᠬᠤ᠎ᠳᠤ ᠲᠠᠷᠡ᠄ 《ᠶᠠᠭᠤᠨ᠎ᠤ ᠡᠮᠦᠨ᠎ᠠ ᠪᠢ ᠰᠠᠮᠠᠭᠠᠨᠳᠤᠪᠠᠨ ᠲᠠᠯᠠᠷᠬᠠᠵᠤ ᠪᠠᠢᠬᠤ᠎ᠪᠠᠨ ᠢᠯᠡᠳᠭᠡᠶ᠎ᠡ᠂ ᠬᠡᠷᠪᠡ ᠲᠠᠭᠦᠨ᠎ᠤ ᠲᠡᠮᠵᠢᠯᠭᠡ ᠦᠭᠡᠢ ᠪᠤᠯ ᠪᠢ ᠡᠢᠮᠤ ᠶᠡᠭᠡ ᠠᠮᠵᠢᠯᠳᠠ ᠤᠯᠵᠤ ᠴᠢᠳᠠᠬᠤ ᠦᠭᠡᠢ; ᠲᠠᠷᠠᠭ᠎ᠠ᠎ᠳᠤᠨᠢ᠂ ᠪᠢ ᠬᠦᠳᠡᠯᠬᠦ᠌ ᠲᠠᠩᠬᠡᠭᠡᠲᠠᠢ ᠴᠠᠭ᠎ᠲᠤ᠌᠂ ᠡᠬᠡ ᠨᠤᠳᠤᠭ᠂ ᠦᠷ᠎ᠡ ᠬᠤᠢᠴᠢᠰ᠎ᠲᠠᠭᠠᠨ ᠢᠯᠡᠭᠦᠤ ᠬᠡᠳᠦᠨ ᠮᠤᠳᠤ ᠲᠠᠷᠢᠵᠤ ᠦᠯᠡᠳᠡᠭᠡᠶ᠎ᠡ ᠭᠡᠵᠤ ᠪᠤᠳᠤᠵᠤ ᠪᠠᠢᠨ᠎ᠠ》 ᠭᠡᠯᠡ᠃ ᠠᠬᠤᠢ ᠲᠠᠯᠠᠪᠠᠢ᠎ᠳᠤ ᠠᠯᠠᠭ᠎ᠠ ᠲᠠᠱᠢᠯᠳᠠ ᠤᠳᠠᠳᠠᠯ᠎ᠠ ᠨᠢᠵᠢᠭᠢᠨᠡᠪᠡ᠃ ᠡᠨᠡ ᠪᠤᠯ ᠲᠦᠭ ᠲᠦᠮᠡᠨ ᠬᠦᠮᠦᠰ᠎ᠤᠨ ᠲᠡᠭᠦᠨ᠎ᠤ ᠦᠢᠯᠡ ᠠᠵᠢᠯᠯᠠᠭ᠎ᠠ ᠵᠤᠷᠢᠭ ᠰᠠᠨᠠᠭ᠎ᠠ᠎ᠳᠤ ᠦᠭ᠌ᠭᠦᠭ᠌ᠰᠡᠨ ᠦᠨᠡᠯᠡᠯᠳᠡ ᠪᠠᠢᠵᠤ ᠲᠠᠭᠠᠷᠠᠨ᠎ᠠ; ᠴᠠᠭ ᠦᠶ᠎ᠡ ᠡᠢᠮᠤ ᠵᠤᠷᠢᠭ ᠰᠠᠨᠠᠭ᠎ᠠ᠎ᠶ᠋ᠢ ᠤᠷᠠᠢᠯᠠᠨ ᠲᠠᠭᠤᠳᠠᠵᠤ ᠪᠠᠢᠬᠤ ᠪᠤᠯᠬᠤᠷ ᠡᠨᠡ ᠵᠤᠷᠢᠭ ᠰᠠᠨᠠᠭ᠎ᠠ᠎ᠨᠢ ᠬᠦᠮᠦᠨ ᠤᠯᠠᠨ᠎ᠤ ᠰᠡᠳᠭᠢᠯ᠎ᠳᠤ ᠤᠯᠠᠭᠠᠨ ᠲᠤᠭ ᠱᠢᠭ ᠤᠯᠠᠯᠵᠢᠨ ᠨᠠᠮᠢᠷᠴᠤ᠌᠂ ᠤᠴᠢ ᠦᠰᠦᠷᠴᠤ᠌ ᠠᠭᠤᠯᠠ᠎ᠶ᠋ᠢ ᠱᠢᠳᠠᠭᠠᠬᠤ ᠬᠦᠴᠦᠨ᠎ᠢᠶᠠᠷ ᠲᠡᠯᠡᠷᠡᠵᠤ ᠪᠠᠢᠯ᠎ᠠ ᠁
ᠦᠨᠳᠦᠰᠦ ᠨᠢᠮᠭᠡᠨ ᠨᠤᠳᠤᠬ᠎ᠢᠶᠠᠨ ᠦᠷᠦᠴᠡᠨ᠎ᠳᠡᠭᠡᠨ ᠢᠮᠠᠬ᠍ᠳᠠ ᠠᠬᠤᠭᠤᠯᠵᠤ᠂ ᠦᠷᠦ᠍ ᠨᠢᠭᠡᠲᠠᠢ ᠮᠠᠯᠴᠢᠳ᠎ᠢᠶᠠᠨ ᠰᠡᠳᠭᠢᠯ᠎ᠳᠡᠭᠡᠨ ᠬᠡᠵᠢᠶᠡᠳᠡ ᠪᠠᠭ᠍ᠳᠠᠭᠠᠵᠤ᠂ ᠱᠢᠪᠬᠠᠵᠤ ᠯᠡ ᠪᠤᠯᠬᠤ ᠬᠦᠴᠦᠨ ᠴᠢᠳᠠᠯ᠎ᠢᠶᠠᠨ ᠪᠦᠬᠦᠨ᠎ᠢ ᠠᠭᠤᠳᠠᠯᠯᠠᠵᠤ᠂ ᠮᠠᠩᠬᠠᠨ ᠨᠤᠳᠤᠬ᠂ ᠮᠠᠯᠴᠢᠨ ᠲᠦᠮᠡᠨ ᠬᠡᠵᠤ ᠪᠤᠭᠤᠷᠤᠯ᠎ᠤᠨ ᠱᠢᠨᠳᠠᠰᠤ᠎ᠪᠠᠨ ᠱᠢᠯᠭᠠᠵᠤ ᠶᠠᠪᠤᠬ᠍ᠰᠠᠨ ᠰᠦᠬᠡ ᠬᠦᠮᠦᠨ ᠤᠯᠠᠨ᠎ᠤ ᠬᠡᠪ ᠲᠠᠭᠤᠷᠢᠶᠠᠯ ᠪᠤᠯᠵᠤ᠂ ᠰᠡᠳᠭᠢᠯ᠎ᠳᠤᠨᠢ ᠱᠤᠭᠤᠬ᠍ᠳᠠᠵᠠᠢ ᠁
ᠤᠯᠠᠨ ᠵᠠᠭᠤᠨ᠎ᠤ ᠤᠷᠴᠢᠯ᠎ᠢ ᠡᠯᠡᠭᠡᠭ᠌ᠰᠡᠨ ᠬᠠᠷ᠎ᠠ ᠬᠤᠳᠠ ᠦᠨᠳᠦᠰᠦ᠎ᠪᠠᠨ ᠦᠭᠡᠢᠯᠡᠭ᠌ᠰᠡᠨ ᠵᠡᠭᠦᠳᠦᠨᠠᠴᠠᠪᠠᠨ ᠬᠡᠰᠡᠭ ᠬᠡᠰᠡᠭ ᠰᠡᠷᠢᠨ᠎ᠡ᠃ ᠲᠡᠭᠦᠨ᠎ᠤ ᠬᠤᠢᠭᠤᠷ ᠵᠠᠭᠤᠨ ᠨᠤᠭᠤᠭᠠᠨ ᠤᠢ ᠨᠤᠮᠢᠨ ᠦᠡᠭ᠌ᠭᠡ᠎ᠪᠠᠷ ᠬᠠᠯᠢᠭᠤᠷᠠᠵᠤ᠂ ᠵᠠᠭᠤᠨ ᠵᠠᠭᠤᠨ᠎ᠢᠶᠠᠷ ᠨᠦᠷᠢᠨ ᠲᠤᠬ᠍ᠰᠢᠷᠠᠬ᠍ᠰᠠᠨ ᠨᠤᠷᠡ ᠡᠯᠡᠰᠦ᠎ᠶ᠋ᠢ ᠠᠮᠢᠯᠠᠯ᠎ᠤᠨ ᠨᠤᠭᠤᠭᠠᠨ ᠬᠠᠯᠬᠠᠪᠴᠢ᠎ᠪᠠᠷ ᠦᠶ᠎ᠡ ᠦᠶ᠎ᠡ ᠲᠦᠯᠬᠢᠨ᠎ᠡ ᠁
ᠡᠬᠡ ᠪᠠᠢᠭᠠᠯᠢ᠂ ᠠᠮᠢᠳᠠᠨ ᠭᠤᠤᠯᠳᠠᠨ᠎ᠳᠤ ᠬᠠᠢᠷ᠎ᠠ᠎ᠶ᠋ᠢᠨ ᠶᠡᠭᠡ᠎ᠶ᠋ᠢ ᠦᠵᠡᠭᠦᠯᠦᠭ᠌ᠰᠡᠨ ᠰᠦᠬᠡ᠎ᠶ᠋ᠢᠨ ᠲᠦᠷᠦᠭ᠌ᠰᠡᠨ ᠨᠤᠳᠤᠭ ᠰᠤᠪᠠᠨᠠᠭᠤᠷ ᠰᠤᠮᠤᠨ᠎ᠤ ᠢᠪᠠᠤᠳᠤ ᠭᠠᠴᠠᠭ᠎ᠠ᠎ᠶ᠋ᠢᠨ ᠪᠤᠷᠤ ᠰᠤᠬᠠᠢ᠎ᠳᠤ ᠤᠯᠠᠭᠠᠨ ᠰᠤᠬᠠᠢ ᠭᠦᠯᠭᠡᠯᠡᠵᠤ ᠪᠠᠢᠯ᠎ᠠ᠃ ᠲᠡᠳᠡᠨᠡᠢᠭᠢᠨ ᠭᠡᠵᠤ ᠲᠡᠨᠳᠡ ᠬᠤᠶᠠᠷ ᠲᠠᠰᠤᠯᠭ᠎ᠠ ᠱᠢᠪᠡᠷ ᠭᠡᠷ᠎ᠨᠢ ᠯᠡ ᠲᠡᠤᠬᠡ᠎ᠶ᠋ᠢᠨ ᠭᠡᠷᠡᠴᠢ ᠪᠤᠯᠵᠤ ᠲᠠᠭᠤ ᠦᠭᠡᠢ ᠬᠡᠪᠳᠡᠨ᠎ᠡ᠃ ᠳ᠋ᠧᠯᠢᠭᠤᠨ ᠪᠠᠭ᠎ᠠ᠎ᠶ᠋ᠢᠨ ᠨᠠᠢᠵᠠ ᠪᠤᠷᠤ᠄ 《ᠲᠡᠳᠡᠨᠠᠢᠬᠢᠨ ᠠᠳᠡ ᠰᠠᠭᠤᠵᠤ ᠪᠠᠢᠵᠠᠢ᠃ ᠤᠤᠯ᠎ᠳᠠᠭᠠᠨ ᠮᠠᠭᠤᠬᠠᠨ ᠮᠤᠩᠭᠤᠯ ᠭᠡᠷ᠎ᠲᠠᠢ ᠪᠠᠢᠬ᠍ᠰᠠᠨ᠃ ᠰᠦᠬᠡ ᠬᠤᠱᠢᠭᠤᠨ ᠲᠠᠷᠤᠭ᠎ᠠ ᠪᠤᠯᠤᠬ᠍ᠰᠠᠨ᠎ᠤ ᠲᠠᠷᠠᠭ᠎ᠠ ᠠᠵᠢᠯ᠎ᠨᠢ ᠶᠠᠭᠠᠷᠠᠤ ᠪᠤᠯᠬᠤᠷ ᠭᠡᠷ᠎ᠲᠡᠭᠡᠨ ᠲᠤᠩ ᠴᠦᠭᠡᠨ ᠬᠠᠷᠢᠵᠤ ᠢᠷᠡᠳᠡᠭ᠂ ᠳ᠋ᠧᠯᠢᠭ ᠨᠠᠰᠤᠳᠠᠨᠲᠠᠢᠪᠠᠨ᠂ ᠬᠡᠳᠦᠨ ᠬᠡᠤᠬᠡᠳ᠎ᠲᠠᠢ᠎ᠪᠠᠨ ᠬᠤᠨᠢ ᠬᠠᠷᠢᠭᠤᠯᠵᠤ᠂ ᠠᠳᠡ ᠲᠤᠯᠤᠭ᠎ᠠ ᠨᠠᠢ᠍ᠮᠠᠨ ᠵᠢᠯ ᠰᠠᠭᠤᠵᠠᠢ᠂ ᠬᠦᠭᠡᠷᠦᠬᠦᠢ ᠶᠤᠮ ᠱᠢᠤ》 ᠭᠡᠵᠤ ᠡᠷᠬᠢᠴᠡᠭᠦᠯᠦᠨᠠ᠃ ᠲᠡᠷᠡ ᠭᠡᠷ᠎ᠤᠨ ᠡᠷᠬᠢᠨ ᠲᠤᠭᠤᠷᠢᠨ᠎ᠢᠶᠠᠷ ᠤᠯᠠᠭᠠᠨ ᠰᠤᠬᠠᠢ᠂ ᠵᠠᠬ᠎ᠤᠨ ᠤᠢ ᠨᠢᠳᠤ ᠠᠯᠳᠠᠮ᠎ᠠ ᠦᠷᠭᠦᠯᠵᠢᠯᠡᠨ᠎ᠡ᠃
ᠲᠡᠢᠮᠦ᠍ ᠡ᠂ ᠬᠠᠶᠠᠭ᠎ᠠ ᠲᠠᠷᠤᠮ᠎ᠠ ᠠᠯᠳᠠᠨ ᠲᠤᠤᠷᠠᠢ᠂ ᠬᠠᠷᠠᠭ᠎ᠠ ᠠᠯᠳᠠᠮ᠎ᠠ ᠤᠯᠠᠭᠠᠨ ᠰᠤᠬᠠᠢ᠎ᠶ᠋ᠢᠨ ᠰᠡᠭᠦᠳᠡᠷ ᠨᠦᠮᠦᠷᠢ᠎ᠳᠤ ᠲᠤᠬ᠍ᠯᠠᠨ ᠦᠰᠦᠭ᠌ᠰᠡᠨ ᠰᠦᠬᠡ᠎ᠶ᠋ᠢᠨ ᠤᠭᠤᠷᠠᠬ ᠲᠠᠷᠢᠬᠢᠨ᠎ᠳᠤ ᠡᠵᠡᠨ᠎ᠡ ᠭᠡᠳᠡᠭ ᠡᠯᠡᠰᠦᠨ ᠨᠤᠳᠤᠭ ᠡᠢᠮᠤ ᠯᠡ ᠰᠠᠢᠬᠠᠨ ᠪᠠᠢᠬᠤ ᠶᠤᠰᠤᠳᠠᠢ᠎ᠨᠢ ᠵᠡᠭᠦᠳᠦ ᠪᠢᠰᠢ ᠦᠨᠡᠨ ᠪᠠᠢᠬ᠍ᠰᠠᠨ ᠠᠵᠢ! ᠲᠡᠭᠡᠬᠦ᠌ᠪᠠᠷᠢᠶᠠᠨ ᠲᠡᠷᠡ ᠬᠠᠷ᠎ᠠ ᠬᠤᠳᠠ᠎ᠶ᠋ᠢᠨ ᠪᠠᠯᠠᠷ ᠮᠠᠩᠬᠠᠨ᠎ᠳᠤ ᠲᠦᠷᠦᠭ᠌ᠰᠡᠨ ᠨᠤᠳᠤᠭ᠎ᠲᠠᠭᠠᠨ ᠠᠳᠠᠯᠢ ᠲᠡᠤᠬᠡ᠎ᠶ᠋ᠢᠨ ᠪᠢᠰᠢ ᠦᠨᠡᠨ᠎ᠤ ᠵᠡᠭᠦᠳᠦ᠎ᠶ᠋ᠢ ᠡᠳᠦᠷᠵᠢᠨ ᠰᠦᠨᠢᠵᠢᠨ ᠮᠠᠨᠠᠵᠤ ᠶᠠᠪᠤᠨ᠎ᠠ ᠁