ᠢᠳᠡᠭᠡᠯ ᠡᠷᠴᠢᠯᠡᠭ᠌ᠰᠡᠨ ᠦᠨᠡᠨᠴᠢ ᠦᠢᠯᠡᠴᠢᠯᠡᠭᠡ
2021-06-08 18:31:47
ᠵᠣᠬᠢᠶᠠᠭ᠍ᠴᠢ᠄
ᠨᠠᠪᠴᠢ
ᠣᠩᠱᠢᠭ᠍ᠰᠠᠨ ᠣᠳᠠᠭ᠎ᠠ᠄
★★★☆☆

ᠰᠡᠷᠢᠬᠦᠨ ᠰᠠᠯᠬᠢᠨ ᠰᠡᠪᠢᠯᠵᠡᠭ᠌ᠰᠡᠨ ᠬᠦᠬᠡᠬᠤᠳᠠ᠎ᠶ᠋ᠢᠨ ᠦᠷᠯᠦᠬᠡ ᠰᠡᠷᠢᠬᠦᠨ ᠳᠠᠭᠠᠯᠠᠮᠵᠢᠳᠠᠢᠬᠠᠨ ᠪᠠᠢᠯ᠎ᠠ᠃ ᠡᠨᠡ ᠡᠳᠦᠷ ᠪᠤᠯ 2021 ᠤᠨ᠎ᠤ ᠶᠡᠭᠡ ᠳᠡᠭᠡᠳᠤ ᠰᠤᠷᠭᠠᠭᠤᠯᠢ᠎ᠳᠤ ᠰᠤᠷᠤᠭ᠍ᠴᠢ ᠡᠯᠰᠡᠬᠦ᠌ ᠤᠯᠤᠰ᠎ᠤᠨ ᠨᠢᠬᠡᠳᠦᠯᠳᠡᠢ ᠱᠢᠯᠭᠠᠯᠳᠠ᠎ᠶ᠋ᠢᠨ ᠠᠩᠬᠠᠨ᠎ᠤ ᠡᠳᠦᠷ ᠪᠤᠯᠤᠨ᠎ᠠ᠃

ᠰᠤᠷᠪᠤᠯᠵᠢᠯᠠᠭ᠍ᠴᠢ ᠦᠷᠯᠦᠬᠡ ᠡᠷᠳᠡᠯᠡᠨ ᠬᠦᠬᠡᠬᠤᠳᠠ᠎ᠶ᠋ᠢᠨ ᠭᠤᠴᠢᠨ ᠨᠠᠢ᠍ᠮᠠᠳᠤᠭᠠᠷ ᠳᠤᠮᠳᠠᠳᠤ ᠰᠤᠷᠭᠠᠭᠤᠯᠢ᠎ᠶ᠋ᠢᠨ ᠱᠢᠯᠭᠠᠯᠳᠠ᠎ᠶ᠋ᠢᠨ ᠴᠡᠭ᠎ᠲᠤ ᠬᠦᠷᠬᠦ᠌᠎ᠳᠤ ᠱᠢᠯᠭᠠᠯᠳᠠ᠎ᠳᠤ ᠦᠢᠯᠡᠴᠢᠯᠡᠬᠦ᠌ ᠡᠯ᠎ᠠ ᠰᠠᠯᠠᠭ᠎ᠠ ᠮᠦᠴᠢᠷ᠎ᠤᠨ᠎ᠬᠢᠨ ᠦᠪᠡᠷ ᠦᠪᠡᠷ᠎ᠤᠨ ᠠᠵᠢᠯ᠎ᠤᠨ ᠪᠠᠢᠷᠢ᠎ᠳᠠᠭᠠᠨ ᠭᠠᠷᠴᠤ᠌᠂ ᠱᠢᠯᠭᠠᠯᠳᠠ᠎ᠶ᠋ᠢᠨ ᠳᠠᠯᠠᠪᠠᠢ᠎ᠶ᠋ᠢᠨ ᠤᠢ᠍ᠢᠷ᠎ᠠ ᠬᠠᠪᠢ᠎ᠶ᠋ᠢᠨ ᠵᠠᠮ ᠬᠠᠷᠢᠯᠴᠠᠭᠠᠨ᠎ᠤ ᠡᠮᠬᠢ ᠲᠢᠭ᠌ᠯᠢᠮ᠎ᠢ ᠵᠠᠬᠢᠷᠤᠨ ᠬᠠᠮᠢᠶᠠᠷᠴᠤ᠌ ᠪᠠᠢᠯ᠎ᠠ᠃ ᠱᠢᠯᠭᠠᠯᠳᠠ᠎ᠶ᠋ᠢᠨ ᠳᠠᠯᠠᠪᠠᠢ᠎ᠶ᠋ᠢᠨ ᠡᠬᠦᠳᠡᠨ᠎ᠳᠤ ᠵᠠᠮ ᠬᠠᠷᠢᠯᠴᠠᠭᠠᠨ᠎ᠤ ᠬᠠᠮᠢᠶᠠᠷᠤᠯᠳᠡ᠎ᠶ᠋ᠢᠨ ᠴᠠᠭ᠍ᠳᠠᠭᠠᠨ᠎ᠤ ᠠᠩᠬᠢ᠎ᠶ᠋ᠢᠨ᠎ᠬᠢᠨ ᠮᠠᠱᠢᠨ ᠳᠡᠷᠬᠡ᠂ ᠮᠤᠲ᠋ᠤᠷ ᠳᠡᠷᠬᠡ ᠪᠡᠯᠡᠳᠭᠡᠵᠦ᠍ ᠬᠡᠨᠡᠳᠳᠡ᠎ᠶ᠋ᠢᠨ ᠶᠠᠪᠤᠳᠠᠯ ᠭᠠᠷᠬᠤ᠎ᠳᠤ ᠦᠢᠯᠡᠴᠢᠯᠡᠬᠦ᠌᠎ᠪᠠᠷ ᠪᠡᠯᠡᠬᠡᠨ ᠪᠠᠢᠯ᠎ᠠ᠃

《ᠰᠤᠷᠤᠭ᠍ᠴᠢᠳ᠎ᠲᠤ ᠨᠠᠮ ᠵᠢᠮ ᠤᠷᠴᠢᠨ ᠨᠦᠬᠦᠴᠡᠯ ᠬᠠᠩᠭᠠᠬᠤ᠎ᠶ᠋ᠢᠨ ᠲᠦᠯᠦᠬᠡ᠂ ᠪᠢᠳᠡ ᠦᠷᠯᠦᠬᠡ ᠡᠷᠳᠡᠯᠡᠨ ᠢᠷᠡᠵᠦ᠍᠂ ᠰᠤᠷᠭᠠᠭᠤᠯᠢ᠎ᠶ᠋ᠢᠨ ᠤᠢ᠍ᠢᠷᠠᠯᠴᠠᠭᠠᠬᠢ ᠵᠠᠮ ᠬᠠᠷᠢᠯᠴᠠᠭᠠᠨ᠎ᠤ ᠡᠮᠬᠢ ᠲᠢᠭ᠌ᠯᠢᠮ᠎ᠢ ᠪᠠᠳᠤᠯᠠᠵᠦ᠍᠂ ᠮᠠᠱᠢᠨ ᠳᠡᠷᠬᠡ ᠳᠤᠷ᠎ᠠ᠎ᠪᠠᠷ᠎ᠢᠶᠠᠨ ᠪᠦᠷᠢᠶ᠎ᠠ᠎ᠪᠠᠨ ᠳᠠᠷᠤᠬᠤ᠂ ᠳᠠᠭᠤᠨ ᠶᠡᠬᠡᠳᠡᠢ ᠠᠴᠢᠶᠠᠨ᠎ᠤ ᠮᠠᠱᠢᠨ ᠳᠡᠷᠬᠡ ᠦᠩᠬᠡᠷᠡᠬᠦ᠌ ᠵᠡᠷᠭᠡ᠎ᠶ᠋ᠢ ᠡᠷᠡᠰ ᠴᠠᠭᠠᠵᠠᠯᠠᠵᠤ ᠪᠤᠢ》 ᠬᠡᠵᠦ᠍ ᠬᠦᠬᠡᠬᠤᠳᠠ᠎ᠶ᠋ᠢᠨ ᠱᠢᠨ᠎ᠠ ᠬᠤᠳᠠ ᠳᠤᠭᠤᠷᠢᠭ᠎ᠤᠨ ᠵᠠᠮ ᠬᠠᠷᠢᠯᠴᠠᠭᠠᠨ᠎ᠤ ᠳᠤᠳᠤᠭᠠᠳᠤ᠎ᠶ᠋ᠢ ᠬᠠᠮᠠᠭᠠᠯᠠᠬᠤ ᠬᠠᠮᠢᠶᠠᠷᠤᠯᠳᠡ᠎ᠶ᠋ᠢᠨ ᠶᠡᠭᠡ ᠠᠩᠬᠢ᠎ᠶ᠋ᠢᠨ ᠭᠤᠷᠪᠠᠳᠤᠭᠠᠷ ᠳᠤᠮᠳᠠ ᠠᠩᠬᠢ᠎ᠶ᠋ᠢᠨ ᠴᠠᠭ᠍ᠳᠠᠭ᠎ᠠ ᠺᠠᠩ ᠽᠢ ᠴᠢ ᠶᠠᠷᠢᠨ᠎ᠠ᠃

ᠦᠷᠯᠦᠬᠡ᠎ᠶ᠋ᠢᠨ 8 ᠴᠠᠭ᠎ᠤᠨ ᠦᠶ᠎ᠠ᠎ᠪᠠᠷ᠂ ᠭᠤᠷᠪᠡᠨ ᠲᠤᠮᠤ ᠠᠶᠠᠨᠴᠢᠨ᠎ᠤ ᠮᠠᠱᠢᠨ᠎ᠳᠤ ᠰᠠᠭᠤᠭ᠍ᠰᠠᠨ ᠬᠦᠬᠡᠬᠤᠳᠠ᠎ᠶ᠋ᠢᠨ ᠮᠤᠩᠭᠤᠯ ᠦᠨᠳᠦᠰᠦᠳᠡᠨ᠎ᠤ ᠰᠤᠷᠭᠠᠭᠤᠯᠢ᠎ᠶ᠋ᠢᠨ 200 ᠭᠠᠷᠤᠢ ᠱᠢᠯᠭᠠᠭᠤᠯᠤᠭ᠍ᠴᠢ ᠱᠢᠯᠭᠠᠯᠳᠠ᠎ᠶ᠋ᠢᠨ ᠳᠠᠯᠠᠪᠠᠢ᠎ᠳᠤ ᠬᠦᠷᠴᠦ᠍ ᠢᠷᠡᠯ᠎ᠠ᠃ ᠮᠠᠱᠢᠨ ᠳᠡᠷᠬᠡᠨ᠎ᠠᠴᠠ ᠪᠠᠭᠤᠬᠤ᠎ᠳᠤ᠂ ᠠᠩᠬᠢ᠎ᠶ᠋ᠢᠨ ᠡᠷᠬᠢᠯᠡᠭ᠌ᠴᠢ ᠪᠠᠭ᠍ᠰᠢ᠎ᠨᠢ ᠰᠠᠢᠨ ᠱᠢᠯᠭᠠᠭᠠᠷᠠᠢ ᠬᠡᠵᠦ᠍ ᠰᠤᠷᠤᠭ᠍ᠴᠢᠳ᠎ᠲᠠᠭᠠᠨ ᠢᠳᠡᠬᠡᠯ ᠬᠠᠢᠷᠠᠯᠠᠬᠤ᠎ᠶ᠋ᠢᠨ ᠵᠡᠷᠬᠡ᠎ᠪᠠᠷ ᠪᠢᠳᠡᠬᠡᠢ ᠪᠠᠴᠢᠮᠳᠠ᠂ ᠶᠡᠷᠦ᠎ᠶ᠋ᠢᠨ ᠱᠢᠯᠭᠠᠯᠳᠠ᠎ᠳᠤ ᠤᠷᠤᠯᠴᠠᠵᠤ ᠪᠠᠢᠬᠤ ᠱᠢᠬ᠎ᠢᠶᠠᠨ ᠳᠤᠭ᠍ᠳᠠᠭᠤᠨ ᠪᠠᠢᠭᠠᠷᠠᠢ ᠬᠡᠵᠦ᠍ ᠰᠤᠷᠤᠭ᠍ᠴᠢᠳ᠎ᠲᠠᠭᠠᠨ ᠵᠠᠬᠢᠵᠤ ᠯᠡ ᠪᠠᠢᠯ᠎ᠠ᠃ ᠬᠦᠬᠡᠬᠤᠳᠠ᠎ᠶ᠋ᠢᠨ ᠮᠤᠩᠭᠤᠯ ᠦᠨᠳᠦᠰᠦᠳᠡᠨ᠎ᠤ ᠰᠤᠷᠭᠠᠭᠤᠯᠢ᠎ᠶ᠋ᠢᠨ ᠦᠨᠳᠦᠷ ᠭᠤᠷᠪᠠ᠎ᠶ᠋ᠢᠨ ᠳᠤᠭᠤᠢ᠍ᠢᠯᠠᠩ᠎ᠤᠨ ᠳᠠᠷᠤᠭ᠎ᠠ᠂ ᠠᠩᠬᠢ᠎ᠶ᠋ᠢᠨ ᠡᠷᠬᠢᠯᠡᠭ᠌ᠴᠢ ᠤᠢ᠍ᠯᠵᠡᠢᠳᠡᠯᠬᠡᠷ᠄ 《ᠮᠠᠨ᠎ᠤ ᠦᠨᠳᠦᠷ ᠭᠤᠷᠪᠠ᠎ᠶ᠋ᠢᠨ 7 ᠠᠩᠬᠢ᠎ᠶ᠋ᠢᠨ ᠡᠷᠬᠢᠯᠡᠭ᠌ᠴᠢ ᠰᠤᠷᠤᠭ᠍ᠴᠢᠳ᠎ᠢᠶᠠᠨ ᠱᠢᠯᠭᠠᠯᠳᠠ᠎ᠶ᠋ᠢᠨ ᠳᠠᠯᠠᠪᠠᠢ᠎ᠳᠤ ᠬᠦᠷᠬᠡᠵᠦ᠍ ᠢᠷᠡᠵᠡᠢ᠃ ᠮᠠᠨ᠎ᠤ ᠰᠤᠷᠭᠠᠭᠤᠯᠢ ᠰᠤᠷᠤᠭ᠍ᠴᠢᠳ᠎ᠢᠶᠠᠨ ᠳᠤᠰᠭᠠᠢ ᠳᠡᠷᠬᠡ᠎ᠪᠠᠷ ᠬᠦᠷᠬᠡᠵᠦ᠍ ᠳᠤᠰᠴᠤ᠌ ᠪᠠᠢᠨ᠎ᠠ᠂ ᠵᠠᠮ ᠬᠠᠷᠢᠯᠴᠠᠭᠠᠨ᠎ᠤ ᠴᠠᠭ᠍ᠳᠠᠭ᠎ᠠ ᠵᠠᠮ ᠳᠠᠭᠠᠭᠤᠯᠵᠤ ᠦᠭ᠌ᠬᠦᠭ᠌ᠰᠡᠨ᠎ᠢᠶᠠᠷ ᠪᠢᠳᠡ ᠮᠠᠰᠢ ᠲᠦᠷᠬᠡᠨ ᠱᠢᠯᠭᠠᠯᠳᠠ᠎ᠶ᠋ᠢᠨ ᠴᠡᠭ᠎ᠲᠡᠭᠡᠨ ᠡᠷᠳᠡᠯᠡᠨ ᠬᠦᠷᠴᠦ᠍ ᠢᠷᠡᠭ᠌ᠰᠡᠨ᠃ ᠪᠢᠳᠡ ᠱᠢᠯᠭᠠᠯᠳᠠ᠎ᠶ᠋ᠢᠨ ᠪᠡᠯᠡᠳᠭᠡᠯ᠎ᠢᠶᠠᠨ ᠬᠦᠢᠴᠡᠳ ᠬᠢᠭ᠌ᠰᠡᠨ᠂ ᠰᠤᠷᠤᠭ᠍ᠴᠢ ᠨᠦᠬᠦᠳ ᠮᠠᠨᠢ ᠦᠪᠡᠷ᠎ᠤᠨ ᠪᠡᠶ᠎ᠠ᠎ᠳᠡᠭᠡᠨ ᠢᠳᠡᠬᠡᠯ᠎ᠲᠠᠢ ᠵᠤᠷᠢᠭ᠎ᠲᠠᠢ ᠱᠢᠯᠭᠠᠬᠤ᠎ᠶ᠋ᠢ ᠬᠦᠰᠡᠵᠦ᠍ ᠪᠠᠢᠨ᠎ᠠ》 ᠬᠡᠵᠦ᠍ ᠢᠳᠡᠬᠡᠯ ᠵᠦᠩᠨᠡᠯ᠎ᠢᠶᠠᠨ ᠳᠡᠪᠱᠢᠬᠦᠯᠵᠦ᠍ ᠪᠠᠢᠯ᠎ᠠ᠃

ᠱᠢᠯᠭᠠᠯᠳᠠ᠎ᠶ᠋ᠢᠨ ᠴᠡᠭ᠎ᠲᠤ ᠨᠤᠭᠤᠭᠠᠨ ᠬᠤᠪᠴᠠᠰᠤ᠎ᠲᠠᠢ ᠰᠠᠢᠨ ᠳᠤᠷ᠎ᠠ᠎ᠶ᠋ᠢᠨ ᠦᠢᠯᠡᠴᠢᠯᠡᠭ᠌ᠰᠡᠳ ᠵᠠᠮ᠎ᠤᠨ ᠬᠤᠶᠠᠷ ᠳᠠᠯ᠎ᠠ᠎ᠪᠠᠷ ᠬᠤᠶᠠᠷ ᠭᠠᠷᠯᠠᠨ ᠵᠤᠭ᠍ᠰᠤᠵᠤ᠂ ᠱᠢᠯᠭᠠᠭᠤᠯᠤᠭ᠍ᠴᠢ ᠵᠢᠴᠢ ᠱᠢᠯᠭᠠᠯᠳᠠ᠎ᠶ᠋ᠢᠨ ᠴᠡᠭ᠎ᠤᠨ ᠡᠬᠢ ᠲᠢᠭ᠌ᠯᠢᠮ᠎ᠢ ᠬᠠᠮᠠᠭᠠᠯᠠᠬᠤ᠎ᠳᠤ ᠬᠠᠪᠰᠤᠷᠤᠨ ᠦᠢᠯᠡᠴᠢᠯᠡᠵᠦ᠍ ᠪᠠᠢᠯ᠎ᠠ᠃ ᠳᠡᠳᠡ᠂ 《ᠱᠢᠯᠭᠠᠯᠳᠠ᠎ᠶ᠋ᠢᠨ ᠬᠤᠭᠤᠴᠠᠭᠠᠨ᠎ᠳᠤ ᠨᠠᠮ ᠵᠢᠮ᠎ᠢ ᠪᠠᠳᠤᠯᠠᠶ᠎ᠠ》᠂ 《ᠮᠠᠱᠢᠨ ᠳᠡᠷᠬᠡᠨ᠎ᠤ ᠪᠦᠷᠢᠶ᠎ᠠ᠎ᠪᠠᠨ ᠪᠢᠳᠡᠬᠡᠢ ᠲᠤᠤᠭᠠᠷᠭᠠᠶ᠎ᠠ》 ᠬᠡᠬᠦ᠌ ᠫᠠᠢᠰᠠ ᠠᠳᠭᠤᠨ ᠵᠠᠮ᠎ᠤᠨ ᠬᠦᠮᠦᠰ᠎ᠲᠤ ᠰᠠᠨᠠᠭᠤᠯᠤᠨ᠎ᠠ᠃ ᠡᠳᠡᠬᠡᠷ ᠰᠤᠷᠤᠭ᠍ᠴᠢᠳ ᠪᠤᠯ ᠬᠦᠬᠡᠬᠤᠳᠠ᠎ᠶ᠋ᠢᠨ ᠭᠤᠴᠢᠨ ᠨᠠᠢ᠍ᠮᠠᠳᠤᠭᠠᠷ ᠳᠤᠮᠳᠠᠳᠤ ᠰᠤᠷᠭᠠᠭᠤᠯᠢ᠎ᠶ᠋ᠢᠨ ᠰᠤᠷᠤᠭ᠍ᠴᠢᠳ᠎ᠢᠶᠠᠷ ᠪᠦᠷᠢᠯᠳᠦᠭ᠌ᠰᠡᠨ ᠤᠯᠤᠰ᠎ᠤᠨ ᠨᠢᠬᠡᠳᠦᠯᠳᠡᠢ ᠱᠢᠯᠭᠠᠯᠳᠠ᠎ᠳᠤ ᠦᠢᠯᠡᠴᠢᠯᠡᠬᠦ᠌ ᠰᠠᠢᠨ ᠳᠤᠷ᠎ᠠ᠎ᠶ᠋ᠢᠨ ᠦᠢᠯᠡᠴᠢᠯᠡᠬᠡᠨ᠎ᠤ ᠠᠩᠬᠢ ᠪᠤᠯᠤᠨ᠎ᠠ᠃

《ᠰᠤᠷᠭᠠᠭᠤᠯᠢ᠎ᠠᠴᠠ ᠨᠢᠬᠡᠳᠦᠯᠳᠡᠢ ᠱᠢᠯᠭᠠᠯᠳᠠ᠎ᠳᠤ ᠦᠢᠯᠡᠴᠢᠯᠡᠬᠦ᠌ ᠰᠠᠢᠨ ᠳᠤᠷ᠎ᠠ᠎ᠶ᠋ᠢᠨ ᠦᠢᠯᠡᠴᠢᠯᠡᠭ᠌ᠴᠢ ᠡᠯᠰᠡᠬᠦ᠌᠎ᠳᠤ 200 ᠭᠠᠷᠤᠢ ᠰᠤᠷᠤᠭ᠍ᠴᠢ ᠨᠡᠷ᠎ᠠ ᠮᠡᠳᠡᠬᠦᠯᠵᠦ᠍᠂ ᠦᠨᠤᠳᠤᠷ 100 ᠭᠠᠷᠤᠢ ᠰᠤᠷᠤᠭ᠍ᠴᠢ ᠱᠢᠯᠭᠠᠯᠳᠠ᠎ᠶ᠋ᠢᠨ ᠴᠡᠭ᠎ᠲᠤ ᠦᠢᠯᠡᠴᠢᠯᠡᠬᠦ᠌᠎ᠪᠠᠷ ᠢᠷᠡᠵᠡᠢ᠂ ᠠᠬ᠎ᠠ ᠡᠬᠡᠴᠢ ᠨᠠᠷ᠎ᠲᠠᠭᠠᠨ ᠱᠢᠯᠭᠠᠯᠳᠠ᠎ᠶ᠋ᠢᠨ ᠠᠮᠵᠢᠯᠳᠠ ᠬᠦᠰᠡᠶ᠎ᠠ》 ᠬᠡᠵᠦ᠍ ᠬᠦᠬᠡᠬᠤᠳᠠ᠎ᠶ᠋ᠢᠨ ᠭᠤᠴᠢᠨ ᠨᠠᠢ᠍ᠮᠠᠳᠤᠭᠠᠷ ᠳᠤᠮᠳᠠᠳᠤ ᠰᠤᠷᠭᠠᠭᠤᠯᠢ᠎ᠶ᠋ᠢᠨ ᠦᠨᠳᠦᠷ ᠨᠢᠬᠡ᠎ᠶ᠋ᠢᠨ ᠰᠤᠷᠤᠭ᠍ᠴᠢ ᠯᠢ ᠱᠢᠤ ᠬᠦᠰᠡᠯ ᠵᠦᠩᠨᠡᠯ᠎ᠢᠶᠠᠨ ᠳᠡᠪᠱᠢᠬᠦᠯᠵᠦ᠍ ᠪᠠᠢᠯ᠎ᠠ᠃  

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号