ᠱᠢᠯᠢ᠎ᠶ᠋ᠢᠨ ᠭᠤᠣᠯ᠎ᠳᠤ ᠦᠷᠨᠢᠭ᠌ᠰᠡᠨ ᠤᠳᠤ ᠦᠶ᠎ᠠ᠎ᠶ᠋ᠢᠨ ᠴᠡᠪᠡᠷ ᠡᠨᠧᠷᠬᠢ᠎ᠶ᠋ᠢᠨ ᠠᠵᠦ᠍ ᠦᠢᠯᠡᠰ᠎ᠤᠨ ᠬᠤᠪᠢᠰᠭᠠᠯ
2021-06-09 17:04:40
ᠵᠣᠬᠢᠶᠠᠭ᠍ᠴᠢ᠄
ᠪᠤᠤ᠎ᠶ᠋ᠢᠨ ᠱᠠᠨ ᠪᠠᠶᠠᠰᠭᠤᠯᠠᠩ ᠱᠤᠧᠠᠢ ᠵᠧᠩ ᠪᠢᠯᠢᠭ᠌ᠪᠡᠭᠠᠳᠤᠷ ᠦᠪᠦᠷ ᠮᠤᠩᠭᠤᠯ᠎ᠤᠨ ᠡᠳᠦᠷ᠎ᠤᠨ ᠰᠤᠨᠢᠨ᠎ᠤ ᠬᠠᠮ ᠵᠠᠭᠤᠴᠢᠯᠠᠭᠤᠷ᠎ᠤᠨ ᠰᠤᠷᠪᠤᠯᠵᠢᠯᠠᠬ᠍ᠴᠢ ᠬᠦᠪᠴᠢᠨ
ᠣᠩᠱᠢᠭ᠍ᠰᠠᠨ ᠣᠳᠠᠭ᠎ᠠ᠄
★★★☆☆

2020 ᠤᠨ᠎ᠤ 12 ᠰᠠᠷ᠎ᠠ᠎ᠶ᠋ᠢᠨ 22 ᠎ᠤᠨ ᠡᠳᠦᠷ᠎ᠤᠨ 7 ᠴᠠᠭ 41 ᠮᠢᠨᠦ᠋ᠲ᠎ᠲᠤ᠌᠂ ᠱᠢᠯᠢᠩᠬᠤᠳᠠ᠎ᠶ᠋ᠢᠨ ᠪᠤᠯᠠᠭᠠᠨ᠎ᠳᠠᠬᠢ 500 ᠺᠢᠯᠤᠸᠤᠯᠲ᠎ᠤᠨ ᠬᠦᠴᠦᠳᠡᠯ ᠬᠤᠪᠢᠰᠭᠠᠬᠤ ᠪᠠᠷᠢᠯᠭ᠎ᠠ ᠠᠮᠵᠢᠯᠳᠠ᠎ᠲᠠᠢ᠎ᠪᠠᠷ ᠨᠡᠬᠡᠯᠡᠬᠡᠢ᠎ᠪᠠᠨ ᠨᠡᠬᠡᠬᠡᠪᠡ᠃ ᠡᠢᠨ ᠬᠦ᠂ ᠪᠦᠬᠦ᠌ ᠪᠦᠮᠪᠦᠷᠴᠡᠭ᠎ᠤᠨ ᠲᠦᠷᠦᠬᠦᠦ ᠨᠢᠬᠡ ᠲᠤᠭ᠍ᠳᠠᠮᠠᠯ ᠬᠦᠶᠦᠳᠡᠯᠳᠤ ᠴᠠᠬᠢᠯᠭᠠᠨ᠎ᠢ ᠬᠤᠯᠢᠯᠴᠠᠭᠤᠯᠤᠨ ᠵᠠᠯᠭᠠᠬ᠍ᠰᠠᠨ᠂ ᠰᠠᠯᠬᠢᠨ ᠬᠦᠴᠦ᠍ ᠪᠠ ᠨᠡᠬᠦᠷᠡᠰᠤ᠎ᠪᠠᠷ ᠵᠡᠷᠬᠡ᠎ᠪᠠᠷ ᠴᠠᠬᠢᠯᠭᠠᠨ ᠭᠠᠷᠭᠠᠬᠤ ᠤᠨᠴᠠ ᠦᠨᠳᠦᠷ ᠬᠦᠴᠦᠳᠡᠯᠳᠤ ᠱᠤᠭᠤᠮ᠎ᠤᠨ ᠱᠢᠰᠲ᠋ᠧᠮ᠎ᠤᠨ ᠪᠠᠷᠢᠯᠭ᠎ᠠ ᠠᠱᠢᠬ᠍ᠯᠠᠯᠳᠠ᠎ᠳᠤ ᠤᠷᠤᠵᠦ᠍᠂ ᠱᠢᠯᠢ᠎ᠶ᠋ᠢᠨ ᠭᠤᠤᠯ ᠠᠢᠮᠠᠬ ᠡᠨᠧᠷᠬᠢ᠎ᠶ᠋ᠢᠨ ᠠᠵᠦ᠍ ᠠᠬᠤᠢ᠎ᠶ᠋ᠢᠨ ᠬᠦᠷᠢᠶᠡᠨ᠎ᠳᠤ ᠴᠢᠬᠤᠯᠠ ᠶᠡᠭᠡ ᠲᠠᠪᠠᠯᠳᠠ᠎ᠲᠠᠢ ᠪᠤᠯᠵᠠᠢ᠂ ᠡᠨᠡ᠎ᠨᠢ ᠪᠠᠰᠠ ᠲᠤᠰ ᠠᠢᠮᠠᠬ ᠤᠨᠴᠠ ᠦᠨᠳᠦᠷ ᠬᠦᠴᠦᠳᠡᠯᠳᠤ ᠴᠠᠬᠢᠯᠭᠠᠨ᠎ᠢ ᠭᠠᠳᠠᠬ᠍ᠰᠢ ᠬᠦᠷᠬᠡᠬᠦ᠌ ᠱᠢᠨ᠎ᠠ ᠡᠨᠧᠷᠬᠢ᠎ᠶ᠋ᠢᠨ ᠰᠠᠭᠤᠷᠢᠨ᠎ᠢ ᠦᠨᠳᠦᠰᠦᠨ᠎ᠳᠡᠭᠡᠨ ᠪᠦᠲᠦᠬᠡᠨ ᠪᠠᠢᠭᠤᠯᠵᠦ᠍ ᠲᠠᠭᠤᠰᠭᠠᠬ᠍ᠰᠠᠨ᠎ᠢ ᠬᠠᠷᠠᠭᠤᠯᠵᠣ ᠪᠣᠢ᠃

ᠲᠡᠯᠡᠬᠡᠢ ᠲᠡᠬᠡᠷᠡᠬᠢ ᠠᠳᠠᠯᠢ ᠬᠦᠷᠢᠶᠡᠨ᠎ᠳᠠᠬᠢ ᠠᠩᠬᠠᠨ᠎ᠤ ᠡᠬᠦᠳᠦᠯᠳᠡ ᠪᠤᠯᠤᠬ᠍ᠰᠠᠨ ᠡᠨᠡ ᠬᠦ᠌ ᠤᠨᠴᠠ ᠦᠨᠳᠦᠷ ᠬᠦᠴᠦᠳᠡᠯᠳᠤ ᠴᠠᠬᠢᠯᠭᠠᠨ᠎ᠢ ᠭᠠᠳᠠᠬ᠍ᠰᠢ ᠬᠦᠷᠬᠡᠬᠦ᠌ ᠱᠢᠰᠲ᠋ᠧᠮ᠎ᠤᠨ ᠪᠠᠷᠢᠯᠭ᠎ᠠ᠎ᠶ᠋ᠢᠨ ᠡᠯ᠎ᠠ ᠵᠦᠢᠯ᠎ᠤᠨ ᠲᠤᠰᠭᠠᠢ ᠠᠱᠢᠬ᠎ᠤᠨ ᠮᠡᠷᠬᠡᠵᠢᠯ᠎ᠤᠨ ᠰᠤᠳᠤᠯᠤᠨ ᠨᠡᠬᠡᠬᠡᠯᠳᠡ ᠪᠠ ᠬᠡᠷᠡᠭ᠌ᠯᠡᠯᠳᠡ᠎ᠨᠢ ᠠᠵᠢᠯ ᠲᠦᠷᠦᠯ᠎ᠤᠨ᠎ᠢᠶᠠᠨ ᠬᠦᠭ᠌ᠵᠢᠯᠳᠡ᠎ᠳᠤ ᠬᠡᠪ ᠲᠠᠭᠤᠷᠢᠶᠠᠯ ᠪᠣᠯᠵᠣ᠂ ᠤᠨᠴᠠ ᠦᠨᠳᠦᠷ ᠬᠦᠴᠦᠳᠡᠯᠳᠤ ᠴᠠᠬᠢᠯᠭᠠᠨ ᠬᠦᠷᠬᠡᠬᠦ᠌ ᠱᠤᠭᠤᠮ᠎ᠤᠨ ᠪᠠᠷᠢᠯᠭ᠎ᠠ᠎ᠶ᠋ᠢᠨ ᠬᠦᠷᠢᠶ᠎ᠠ 《ᠲᠡᠯᠡᠬᠡᠢ᠎ᠶ᠋ᠢᠨ ᠬᠡᠪᠴᠢᠶᠡᠨ᠎ᠳᠤ ᠲᠤᠮᠳᠠᠳᠤ ᠤᠯᠤᠰ᠎ᠢᠶᠠᠷ ᠪᠠᠷᠢᠮᠵᠢᠶᠠᠯᠠᠵᠦ᠍᠂ ᠲᠤᠮᠳᠠᠳᠤ ᠤᠯᠤᠰ ᠱᠢᠯᠢ᠎ᠶ᠋ᠢᠨ ᠭᠤᠤᠯ᠎ᠢᠶᠠᠷ ᠪᠠᠷᠢᠮᠵᠢᠶᠠᠯᠠᠬᠤ》 ᠪᠤᠯᠪᠠ᠃

《ᠠᠷᠪᠠᠨ ᠭᠤᠷᠪᠠᠳᠤᠭᠠᠷ ᠲᠠᠪᠤᠨ ᠵᠢᠯ》 ᠎ᠠᠴᠠ ᠨᠠᠭᠠᠰᠢ᠂ ᠱᠢᠯᠢ᠎ᠶ᠋ᠢᠨ ᠭᠤᠤᠯ ᠠᠢᠮᠠᠬ ᠠᠮᠢ ᠠᠬᠤᠢ᠎ᠶ᠋ᠢ ᠤᠷᠢᠳ᠎ᠢᠶᠠᠷ ᠪᠤᠳᠤᠯᠬᠢᠯᠠᠵᠦ᠍᠂ ᠪᠤᠬᠢᠷᠳᠤᠯ ᠦᠬᠡᠢ ᠬᠦᠭ᠌ᠵᠢᠬᠦᠯᠬᠦ᠌》 ᠤᠢ᠍ᠢᠯᠠᠭᠠᠬ᠍ᠳᠠᠬᠤᠨ᠎ᠢ ᠴᠢᠩᠭ᠎ᠠ ᠵᠢᠷᠤᠮᠯᠠᠨ᠂ ᠡᠨᠧᠷᠬᠢ᠎ᠶ᠋ᠢᠨ ᠠᠵᠦ᠍ ᠦᠢᠯᠡᠰ᠎ᠤᠨ 《ᠲᠦᠷᠪᠡᠨ ᠬᠤᠪᠢᠰᠭᠠᠯ᠂ ᠨᠢᠬᠡ ᠬᠠᠮᠳᠤᠷᠠᠯᠴᠠᠭ᠎ᠠ》 ᠎ᠶ᠋ᠢᠨ ᠪᠠᠢᠯᠳᠤᠬᠤ ᠪᠤᠳᠤᠯᠭ᠎ᠠ᠎ᠶ᠋ᠢᠨ ᠦᠵᠡᠯ ᠰᠠᠨᠠᠭ᠎ᠠ᠎ᠪᠠᠷ ᠬᠦᠲᠦᠯᠦᠨ ᠲᠠᠭᠠᠭᠤᠯᠵᠦ᠍᠂ ᠤᠳᠤ ᠦᠶ᠎ᠠ᠎ᠶ᠋ᠢᠨ ᠡᠨᠧᠷᠬᠢ᠎ᠶ᠋ᠢᠨ ᠠᠵᠦ᠍ ᠠᠬᠤᠢ᠎ᠶ᠋ᠢᠨ ᠱᠢᠰᠲ᠋ᠧᠮ᠎ᠢ ᠴᠤᠬ᠍ᠴᠠᠯᠠᠨ᠂ ᠡᠨᠧᠷᠬᠢ᠎ᠶ᠋ᠢᠨ ᠠᠵᠤ ᠠᠬᠤᠢ᠎ᠶ᠋ᠢᠨ ᠴᠢᠨᠠᠷ ᠰᠠᠢᠳᠠᠢ ᠬᠦᠭ᠌ᠵᠢᠯᠳᠡ᠎ᠶ᠋ᠢ ᠠᠬᠢᠭᠤᠯᠬᠤ᠎ᠪᠠᠷ ᠭᠤᠤᠯ ᠱᠢᠪᠲᠤᠯᠤᠯᠳᠠ᠎ᠶ᠋ᠢᠨ ᠴᠢᠭ᠌ᠯᠡᠯ ᠪᠤᠯᠭᠠᠵᠦ᠍᠂ 《ᠪᠤᠬᠢᠷᠳᠤᠯ ᠦᠬᠡᠢ᠂ ᠨᠡᠬᠦᠷᠡᠰᠦᠳᠦ᠋ᠷᠦᠭ᠌ᠴᠢ ᠪᠠᠭ᠎ᠠ᠂ ᠠᠮᠤᠷ ᠲᠦᠪᠱᠢᠨ᠂ ᠦᠷ᠎ᠠ ᠠᠱᠢᠬ ᠦᠨᠳᠦᠷ》 ᠪᠠᠢᠬᠤ᠎ᠪᠠᠷ ᠬᠦᠭ᠌ᠵᠢᠯᠳᠡ᠎ᠶ᠋ᠢᠨ ᠬᠠᠷᠠᠯᠳᠠ ᠪᠤᠯᠭᠠᠵᠦ᠍᠂ ᠤᠯᠤᠰ᠎ᠤᠨ ᠴᠡᠪᠡᠷ ᠡᠨᠧᠷᠬᠢ᠎ᠶ᠋ᠢ ᠭᠠᠳᠠᠬ᠍ᠰᠢ ᠬᠦᠷᠬᠡᠬᠦ᠌ ᠴᠢᠬᠤᠯᠠ ᠰᠠᠭᠤᠷᠢᠨ᠎ᠢ ᠪᠦᠬᠦ᠌ ᠬᠦᠴᠦᠨ᠎ᠢᠶᠠᠷ᠎ᠢᠶᠠᠨ ᠴᠤᠬ᠍ᠴᠠᠯᠠᠨ᠎ᠠ᠃


QQ截图20210609153410.jpg


ᠨᠡᠬᠦᠷᠡᠰᠤ᠎ᠶ᠋ᠢ ᠤᠨᠳᠤᠤᠱᠢᠭᠤᠯᠵᠦ᠍ ᠨᠡᠬᠦᠷᠡᠰᠤᠨ᠎ᠤ ᠪᠤᠬᠢᠷᠳᠤᠯ ᠦᠬᠡᠢ ᠠᠭᠤᠯᠬᠤᠨ᠎ᠢ ᠲᠡᠭᠡᠭ᠌ᠰᠢᠯᠡᠬᠦᠯᠦᠨ᠎ᠡ

2016 ᠤᠨ᠎ᠠᠴᠠ ᠨᠠᠭᠠᠰᠢ᠂ ᠤᠯᠤᠰ᠎ᠠᠴᠠ ᠱᠢᠯᠢ᠎ᠶ᠋ᠢᠨ ᠭᠤᠤᠯ ᠠᠢᠮᠠᠬ᠎ᠤᠨ ᠨᠡᠬᠦᠷᠡᠰᠤᠨ᠎ᠤ ᠰᠠᠭᠤᠷᠢᠨ᠎ᠤ ᠪᠦᠲᠦᠬᠡᠨ ᠪᠠᠢᠭᠤᠯᠤᠯᠳᠠ᠎ᠶ᠋ᠢ ᠲᠦᠷᠬᠡᠳᠭᠡᠨ ᠠᠬᠢᠭᠤᠯᠵᠦ᠍᠂ ᠱᠢᠯᠢᠳᠡᠭ ᠦᠢᠯᠡᠳᠪᠦᠷᠢᠯᠡᠯ᠎ᠤᠨ ᠴᠢᠳᠠᠪᠤᠷᠢ᠎ᠶ᠋ᠢ 7400 ᠲᠦᠮᠡᠨ ᠲᠤᠨ / ᠵᠢᠯ ᠱᠢᠨ᠎ᠠ᠎ᠪᠠᠷ ᠬᠠᠷᠭᠤᠭᠤᠯᠤᠨ ᠵᠦᠪᠱᠢᠶᠡᠷᠡᠵᠦ᠍᠂ ᠱᠢᠯᠢ᠎ᠶ᠋ᠢᠨ ᠭᠤᠤᠯ ᠠᠢᠮᠠᠬ᠎ᠤᠨ ᠨᠡᠬᠦᠷᠡᠰᠤᠨ᠎ᠤ ᠬᠠᠩᠭᠠᠯᠭ᠎ᠠ᠎ᠶ᠋ᠢᠨ ᠴᠢᠳᠠᠪᠤᠷᠢ ᠢᠯᠡᠷᠬᠡᠢ ᠲᠡᠭᠡᠭ᠌ᠰᠢᠯᠡᠵᠦ᠍᠂ ᠵᠢᠯ ᠲᠤᠮᠳᠠᠴᠢ᠎ᠶ᠋ᠢᠨ ᠨᠡᠬᠦᠷᠡᠰᠤᠨ᠎ᠤ ᠦᠢᠯᠡᠳᠪᠦᠷᠢᠯᠡᠯ᠎ᠤᠨ ᠬᠡᠮᠵᠢᠶ᠎ᠠ 1 ᠳ᠋ᠦᠩᠱᠢᠭᠤᠷ ᠲᠤᠨ᠎ᠳᠤ ᠲᠤᠬ᠍ᠳᠠᠪᠤᠷᠢᠵᠢᠬ᠍ᠰᠠᠨ᠎ᠤ ᠲᠤᠳᠤᠷ᠎ᠠ᠂ 2/3 ᠎ᠨᠢ ᠠᠢᠮᠠᠬ᠎ᠤᠨ ᠭᠠᠳᠠᠨᠠᠬᠢ ᠨᠡᠬᠦᠷᠡᠰᠤᠨ᠎ᠤ ᠬᠡᠷᠡᠭ᠌ᠯᠡᠭᠡ᠎ᠶ᠋ᠢ ᠪᠠᠳᠤᠯᠠᠵᠦ᠍᠂ ᠵᠡᠬᠦᠨ ᠬᠤᠢᠳᠤ ᠤᠷᠤᠨ ᠪᠠ ᠦᠪᠦᠷ ᠮᠤᠩᠭᠤᠯ᠎ᠤᠨ ᠵᠡᠬᠦᠨ ᠪᠡᠶ᠎ᠠ᠎ᠶ᠋ᠢᠨ ᠭᠠᠵᠠᠷ ᠤᠷᠤᠨ᠎ᠤ ᠠᠷᠠᠳ᠎ᠤᠨ ᠠᠮᠢᠳᠤᠷᠠᠯ᠎ᠤᠨ ᠢᠯᠴᠢ᠎ᠶ᠋ᠢᠨ ᠬᠠᠩᠭᠠᠯᠭ᠎ᠠ ᠪᠠ ᠭᠤᠤᠯᠳᠠᠯᠭ᠎ᠠ᠎ᠲᠠᠢ ᠠᠵᠦ᠍ ᠦᠢᠯᠡᠳᠪᠦᠷᠢ᠎ᠶ᠋ᠢᠨ ᠨᠡᠬᠦᠷᠡᠰᠤ ᠬᠡᠷᠡᠭ᠌ᠯᠡᠬᠦ᠌ ᠬᠡᠷᠡᠭ᠌ᠴᠡᠭᠡ᠎ᠶ᠋ᠢ ᠬᠦᠴᠦᠳᠡᠢ ᠪᠠᠳᠤᠯᠠᠵᠣ ᠪᠠᠢᠨ᠎ᠠ᠃

ᠨᠡᠬᠦᠷᠡᠰᠤ᠎ᠶ᠋ᠢ ᠨᠡᠬᠡᠬᠡᠨ ᠬᠦᠭ᠌ᠵᠢᠬᠦᠯᠬᠦ᠌ ᠶᠠᠪᠤᠴᠠ᠎ᠳᠤ᠂ ᠱᠢᠯᠢ᠎ᠶ᠋ᠢᠨ ᠭᠤᠤᠯ ᠠᠢᠮᠠᠬ 《ᠬᠦᠬᠡᠮᠳᠦᠭ ᠨᠤᠭᠤᠭᠠᠨ ᠠᠭᠤᠯᠠ ᠤᠰᠤ ᠪᠤᠯ ᠲᠠᠷᠤᠢ ᠠᠯᠳᠠ ᠮᠦᠩᠬᠦᠨ ᠠᠭᠤᠯᠠ》 ᠪᠣᠯᠬᠤ ᠤᠢ᠍ᠢᠯᠠᠭᠠᠬ᠍ᠳᠠᠬᠤᠨ᠎ᠢ ᠦᠨᠡᠨ ᠬᠦ᠌ ᠦᠢᠯᠡᠳᠦᠯᠬᠡᠵᠢᠬᠦᠯᠵᠦ᠍᠂ ᠤᠯᠠᠨ ᠵᠦᠢᠯ᠎ᠤᠨ ᠠᠮᠢ ᠠᠬᠤᠢ᠎ᠶ᠋ᠢ ᠶᠡᠷᠦᠩᠬᠡᠢᠯᠡᠨ ᠵᠠᠰᠠᠬᠤ ᠠᠷᠭ᠎ᠠ ᠬᠡᠮᠵᠢᠶ᠎ᠠ ᠠᠪᠴᠤ᠌᠂ ᠨᠡᠬᠦᠷᠡᠰᠤᠨ ᠠᠭᠤᠷᠬᠠᠢ᠎ᠶ᠋ᠢᠨ ᠤᠷᠤᠨ᠎ᠤ ᠤᠷᠭᠤᠮᠠᠯ᠎ᠤᠨ ᠪᠦᠷᠬᠦᠴᠡ᠎ᠶ᠋ᠢ 80% ᠭᠠᠷᠤᠢ ᠪᠤᠯᠳᠠᠯ᠎ᠠ ᠰᠡᠷᠬᠦᠬᠡᠨ ᠤᠢ᠍ᠢᠵᠢᠭᠤᠯᠵᠦ᠍᠂ ᠨᠡᠬᠦᠷᠡᠰᠤᠨ ᠠᠭᠤᠷᠬᠠᠢ᠎ᠶ᠋ᠢᠨ ᠮᠧᠬᠠᠨᠢᠬ᠍ᠵᠢᠯᠳᠠ᠎ᠶ᠋ᠢᠨ ᠨᠤᠷᠮ᠎ᠠ᠎ᠨᠢ 100% ᠎ᠳᠤ ᠬᠦᠷᠴᠤ᠌᠂ ᠵᠠᠳᠠᠭᠠᠢ ᠨᠡᠬᠦᠷᠡᠰᠤᠨ ᠠᠭᠤᠷᠬᠠᠢ᠎ᠶ᠋ᠢᠨ ᠬᠦᠳᠡᠷ ᠭᠠᠷᠭᠠᠬᠤ ᠨᠤᠷᠮ᠎ᠠ᠎ᠨᠢ 90% ᠎ᠶ᠋ᠢ ᠲᠠᠪᠠᠵᠠᠢ᠃

2020 ᠤᠨ᠎ᠳᠤ᠂ ᠱᠢᠯᠢ᠎ᠶ᠋ᠢᠨ ᠭᠤᠤᠯ ᠠᠢᠮᠠᠬ ᠠᠭᠤᠷᠬᠠᠢ᠎ᠶ᠋ᠢᠨ ᠠᠮᠢ ᠠᠬᠤᠢ ᠤᠷᠴᠢᠨ ᠲᠤᠭᠤᠷᠢᠨ᠎ᠢ ᠵᠠᠰᠠᠬᠤ ᠡᠷᠴᠢᠮ᠎ᠢᠶᠠᠨ ᠴᠢᠨᠠᠬ᠍ᠰᠢᠳᠠ ᠴᠢᠩᠭᠠᠷᠠᠭᠤᠯᠵᠦ᠍᠂ ᠪᠤᠬᠢᠷᠳᠤᠯ ᠦᠬᠡᠢ ᠠᠭᠤᠷᠬᠠᠢ᠎ᠶ᠋ᠢᠨ ᠪᠦᠲᠦᠬᠡᠨ ᠪᠠᠢᠭᠤᠯᠤᠯᠳᠠ᠎ᠶ᠋ᠢ ᠲᠦᠷᠬᠡᠳᠭᠡᠵᠦ᠍᠂ ᠡᠨᠡ ᠵᠢᠯ᠎ᠤᠨ ᠵᠢᠯ᠎ᠤᠨ ᠰᠡᠭᠦᠯᠴᠢ ᠪᠣᠯᠳᠠᠯ᠎ᠠ ᠪᠦᠬᠦ᠌ ᠵᠠᠳᠠᠭᠠᠢ ᠠᠭᠤᠷᠬᠠᠢ᠎ᠪᠠᠨ ᠪᠦᠷ ᠤᠯᠤᠰ᠎ᠤᠨ ᠲᠡᠰ᠎ᠤᠨ ᠪᠤᠬᠢᠷᠳᠤᠯ ᠦᠬᠡᠢ ᠠᠭᠤᠷᠬᠠᠢ᠎ᠶ᠋ᠢᠨ ᠪᠦᠲᠦᠬᠡᠨ ᠪᠠᠢᠭᠤᠯᠤᠯᠳᠠ᠎ᠶ᠋ᠢᠨ ᠪᠠᠷᠢᠮᠵᠢᠶ᠎ᠠ᠎ᠳᠤ ᠬᠦᠷᠭᠡᠬᠦ᠌᠎ᠪᠠᠷ ᠪᠠᠢᠨ᠎ᠠ᠃ ᠱᠢᠯᠢ᠎ᠶ᠋ᠢᠨ ᠭᠤᠤᠯ ᠠᠢᠮᠠᠬ ᠠᠭᠤᠷᠬᠠᠢ᠎ᠶ᠋ᠢᠨ ᠠᠮᠢ ᠠᠬᠤᠢ ᠤᠷᠴᠢᠨ ᠲᠤᠭᠤᠷᠢᠨ᠎ᠢᠶᠠᠨ ᠦᠷᠬᠦᠯᠵᠢᠯᠡᠨ ᠰᠠᠢᠵᠢᠷᠠᠭᠤᠯᠬᠤ᠎ᠶ᠋ᠢᠨ ᠬᠠᠮᠳᠤ᠂ ᠬᠠᠮᠤᠬ᠎ᠤᠨ ᠴᠢᠩᠭ᠎ᠠ ᠨᠤᠳᠤᠬ ᠪᠡᠯᠴᠢᠬᠡᠷ᠎ᠤᠨ ᠠᠮᠢ ᠠᠬᠤᠢ᠎ᠶ᠋ᠢ ᠬᠠᠮᠠᠭᠠᠯᠠᠬᠤ ᠲᠦᠷᠢᠮ᠎ᠢ ᠬᠡᠷᠡᠭ᠌ᠵᠢᠬᠦᠯᠵᠦ᠍᠂ ᠲᠠᠯ᠎ᠠ ᠨᠤᠳᠤᠬ᠎ᠲᠤ ᠱᠢᠨ᠎ᠠ᠎ᠪᠠᠷ ᠠᠭᠤᠷᠬᠠᠢ ᠨᠡᠬᠡᠬᠡᠬᠦ᠌ ᠲᠦᠷᠦᠯ ᠵᠦᠢᠯ᠎ᠢ ᠡᠷᠡᠰ ᠲᠠᠰᠤ ᠬᠤᠷᠢᠬ᠍ᠯᠠᠵᠦ᠍᠂ ᠪᠠᠭ᠎ᠠ ᠲᠠᠷᠠᠬᠠᠢ ᠠᠭᠤᠷᠬᠠᠢ᠎ᠶ᠋ᠢ ᠨᠡᠬᠡᠬᠡᠨ ᠬᠦᠭ᠌ᠵᠢᠬᠦᠯᠬᠦ᠌ ᠬᠤᠭᠤᠴᠠᠭ᠎ᠠ ᠲᠤᠯᠤᠬ᠍ᠰᠠᠨ᠎ᠤ ᠲᠠᠷᠠᠭ᠎ᠠ ᠵᠠᠯᠭᠠᠭᠠᠳ ᠨᠡᠭᠡᠭᠡᠬᠦ᠌᠎ᠶ᠋ᠢ ᠡᠷᠡᠰ ᠵᠣᠭ᠍ᠰᠣᠭᠠᠵᠣ᠂ ᠪᠤᠬᠢᠷᠳᠤᠯ ᠦᠬᠡᠢ ᠬᠦᠭ᠌ᠵᠢᠬᠦᠯᠬᠦ᠌᠎ᠳᠤ ᠨᠡᠢᠴᠡᠬᠦ᠌ ᠦᠬᠡᠢ ᠠᠭᠤᠷᠬᠠᠢ᠎ᠶ᠋ᠢᠨ ᠠᠵᠦ᠍ ᠠᠬᠤᠢ᠍ᠢᠯᠠᠯ᠎ᠢ ᠱᠢᠭ᠌ᠰᠢᠭ᠌ᠳᠡᠬᠦᠯᠵᠦ᠍᠂ ᠡᠬᠡ ᠤᠯᠤᠰ᠎ᠤᠨ ᠤᠮᠠᠷᠠᠳᠤ ᠬᠢᠯᠢ᠎ᠶ᠋ᠢᠨ ᠲᠦᠮᠡᠨ ᠭᠠᠵᠠᠷ᠎ᠤᠨ ᠨᠤᠮᠢᠨ ᠨᠤᠭᠤᠭᠠᠨ ᠬᠠᠯᠬᠠᠪᠴᠢ᠎ᠶ᠋ᠢ ᠨᠡᠩ ᠪᠠᠳᠤ ᠪᠠᠬᠢ ᠪᠤᠯᠭᠠᠨ ᠴᠤᠬ᠍ᠴᠠᠯᠠᠨ᠎ᠠ᠃


QQ截图20210609153421.jpg


ᠨᠡᠬᠦᠷᠡᠰᠤ᠎ᠶ᠋ᠢ ᠠᠭᠠᠷ᠎ᠢᠶᠠᠷ 《ᠵᠠᠮᠨᠠᠭᠤᠯᠵᠣ》 ᠴᠠᠬᠢᠯᠭᠠᠨ᠎ᠢᠶᠠᠨ ᠪᠦᠬᠦ᠌ ᠤᠯᠤᠰ᠎ᠲᠤ ᠬᠦᠷᠬᠡᠨ᠎ᠡ

ᠬᠦᠷᠡᠩ ᠨᠡᠬᠦᠷᠡᠰᠤᠨ᠎ᠤ ᠬᠦᠭ᠌ᠵᠢᠯᠳᠡ᠎ᠶ᠋ᠢᠨ ᠲᠤᠳᠠᠭᠤᠳᠠᠯ᠎ᠤᠨ ᠪᠤᠳᠠᠳᠠᠢ᠎ᠳᠠᠭᠠᠨ ᠰᠠᠭᠤᠷᠢᠯᠠᠵᠦ᠍᠂ ᠱᠢᠯᠢ᠎ᠶ᠋ᠢᠨ ᠭᠤᠤᠯ ᠠᠢᠮᠠᠬ ᠨᠡᠬᠦᠷᠡᠰᠤ᠎ᠪᠠᠷ ᠴᠠᠬᠢᠯᠭᠠᠨ ᠭᠠᠷᠭᠠᠬᠤ ᠠᠵᠦ᠍ ᠦᠢᠯᠡᠰ᠎ᠢ ᠶᠡᠭᠡ᠎ᠪᠠᠷ ᠬᠦᠭ᠌ᠵᠢᠬᠦᠯᠵᠡᠢ᠃ ᠱᠢᠯᠢ᠎ᠶ᠋ᠢᠨ ᠭᠤᠤᠯ ᠠᠢᠮᠠᠬ᠎ᠠᠴᠠ ᠱᠠᠨᠳᠦ᠋ᠩ ᠬᠦᠷᠬᠦ᠂ ᠱᠢᠯᠢ᠎ᠶ᠋ᠢᠨ ᠭᠤᠤᠯ ᠠᠢᠮᠠᠬ᠎ᠠᠴᠠ ᠵᠢᠶᠠᠩᠰᠤ᠎ᠶ᠋ᠢᠨ ᠲᠡᠢᠵᠧᠤ ᠬᠦᠷᠬᠦ᠌ ᠬᠤᠶᠠᠷ ᠵᠤᠷᠪᠤᠰ ᠤᠨᠴᠠ ᠦᠨᠳᠦᠷ ᠬᠦᠴᠦᠳᠡᠯᠳᠤ ᠴᠠᠬᠢᠯᠭᠠᠨ᠎ᠢ ᠭᠠᠳᠠᠬ᠍ᠰᠢ ᠬᠦᠷᠬᠡᠬᠦ᠌ ᠱᠤᠭᠤᠮ ᠤᠷᠢᠳ ᠬᠤᠵᠢᠳ ᠲᠤᠰ ᠲᠤᠰ 2016 ᠤᠨ᠎ᠤ 7 ᠰᠠᠷ᠎ᠠ᠂ 2017 ᠤᠨ᠎ᠤ 9 ᠰᠠᠷ᠎ᠠ᠎ᠳᠤ ᠠᠱᠢᠬ᠍ᠯᠠᠯᠳᠠ᠎ᠳᠤ ᠤᠷᠤᠵᠦ᠍᠂ ᠤᠮᠠᠷᠠᠳᠤ ᠤᠷᠤᠨ᠂ ᠳᠣᠷᠣᠨᠠᠳᠣ ᠤᠷᠤᠨ ᠵᠡᠷᠬᠡ ᠭᠠᠵᠠᠷ ᠤᠷᠤᠨ᠎ᠳᠤ ᠨᠡᠪᠲᠡᠷᠡᠭ᠌ᠰᠡᠨ ᠪᠤᠬᠢᠷᠳᠤᠯ ᠦᠬᠡᠢ ᠴᠠᠬᠢᠯᠭᠠᠨ ᠬᠦᠴᠤᠨ᠎ᠤ 《ᠲᠦᠷᠬᠡᠨ᠎ᠤ ᠵᠠᠮ》 ᠪᠦᠬᠦ᠌ ᠱᠤᠭᠤᠮ᠎ᠢᠶᠠᠷ᠎ᠢᠶᠠᠨ ᠨᠡᠪᠲᠡᠷᠡᠵᠡᠢ᠃ ᠱᠢᠯᠢ᠎ᠶ᠋ᠢᠨ ᠭᠤᠤᠯ ᠠᠢᠮᠠᠬ᠎ᠤᠨ ᠬᠤᠪᠢᠰᠤᠮᠠᠯ᠂ ᠲᠤᠬ᠍ᠳᠠᠮᠠᠯ ᠬᠦᠶᠦᠳᠡᠯᠳᠤ ᠤᠨᠴᠠ ᠦᠨᠳᠦᠷ ᠬᠦᠴᠦᠳᠡᠯᠳᠤ ᠴᠠᠬᠢᠯᠭᠠᠨ ᠬᠦᠷᠬᠡᠬᠦ᠌ ᠪᠠᠷᠢᠯᠭ᠎ᠠ᠎ᠨᠢ ᠤᠯᠤᠰ᠎ᠤᠨ ᠲᠤᠳᠤᠭᠠᠳᠤ᠎ᠳᠤ ᠠᠩᠬ᠎ᠠ ᠤᠳᠠᠭ᠎ᠠ ᠴᠠᠬᠢᠯᠭᠠᠨ ᠲᠤᠤᠷ᠎ᠢ ᠨᠡᠢᠯᠡᠬᠦᠯᠤᠨ ᠠᠵᠢᠯᠯᠠᠭᠤᠯᠵᠦ᠍᠂ ᠵᠢᠯ᠎ᠤᠨ ᠴᠠᠬᠢᠯᠭᠠᠨ ᠬᠦᠷᠬᠡᠬᠦ᠌ ᠴᠢᠳᠠᠪᠤᠷᠢ᠎ᠨᠢ 1800 ᠲᠦᠮᠡᠨ ᠺᠢᠯᠤᠸᠠᠲ᠎ᠲᠤ ᠬᠦᠷᠴᠤ᠌᠂ 5500 ᠲᠦᠮᠡᠨ ᠲᠤᠨ ᠨᠡᠬᠦᠷᠡᠰᠤ᠎ᠶ᠋ᠢ ᠲᠤᠬᠠᠢ᠎ᠶ᠋ᠢᠨ ᠭᠠᠵᠠᠷ᠎ᠲᠠᠭᠠᠨ ᠤᠨᠳᠤᠤᠱᠢᠭᠤᠯᠵᠦ᠍ ᠲᠡᠢᠯᠬᠦ᠌ ᠪᠤᠯᠵᠦ᠍᠂ ᠲᠤᠬᠠᠢ᠎ᠶ᠋ᠢᠨ ᠭᠠᠵᠠᠷ᠎ᠲᠠᠭᠠᠨ ᠤᠨᠳᠤᠤᠱᠢᠭᠤᠯᠬᠤ ᠨᠤᠷᠮ᠎ᠠ᠎ᠨᠢ ᠤᠤᠯ᠎ᠤᠨ 26% ᠎ᠠᠴᠠ᠎ᠪᠠᠨ 50% ᠪᠤᠯᠵᠦ᠍ ᠲᠡᠭᠡᠭ᠌ᠰᠢᠯᠡᠵᠤ᠂ 《ᠨᠡᠬᠦᠷᠡᠰᠤ ᠠᠭᠠᠷ᠎ᠢᠶᠠᠷ 〈ᠶᠠᠪᠤᠵᠦ᠍〉᠂ ᠴᠠᠬᠢᠯᠭᠠᠨ᠎ᠢᠶᠠᠨ ᠪᠦᠬᠦ᠌ ᠤᠯᠤᠰ᠎ᠲᠤ ᠬᠦᠷᠬᠡᠬᠦ᠌》 ᠬᠠᠷᠠᠯᠳᠠ᠎ᠶ᠋ᠢ ᠤᠳᠠᠯ ᠦᠬᠡᠢ ᠪᠡᠶᠡᠯᠡᠬᠦᠯᠤᠨ᠂ ᠡᠨᠧᠷᠬᠢ᠎ᠶ᠋ᠢᠨ ᠡᠬᠢ ᠪᠠᠶᠠᠯᠢᠬ᠎ᠢ ᠪᠦᠬᠦ᠌ ᠤᠯᠤᠰ᠎ᠤᠨ ᠬᠡᠪᠴᠢᠶᠡᠨ᠎ᠳᠤ ᠱᠢᠯᠢᠳᠡᠭ᠌ᠵᠢᠬᠦᠯᠦᠨ ᠲᠤᠬᠢᠷᠠᠭᠤᠯᠬᠤ ᠪᠠ ᠦᠨᠳᠦᠷ ᠪᠦᠲᠦᠮᠵᠢᠳᠡᠢ ᠦᠢᠯᠡᠳᠦᠯ᠎ᠢ ᠴᠢᠨᠠᠬ᠍ᠰᠢᠳᠠ ᠪᠠᠳᠠᠷᠠᠭᠤᠯᠬᠤ ᠪᠤᠯᠤᠨ᠎ᠠ᠃

ᠬᠤᠶᠠᠷ ᠵᠤᠷᠪᠤᠰ ᠤᠨᠴᠠ ᠦᠨᠳᠦᠷ ᠬᠦᠴᠦᠳᠡᠯᠳᠤ ᠴᠠᠬᠢᠯᠭᠠᠨ᠎ᠢ ᠭᠠᠳᠠᠭ᠍ᠰᠢ ᠬᠦᠷᠬᠡᠬᠦ᠌ ᠱᠤᠭᠤᠮ᠎ᠳᠠᠭᠠᠨ ᠲᠦᠱᠢᠭ᠌ᠯᠡᠵᠦ᠍᠂ ᠱᠢᠯᠢ᠎ᠶ᠋ᠢᠨ ᠭᠤᠤᠯ ᠠᠢᠮᠠᠬ ᠪᠠᠰᠠ ᠴᠡᠪᠡᠷ ᠦᠨᠳᠦᠷ ᠪᠦᠲᠦᠮᠵᠢᠳᠡᠢ ᠨᠡᠬᠦᠷᠡᠰᠤ᠎ᠪᠠᠷ ᠴᠠᠬᠢᠯᠭᠠᠨ ᠭᠠᠷᠭᠠᠬᠤ ᠨᠢᠬᠡ ᠪᠦᠯᠦᠭ ᠲᠦᠷᠦᠯ ᠵᠦᠢᠯ᠎ᠢ ᠲᠦᠯᠦᠪᠵᠢᠬᠦᠯᠦᠨ ᠪᠦᠲᠦᠬᠡᠨ ᠪᠠᠢᠭᠤᠯᠵᠦ᠍᠂ ᠪᠦᠬᠦ᠌ ᠠᠢᠮᠠᠬ᠎ᠤᠨ ᠨᠢᠬᠡᠨᠳᠡ ᠠᠱᠢᠬ᠍ᠯᠠᠯᠳᠠ᠎ᠳᠤ ᠤᠷᠤᠬ᠍ᠰᠠᠨ ᠨᠡᠬᠦᠷᠡᠰᠤ᠎ᠪᠠᠷ ᠴᠠᠬᠢᠯᠭᠠᠨ ᠭᠠᠷᠭᠠᠬᠤ ᠮᠠᠱᠢᠨ ᠴᠤᠬ᠍ᠴᠠᠯᠠᠪᠤᠷᠢ᠎ᠶ᠋ᠢᠨ ᠬᠡᠪᠴᠢᠶᠡᠵᠢᠯ᠎ᠨᠢ 1241.4 ᠲᠦᠮᠡᠨ ᠺᠢᠯᠤᠸᠠᠲ᠎ᠲᠤ ᠬᠦᠷᠴᠤ᠌᠂ ᠬᠡᠪᠴᠢᠶᠡᠵᠢᠯ᠎ᠢᠶᠠᠷ᠎ᠢᠶᠠᠨ ᠪᠦᠬᠦ᠌ ᠤᠷᠤᠨ᠎ᠤ ᠬᠤᠶᠠᠳᠤᠭᠠᠷ᠎ᠲᠤ ᠣᠷᠣᠵᠣ᠂ 《ᠠᠷᠪᠠᠨ ᠬᠤᠶᠠᠳᠤᠭᠠᠷ ᠲᠠᠪᠤᠨ ᠵᠢᠯ》 ᠎ᠤᠨ ᠰᠡᠬᠦᠯᠴᠢ᠎ᠶ᠋ᠢᠨ 622 ᠲᠦᠮᠡᠨ ᠺᠢᠯᠤᠸᠠᠲ᠎ᠠᠴᠠ᠎ᠪᠠᠨ ᠨᠢᠬᠡ ᠲᠠᠬᠢᠨ ᠨᠡᠮᠡᠭ᠌ᠳᠡᠪᠡ᠃


QQ截图20210609153552.jpg


《ᠰᠠᠯᠬᠢ》 ᠎ᠶ᠋ᠢ ᠠᠱᠢᠬ᠍ᠯᠠᠵᠦ᠍ 《ᠨᠠᠷᠠ》 ᠎ᠶ᠋ᠢ ᠤᠬ᠍ᠳᠤᠬ᠍ᠰᠠᠨ ᠬᠦᠭ᠌ᠵᠢᠯᠳᠡ

ᠠᠢᠮᠠᠬ ᠲᠠᠶᠠᠭᠠᠷ᠎ᠤᠨ ᠴᠦᠬᠦᠷᠡᠯ ᠦᠬᠡᠢ ᠴᠢᠷᠮᠠᠢᠯᠭ᠎ᠠ᠎ᠪᠠᠷ᠂ ᠱᠢᠯᠢ᠎ᠶ᠋ᠢᠨ ᠭᠤᠤᠯ ᠠᠢᠮᠠᠬ᠎ᠤᠨ ᠰᠠᠯᠬᠢᠨ ᠬᠦᠴᠤ᠎ᠪᠠᠷ ᠴᠠᠬᠢᠯᠭᠠᠨ ᠭᠠᠷᠭᠠᠬᠤ ᠮᠠᠱᠢᠨ ᠴᠤᠬ᠍ᠴᠠᠯᠠᠪᠤᠷᠢ ᠨᠢᠬᠡᠨᠳᠡ 353.3 ᠲᠦᠮᠡᠨ ᠺᠢᠯᠤᠸᠠᠲ᠎ᠲᠤ ᠬᠦᠷᠴᠤ᠌᠂ ᠬᠡᠷᠡᠯᠴᠢ ᠴᠡᠨᠡᠭ᠎ᠢᠶᠠᠷ ᠴᠠᠬᠢᠯᠭᠠᠨ ᠭᠠᠷᠭᠠᠬᠤ ᠮᠠᠱᠢᠨ ᠴᠤᠬ᠍ᠴᠠᠯᠠᠪᠤᠷᠢ 62.2 ᠲᠦᠮᠡᠨ ᠺᠢᠯᠤᠸᠠᠲ᠎ᠲᠤ ᠬᠦᠷᠴᠤ᠌᠂ ᠬᠦᠢᠳᠡᠨᠱᠢᠯᠢ᠂ ᠵᠢᠷᠦᠬᠡ᠎ᠳᠤ 100 ᠲᠦᠮᠡᠨ ᠺᠢᠯᠤᠸᠠᠲ᠎ᠤᠨ ᠰᠠᠯᠬᠢᠨ ᠬᠦᠴᠤ᠎ᠪᠠᠷ ᠴᠠᠬᠢᠯᠭᠠᠨ ᠭᠠᠷᠭᠠᠬᠤ 2 ᠰᠠᠭᠤᠷᠢᠨ᠎ᠢ ᠨᠢᠬᠡᠨᠳᠡ ᠪᠦᠲᠦᠬᠡᠨ ᠪᠠᠢᠭᠤᠯᠵᠦ᠍᠂ ᠤᠨᠴᠠ ᠦᠨᠳᠦᠷ ᠬᠦᠴᠦᠳᠡᠯᠳᠤ ᠢᠵᠢ ᠪᠦᠷᠢᠳᠦᠭ᠌ᠰᠡᠨ ᠰᠠᠯᠬᠢᠨ ᠬᠦᠴᠤ᠎ᠪᠠᠷ ᠴᠠᠬᠢᠯᠭᠠᠨ ᠭᠠᠷᠭᠠᠬᠤ ᠲᠦᠷᠦᠯ ᠵᠦᠢᠯ᠎ᠢ ᠡᠨᠡ ᠵᠢᠯ᠎ᠤᠨ ᠰᠡᠬᠦᠯᠴᠢ᠎ᠪᠠᠷ ᠪᠦᠲᠦᠬᠡᠨ ᠪᠠᠢᠭᠤᠯᠵᠦ᠍ ᠲᠠᠭᠤᠰᠭᠠᠬ᠍ᠰᠠᠨ᠎ᠤ ᠲᠠᠷᠠᠭ᠎ᠠ᠂ ᠪᠦᠬᠦ᠌ ᠠᠢᠮᠠᠬ᠎ᠤᠨ ᠱᠢᠨ᠎ᠠ ᠡᠨᠧᠷᠬᠢ᠎ᠶ᠋ᠢᠨ ᠮᠠᠱᠢᠨ ᠴᠤᠬ᠍ᠴᠠᠯᠠᠪᠤᠷᠢ᠎ᠶ᠋ᠢᠨ ᠬᠡᠪᠴᠢᠶᠡᠵᠢᠯ᠎ᠨᠢ 1000 ᠲᠦᠮᠡᠨ ᠺᠢᠯᠤᠸᠠᠲ᠎ᠢ ᠲᠠᠪᠠᠨ᠂ 1125 ᠲᠦᠮᠡᠨ ᠺᠢᠯᠤᠸᠠᠲ᠎ᠲᠤ ᠬᠦᠷᠴᠤ᠌᠂ ᠪᠦᠬᠦ᠌ ᠤᠯᠤᠰ᠎ᠲᠤ ᠲᠦᠷᠦᠬᠦᠯᠡᠨ 《ᠠᠷᠪᠠᠨ ᠬᠤᠶᠠᠳᠤᠭᠠᠷ ᠲᠠᠪᠤᠨ ᠵᠢᠯ》 ᠎ᠤᠨ 3 ᠲᠠᠬᠢᠨ᠎ᠳᠤ ᠬᠦᠷᠬᠦ᠌ ᠪᠤᠯᠤᠨ᠎ᠠ᠃

ᠱᠢᠨ᠎ᠠ ᠡᠨᠧᠷᠬᠢ᠎ᠶ᠋ᠢ ᠨᠡᠬᠡᠬᠡᠨ ᠬᠦᠭ᠌ᠵᠢᠬᠦᠯᠬᠦ᠌ ᠶᠠᠪᠤᠴᠠ᠎ᠳᠤ᠂ ᠱᠢᠯᠢ᠎ᠶ᠋ᠢᠨ ᠭᠤᠤᠯ ᠠᠢᠮᠠᠬ ᠶᠡᠷᠦ᠎ᠨᠢ ᠨᠤᠳᠤᠬ ᠪᠡᠯᠴᠢᠬᠡᠷ᠎ᠤᠨ ᠠᠮᠢ ᠠᠬᠤᠢ᠎ᠶ᠋ᠢᠨ ᠤᠷᠴᠢᠨ ᠲᠤᠭᠤᠷᠢᠨ᠎ᠢ ᠬᠠᠮᠠᠭᠠᠯᠠᠬᠤ᠎ᠶ᠋ᠢ ᠲᠡᠷᠢᠬᠦᠨ᠎ᠳᠤ ᠲᠠᠯᠪᠢᠬ᠍ᠰᠠᠭᠠᠷ ᠢᠷᠡᠵᠡᠢ᠃ 2017 ᠤᠨ᠎ᠳᠤ ᠤᠯᠤᠰ᠎ᠤᠨ ᠡᠨᠧᠷᠬᠢ᠎ᠶ᠋ᠢᠨ ᠲᠤᠪᠴᠢᠶ᠎ᠠ᠎ᠠᠴᠠ ᠱᠢᠯᠢ᠎ᠶ᠋ᠢᠨ ᠭᠤᠤᠯ ᠠᠢᠮᠠᠬ᠎ᠤᠨ ᠰᠠᠯᠬᠢᠨ ᠬᠦᠴᠦ᠎ᠪᠠᠷ ᠴᠠᠬᠢᠯᠭᠠᠨ ᠭᠠᠷᠭᠠᠬᠤ ᠰᠠᠭᠤᠷᠢᠨ᠎ᠢ ᠪᠦᠲᠦᠬᠡᠨ ᠪᠠᠢᠭᠤᠯᠬᠤ᠎ᠶ᠋ᠢ ᠴᠤᠬᠤᠯᠠᠪᠤᠷᠢᠯᠠᠬᠤ᠎ᠳᠠᠭᠠᠨ᠂ ᠱᠢᠯᠢ᠎ᠶ᠋ᠢᠨ ᠭᠤᠤᠯ ᠠᠢᠮᠠᠬ᠎ᠤᠨ ᠪᠠᠷᠠᠭᠤᠨ ᠪᠡᠶ᠎ᠠ᠂ ᠲᠤᠮᠳᠠ ᠪᠡᠶ᠎ᠠ ᠪᠠ ᠵᠡᠬᠦᠨ ᠪᠡᠶ᠎ᠠ᠎ᠶ᠋ᠢᠨ ᠬᠤᠱᠢᠭᠤ ᠱᠢᠶᠠᠨ᠎ᠳᠤ ᠤᠢ᠍ᠢᠷ᠎ᠠ ᠵᠠᠢᠳᠠᠢ ᠪᠠᠢᠷᠢᠱᠢᠭᠤᠯᠬᠤ ᠱᠠᠭᠠᠷᠳᠠᠯᠭ᠎ᠠ ᠳᠣᠷᠠᠳᠴᠠᠢ᠃ ᠬᠡᠳᠦ᠋ᠢᠪᠡᠷ ᠮᠡᠷᠬᠡᠵᠢᠯ᠂ ᠠᠵᠦ᠍ ᠠᠬᠤᠢ᠎ᠶ᠋ᠢᠨ ᠲᠠᠯ᠎ᠠ᠎ᠠᠴᠠ ᠦᠵᠡᠪᠡᠯ᠂ ᠵᠡᠬᠦᠨ ᠲᠤᠮᠳᠠ ᠪᠡᠶ᠎ᠠ᠎ᠶ᠋ᠢᠨ ᠬᠤᠱᠢᠭᠤᠨ᠎ᠳᠤ ᠪᠠᠢᠷᠢᠱᠢᠭᠤᠯᠪᠠᠯ ᠬᠠᠮᠤᠬ᠎ᠤᠨ ᠲᠤᠬᠢᠷᠠᠮᠵᠢᠳᠠᠢ ᠪᠠᠢᠬ᠍ᠰᠠᠨ ᠴᠤ᠌᠂ ᠡᠳᠡᠬᠡᠷ ᠭᠠᠵᠠᠷ ᠤᠷᠤᠨ᠎ᠤ ᠨᠤᠳᠤᠬ ᠪᠡᠯᠴᠢᠬᠡᠷ᠎ᠤᠨ ᠤᠷᠭᠤᠮᠠᠯ᠎ᠤᠨ ᠪᠦᠷᠬᠦᠴᠡ ᠨᠡᠯᠢᠶᠡᠳ ᠰᠠᠢᠨ ᠲᠤᠯᠠ ᠱᠢᠯᠢ᠎ᠶ᠋ᠢᠨ ᠭᠤᠤᠯ ᠠᠢᠮᠠᠬ ᠠᠮᠢ ᠠᠬᠤᠢ᠎ᠶ᠋ᠢ ᠤᠷᠢᠳ᠎ᠢᠶᠠᠷ ᠪᠤᠳᠤᠯᠬᠢᠯᠠᠵᠦ᠍᠂ ᠪᠤᠬᠢᠷᠳᠤᠯ ᠦᠬᠡᠢ ᠬᠦᠭ᠌ᠵᠢᠬᠦᠯᠬᠦ᠌᠎ᠶ᠋ᠢ ᠪᠠᠷᠢᠮᠳᠠᠯᠠᠵᠦ᠍᠂ ᠵᠡᠬᠦᠨ ᠦᠵᠦᠮᠦᠴᠢᠨ᠂ ᠪᠠᠷᠠᠭᠤᠨ ᠦᠵᠦᠮᠦᠴᠢᠨ ᠪᠠ ᠤᠯᠠᠭᠠᠢ ᠵᠡᠷᠬᠡ ᠭᠤᠤᠯᠳᠠᠯᠭ᠎ᠠ᠎ᠲᠠᠢ ᠲᠠᠯ᠎ᠠ ᠨᠤᠳᠤᠬ᠎ᠤᠨ ᠭᠤᠤᠯ ᠤᠷᠤᠨ᠎ᠳᠤ ᠪᠠᠢᠷᠢᠱᠢᠭᠤᠯᠬᠤ᠎ᠠᠴᠠ ᠵᠠᠢᠯᠠᠰᠭᠢᠵᠦ᠍᠂ ᠡᠳᠡᠬᠡᠷ ᠲᠦᠷᠤᠯ ᠵᠦᠢᠯ᠎ᠢ ᠠᠢᠮᠠᠬ᠎ᠤᠨ᠎ᠢᠶᠠᠨ ᠪᠠᠷᠠᠭᠤᠨ ᠪᠡᠶ᠎ᠠ ᠪᠠ ᠡᠮᠦᠨ᠎ᠠ ᠪᠡᠶ᠎ᠠ᠎ᠶ᠋ᠢᠨ ᠲᠠᠴᠢᠷᠱᠢᠬ᠍ᠰᠠᠨ ᠲᠠᠯ᠎ᠠ ᠨᠤᠳᠤᠬ᠂ ᠠᠬ᠍ᠯᠠᠬ ᠤᠷᠤᠨ ᠪᠦᠰᠡ᠎ᠳᠤ ᠪᠠᠢᠷᠢᠱᠢᠭᠤᠯᠵᠦ᠍᠂ ᠲᠠᠯ᠎ᠠ ᠨᠤᠳᠤᠬ᠎ᠤᠨ ᠡᠬᠢ ᠪᠠᠶᠠᠯᠢᠬ᠎ᠢ ᠵᠦᠢ ᠵᠤᠬᠢᠰᠳᠠᠢ ᠬᠠᠮᠠᠭᠠᠯᠠᠵᠦ᠍ ᠠᠱᠢᠬ᠍ᠯᠠᠬ᠍ᠰᠠᠨ ᠪᠠᠢᠨ᠎ᠠ᠃

ᠰᠠᠯᠬᠢᠨ ᠬᠦᠴᠤ᠎ᠪᠠᠷ ᠴᠠᠬᠢᠯᠭᠠᠨ ᠭᠠᠷᠭᠠᠬᠤ ᠠᠵᠦ᠍ ᠦᠢᠯᠡᠰ᠎ᠤᠨ ᠲᠦᠷᠬᠡᠨ ᠬᠦᠭ᠌ᠵᠢᠯᠳᠡ᠎ᠳᠤ ᠲᠦᠱᠢᠭ᠌ᠯᠡᠵᠦ᠍᠂ ᠬᠠᠢ ᠵᠤᠧᠠᠩ᠂ ᠮᠢᠩ ᠶᠠᠩ᠂ ᠶ᠋ᠢᠨ ᠹᠧᠩ ᠵᠡᠷᠬᠡ ᠨᠢᠬᠡ ᠪᠦᠯᠦᠭ ᠴᠠᠬᠢᠯᠭᠠᠨ ᠬᠦᠴᠤ᠎ᠪᠠᠷ ᠴᠠᠬᠢᠯᠭᠠᠨ ᠭᠠᠷᠭᠠᠬᠤ ᠲᠡᠬᠡᠷ᠎ᠡ ᠲᠤᠤᠷ᠎ᠡ ᠬᠡᠯᠬᠢᠶ᠎ᠠ᠎ᠶ᠋ᠢᠨ ᠠᠵᠦ᠍ ᠦᠢᠯᠡᠰ᠎ᠤᠨ ᠲᠦᠷᠦᠯ ᠵᠦᠢᠯ᠎ᠢ ᠨᠤᠳᠤᠬ᠍ᠰᠢᠭᠤᠯᠤᠨ ᠪᠦᠲᠦᠬᠡᠨ ᠪᠠᠢᠭᠤᠯᠵᠦ᠍᠂ ᠡᠷᠭᠢᠯᠳᠡᠭᠦᠷ ᠬᠦᠷᠳᠤ᠂ ᠬᠦᠴᠦᠳᠡᠯ ᠬᠤᠪᠢᠰᠭᠠᠭᠤᠷ ᠵᠡᠷᠬᠡ ᠲᠡᠬᠡᠷ᠎ᠡ ᠲᠤᠤᠷ᠎ᠡ ᠬᠡᠯᠬᠢᠶ᠎ᠠ᠎ᠶ᠋ᠢᠨ ᠢᠵᠢ ᠪᠦᠷᠢᠳᠦᠭ᠌ᠰᠡᠨ ᠠᠵᠦ᠍ ᠦᠢᠯᠡᠰ᠎ᠤᠨ ᠬᠡᠯᠬᠢᠶ᠎ᠠ᠎ᠪᠠᠨ ᠲᠠᠰᠤᠷᠠᠯᠳᠠ ᠦᠬᠡᠢ ᠲᠡᠬᠦᠯᠳᠡᠷᠵᠢᠬᠦᠯᠵᠦ᠍ ᠴᠢᠩᠭᠠᠷᠠᠭᠤᠯᠤᠬ᠍ᠰᠠᠨ᠎ᠨᠢ ᠱᠢᠯᠢ᠎ᠶ᠋ᠢᠨ ᠭᠤᠤᠯ ᠠᠢᠮᠠᠬ᠎ᠤᠨ ᠠᠵᠦ᠍ ᠠᠬᠤᠢ᠎ᠶ᠋ᠢᠨ ᠬᠦᠭ᠌ᠵᠢᠯᠳᠡ᠎ᠳᠤ ᠱᠢᠨ᠎ᠠ ᠬᠦᠳᠡᠯᠬᠡᠬᠦ᠌ ᠬᠦᠴᠦᠨ ᠨᠡᠮᠡᠷᠢᠯᠡᠪᠡ᠃

ᠱᠢᠨ᠎ᠠ ᠭᠠᠷᠤᠭ᠎ᠠ ᠲᠡᠬᠡᠷ᠎ᠠ᠂ ᠱᠢᠯᠢ᠎ᠶ᠋ᠢᠨ ᠭᠤᠤᠯ ᠠᠢᠮᠠᠬ 《ᠤᠯᠡᠨ ᠡᠱᠢᠵᠢᠨ ᠬᠦᠭ᠌ᠵᠢᠭ᠌ᠰᠡᠨ᠂ ᠤᠯᠠᠨ ᠲᠦᠢᠯ᠎ᠢᠶᠠᠷ ᠲᠤᠯᠭᠠᠭᠤᠷᠢᠯᠠᠬ᠍ᠰᠠᠨ》 ᠤᠳᠤ ᠦᠶ᠎ᠠ᠎ᠶ᠋ᠢᠨ ᠴᠡᠪᠡᠷ ᠡᠨᠧᠷᠬᠢ᠎ᠶ᠋ᠢᠨ ᠠᠵᠦ᠍ ᠠᠬᠤᠢ᠎ᠶ᠋ᠢᠨ ᠱᠢᠰᠲ᠋ᠧᠮ᠎ᠢ ᠲᠦᠯᠦᠪᠵᠢᠬᠦᠯᠦᠨ ᠴᠤᠬ᠍ᠴᠠᠯᠠᠵᠦ᠍᠂ 《ᠳᠡᠯᠡᠬᠡᠢ᠎ᠳᠤ ᠤᠷᠦ᠋ᠢᠯᠠᠭ᠍ᠰᠠᠨ᠂ ᠤᠯᠤᠰ᠎ᠤᠨ ᠲᠤᠳᠤᠭᠠᠳᠤ᠎ᠳᠤ ᠲᠡᠷᠢᠭᠦᠯᠡᠭ᠌ᠰᠡᠨ》 ᠤᠯᠤᠰ᠎ᠤᠨ ᠶᠡᠷᠦᠩᠬᠡᠢᠯᠡᠭ᠌ᠰᠡᠨ ᠡᠨᠧᠷᠬᠢ᠎ᠶ᠋ᠢᠨ ᠴᠢᠬᠤᠯᠠ ᠰᠠᠭᠤᠷᠢᠨ᠎ᠢ ᠪᠦᠬᠦ᠌ ᠬᠦᠴᠦᠨ᠎ᠢᠶᠠᠷ᠎ᠢᠶᠠᠨ ᠴᠤᠬ᠍ᠴᠠᠯᠠᠵᠦ᠍ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号