ᠡᠮᠦᠨᠡᠬᠡᠨ᠂ ᠳᠣᠮᠳᠠᠳᠣ ᠣᠯᠣᠰ᠎ᠤᠨ ᠡᠪ ᠬᠠᠮᠳᠣ ᠨᠠᠮ ᠪᠠᠢᠭᠤᠯᠣᠬ᠍ᠳᠠᠬ᠍ᠰᠠᠨ 100 ᠵᠢᠯ᠎ᠤᠨ ᠣᠢ᠎ᠶ᠋ᠢ ᠪᠡᠯᠬᠡᠯᠡᠬᠦ᠌᠎ᠪᠠᠷ ᠵᠣᠷᠢᠯᠭ᠎ᠠ᠎ᠪᠠᠨ ᠪᠣᠯᠭᠠᠬ᠍ᠰᠠᠨ 《ᠮᠠᠯᠴᠢᠨ ᠲᠠᠷᠢᠶᠠᠴᠢᠳ᠎ᠤᠨ ᠨᠠᠮ᠎ᠢᠶᠠᠨ ᠬᠠᠢᠷᠠᠯᠠᠬᠤ》 ᠳᠣᠰᠭᠠᠢ ᠰᠡᠳᠣᠪᠳᠥ ᠠᠵᠢᠯᠯᠠᠭ᠎ᠠ ᠵᠢᠴᠢ ᠣᠷᠳᠣᠰ ᠬᠤᠳᠠ᠎ᠶ᠋ᠢᠨ ᠠᠩᠬᠠᠳᠣᠭᠠᠷ ᠣᠳᠠᠭᠠᠨ᠎ᠤ 《ᠠᠯᠳᠠᠨ ᠰᠣᠶᠣᠯ》 ᠨᠡᠷᠡᠮᠵᠢᠳᠥ ᠢᠷᠠᠭᠤ ᠨᠠᠢᠷᠠᠬ᠎ᠤᠨ ᠣᠷᠣᠯᠳᠣᠭᠠᠨᠤ ᠱᠢᠢᠳᠪᠣᠷᠢᠳᠥ ᠣᠷᠣᠯᠳᠣᠭᠠᠨ ᠨᠠᠷᠠᠳᠣ ᠳᠣᠭᠤᠵᠢᠰ᠎ᠤᠨ ᠵᠣᠬᠢᠶᠠᠯᠴᠢ ᠳ᠋᠊ · ᠰᠣᠶᠣᠯᠳᠣ᠎ᠶ᠋ᠢᠨ ᠬᠥᠳᠡᠭᠡ ᠬᠡᠷ᠎ᠤᠨ 《ᠠᠯᠳᠠᠨ ᠰᠣᠶᠣᠯ》 ᠮᠠᠯᠴᠢᠳ᠎ᠤᠨ ᠨᠣᠮ᠎ᠤᠨ ᠥᠷᠥᠬᠡ᠎ᠳᠤ ᠠᠮᠵᠢᠯᠳᠡᠳᠡᠢ ᠶᠠᠪᠣᠬ᠍ᠳᠠᠪᠠ᠃
ᠳᠣᠰ ᠣᠳᠠᠭᠠᠨ᠎ᠤ ᠠᠵᠢᠯᠯᠠᠭ᠎ᠠ᠎ᠶ᠋ᠢ ᠡᠵᠡᠨ ᠬᠤᠷᠤᠭ᠎ᠠ ᠬᠤᠱᠢᠭᠤᠨ᠎ᠤ ᠨᠠᠮ᠎ᠤᠨ ᠬᠤᠷᠢᠶ᠎ᠠ᠎ᠶ᠋ᠢᠨ ᠨᠢᠬᠡᠳᠣᠮᠠᠯ ᠹᠷᠣᠨᠲ᠎ᠤᠨ ᠬᠡᠯᠳᠡᠰ᠂ ᠬᠤᠱᠢᠭᠤᠨ᠎ᠤ ᠬᠠᠷᠢᠶᠠᠳᠣ᠎ᠶ᠋ᠢᠨ ᠬᠤᠯᠪᠣᠭ᠎ᠠ᠎ᠠᠴᠠ ᠭᠤᠣᠯᠯᠠᠨ ᠡᠷᠬᠢᠯᠠᠵᠣ᠂ ᠡᠵᠡᠨ ᠬᠤᠷᠤᠭ᠎ᠠ ᠬᠤᠱᠢᠭᠤᠨ᠎ᠤ ᠵᠠᠰᠠᠬ ᠪᠠᠯᠭᠠᠰᠣ᠎ᠶ᠋ᠢᠨ ᠨᠠᠮ᠎ᠤᠨ ᠬᠤᠷᠢᠶ᠎ᠠ᠂ ᠵᠠᠰᠠᠬ᠎ᠤᠨ ᠣᠷᠳᠣᠨ᠂ ᠨᠠᠷᠠᠳᠣ ᠳᠣᠭᠤᠵᠢᠰ᠎ᠤᠨ ᠵᠣᠬᠢᠶᠠᠯᠴᠢ ᠳ᠋᠊ · ᠰᠣᠶᠣᠯᠳᠣ᠎ᠶ᠋ᠢᠨ 《ᠠᠯᠳᠠᠨ ᠰᠣᠶᠣᠯ》 ᠨᠣᠮ᠎ᠤᠨ ᠥᠷᠥᠬᠡ᠎ᠠᠴᠠ ᠲᠠᠭᠠᠭᠠᠴᠢᠯᠠᠨ ᠡᠷᠬᠢᠯᠡᠭ᠌ᠰᠡᠨ ᠪᠠᠢᠨ᠎ᠠ᠃
ᠳᠣᠰ ᠣᠳᠠᠭᠠᠨ᠎ᠤ ᠣᠷᠣᠯᠳᠣᠭᠠᠨ᠎ᠳᠤ᠂ ᠣᠷᠳᠣᠰ ᠬᠤᠳᠠ᠎ᠶ᠋ᠢᠨ ᠡᠯ᠎ᠠ ᠬᠤᠱᠢᠭᠤ ᠳᠣᠭᠤᠷᠢᠬ᠎ᠤᠨ ᠢᠷᠠᠭᠤ ᠨᠠᠢᠷᠠᠬ᠎ᠲᠤ ᠠᠪᠢᠶᠠᠰ᠎ᠲᠠᠢ ᠣᠶᠣᠳᠠᠨ᠂ ᠮᠠᠯᠴᠢᠨ ᠲᠠᠷᠢᠶᠠᠴᠢᠨ ᠵᠠᠯᠠᠭᠤᠴᠣᠳ᠎ᠠᠴᠠ ᠠᠪᠣᠭᠠᠳ ᠨᠠᠶᠠ᠎ᠶ᠋ᠢᠨ ᠲᠠᠪᠠᠭ᠎ᠠ᠎ᠶ᠋ᠢ ᠲᠠᠪᠠᠭ᠍ᠰᠠᠨ ᠨᠠᠰᠣᠳᠠᠨ ᠪᠣᠭᠤᠷᠣᠯᠴᠣᠤᠯ ᠬᠦᠷᠳᠡᠯ᠎ᠡ ᠢᠳᠡᠪᠬᠢᠯᠡᠨ ᠣᠷᠣᠯᠴᠠᠵᠣ᠂ ᠥᠪᠡᠷ ᠥᠪᠡᠷ᠎ᠤᠨ ᠠᠪᠢᠶᠠᠰ ᠪᠢᠯᠢᠭ᠎ᠢᠶᠠᠨ ᠪᠠᠳᠠᠷᠠᠭᠤᠯᠵᠣ᠂ ᠨᠠᠮ᠂ ᠠᠷᠠᠳ ᠳᠥᠮᠡᠨ᠂ ᠨᠣᠳᠤᠬ ᠣᠰᠣ᠎ᠪᠠᠨ ᠮᠠᠬ᠍ᠳᠠᠨ ᠲᠠᠭᠤᠯᠠᠬ᠍ᠰᠠᠨ ᠣᠷᠠᠠ ᠪᠥᠳᠥᠬᠡᠯ᠎ᠢᠶᠠᠨ ᠣᠶᠠᠩᠭᠠᠯᠠᠨ ᠣᠩᠱᠢᠵᠣ᠂ ᠢᠷᠠᠭᠤ ᠨᠠᠢᠷᠠᠬ᠎ᠤᠨ ᠭᠠᠢᠬᠠᠮᠱᠢᠬ᠍ᠳᠥ ᠨᠠᠭᠠᠳᠣᠮᠢᠶᠠᠷᠢᠶᠠᠨ ᠬᠤᠷᠠᠬ᠍ᠰᠠᠨ ᠣᠯᠠᠨ᠎ᠢᠶᠠᠨ ᠪᠠᠶᠠᠰᠭᠠᠬ᠍ᠰᠠᠨ ᠪᠠᠢᠨ᠎ᠠ᠃
ᠳᠣᠰ ᠣᠳᠠᠭᠠᠨ᠎ᠤ ᠣᠷᠣᠯᠳᠣᠭᠠᠨ᠎ᠨᠢ ᠣᠷᠠᠨ ᠣᠩᠱᠢᠯᠭ᠎ᠠ ᠪᠠ ᠪᠥᠳᠥᠬᠡᠯ᠎ᠤᠨ ᠱᠢᠯᠭᠠᠷᠠᠭᠤᠯᠣᠯᠳᠠ ᠬᠡᠬᠦ᠌ ᠬᠤᠶᠠᠷ ᠬᠡᠰᠡᠭ᠎ᠢᠶᠠᠷ ᠪᠥᠷᠢᠯᠳᠣᠵᠣ᠂ ᠪᠡᠯᠡᠳᠭᠡᠯ ᠣᠷᠣᠯᠳᠣᠭᠠᠨ᠎ᠳᠤ 56 ᠢᠷᠠᠭᠤ ᠨᠠᠢᠷᠠᠬ᠍ᠴᠢ ᠪᠥᠳᠥᠬᠡᠯ᠎ᠢᠶᠠᠨ ᠲᠡᠪᠱᠢᠬᠦᠯᠵᠣ᠂ ᠠᠩᠬ᠎ᠠ ᠣᠳᠠᠭᠠᠨ᠎ᠤ ᠱᠢᠭ᠌ᠰᠢᠯᠳᠡᠪᠠᠷ 16 ᠪᠥᠳᠥᠬᠡᠯ ᠱᠢᠢᠳᠪᠣᠷᠢᠳᠥ ᠣᠷᠣᠯᠳᠣᠭᠠᠨ᠎ᠳᠤ ᠣᠷᠣᠯᠴᠠᠬᠤ᠎ᠪᠠᠷ ᠪᠣᠯᠣᠬ᠍ᠰᠠᠨ ᠪᠠᠢᠨ᠎ᠠ᠃ ᠬᠤᠷᠴᠨ ᠱᠢᠷᠣᠬᠦᠨ᠂ ᠲᠦᠪ ᠭᠤᠣᠯᠴᠢ᠂ ᠢᠯᠡ ᠳᠣᠳᠣᠷᠬᠠᠢ ᠣᠷᠣᠯᠳᠣᠭᠠᠨ᠎ᠢᠶᠠᠷ ᠣᠳᠤᠬ᠎ᠤᠨ ᠡᠮᠣᠨᠡᠳᠣ ᠬᠤᠱᠢᠭᠤᠨ᠎ᠤ ᠬᠤᠷᠸ᠎ᠠ 《ᠲᠣᠷᠠᠯᠠᠯ ᠱᠢᠬ ᠴᠡᠩᠬᠡᠷ ᠬᠠᠱᠢᠶ᠎ᠠ》 ᠬᠡᠬᠦ᠌ ᠱᠢᠯᠥᠭ᠎ᠢᠶᠠᠷ ᠢᠶᠠᠨ ᠲᠦᠷᠦᠬᠦᠯᠡᠵᠦ᠍᠂ ᠥᠣᠱᠢᠨ ᠬᠤᠱᠢᠭᠤᠨ᠎ᠤ ᠸᠴᠢᠷᠬᠤᠶᠠᠬ 《ᠰᠠᠯᠬᠢᠨ ᠵᠢᠬᠦᠷ᠎ᠲᠠᠢ ᠨᠠᠢᠷᠠᠬ ᠪᠣᠶᠣ ᠴᠡᠴᠡᠭ᠎ᠤᠨ ᠰᠠᠯᠬᠢ》 ᠬᠡᠬᠦ᠌ ᠱᠢᠯᠥᠭ᠎ᠢᠶᠠᠷ᠂ ᠣᠳᠤᠬ ᠬᠤᠱᠢᠭᠤᠨ᠎ᠤ ᠲᠡᠭ᠌ᠷᠢᠬᠡᠬᠡᠷᠡᠬᠦ᠌ 《ᠬᠥᠮᠥᠨ᠎ᠳᠤ ᠡᠬᠡ ᠣᠷᠣᠨ ᠭᠠᠭ᠍ᠴᠠᠬᠠᠨ ᠵᠠᠶᠠᠭᠠᠳᠠᠬᠤᠨ ᠣᠴᠢᠷ》 ᠬᠡᠬᠦ᠌ ᠱᠢᠯᠥᠭ᠎ᠢᠶᠠᠷ ᠬᠤᠶᠠᠳᠣᠭᠠᠷ ᠲᠡᠰ᠎ᠲᠤ ᠳᠣᠳᠣᠷᠠᠵᠣ᠂ ᠣᠳᠤᠬ᠎ᠤᠨ ᠡᠮᠣᠨᠡᠳᠣ ᠬᠤᠱᠢᠭᠤᠨ᠎ᠤ ᠬᠠᠳᠠᠴᠢᠨ ᠪᠠᠳᠣᠪᠠᠭᠠᠨᠠ 《ᠱᠢᠬᠦᠳᠡᠷᠢ ᠡᠮᠬᠦᠵᠣ ᠣᠳᠣᠬ᠍ᠰᠠᠨ ᠱᠢᠪᠠᠭᠤᠳ᠎ᠤᠨ ᠬᠤᠢᠨ᠎ᠠ᠎ᠠᠴᠠ ᠰᠠᠷᠠᠪᠴᠢᠯᠠᠬᠤᠢ》 ᠬᠡᠬᠦ᠌ ᠱᠢᠯᠥᠭ᠎ᠢᠶᠠᠷ᠂ ᠣᠳᠤᠬ᠎ᠤᠨ ᠡᠮᠣᠨᠡᠳᠣ ᠬᠤᠱᠢᠭᠤᠨ᠎ᠤ ᠬᠤᠨᠢᠴᠢᠨ ᠠ᠊ · ᠵᠢᠷᠨ 《ᠴᠠᠬᠢᠯᠣᠨ ᠣᠳᠭᠤ ᠵᠡᠬᠦᠳᠣᠨᠤ ᠬᠥᠷᠣᠬᠡᠰᠣ》 ᠬᠡᠬᠦ᠌ ᠱᠢᠯᠥᠭ᠎ᠢᠶᠠᠷ᠂ ᠥᠣᠱᠢᠨ ᠬᠤᠱᠢᠭᠤᠨ᠎ᠤ ᠲᠠᠭᠤᠳᠠᠭᠠᠴᠢ ᠰ᠊ · ᠬᠠᠰᠪᠠᠭᠠᠨ᠎ᠠ 《ᠬᠥᠬᠡ ᠣᠰᠣᠨ᠎ᠤ ᠳᠣᠣᠯᠢ》 ᠬᠡᠬᠦ᠌ ᠱᠢᠯᠥᠭ᠎ᠢᠶᠠᠷ᠎ᠢᠶᠠᠨ ᠭᠤᠷᠪᠠᠳᠣᠭᠠᠷ ᠲᠡᠰ᠎ᠲᠤ ᠳᠣᠳᠣᠷᠠᠵᠣ᠂ ᠪᠣᠰᠣᠳ ᠠᠷᠪᠠᠨ ᠢᠷᠠᠭᠤ ᠨᠠᠢᠷᠠᠬ ᠱᠢᠯᠢᠳᠡᠭ ᠱᠠᠩᠨᠠᠯ ᠭᠠᠷᠳᠠᠬ᠍ᠰᠠᠨ ᠪᠠᠢᠨ᠎ᠠ᠃
ᠳᠣᠰ ᠣᠳᠠᠭᠠᠨ᠎ᠤ ᠣᠷᠣᠯᠳᠣᠭᠠᠠᠢ ᠲᠠᠭᠠᠭᠠᠴᠢᠯᠠᠨ ᠡᠷᠬᠢᠯᠡᠭ᠌ᠴᠢ᠎ᠶ᠋ᠢᠨ ᠨᠢᠬᠡ ᠪᠣᠯᠬᠤ 《ᠠᠯᠳᠠᠨ ᠰᠣᠶᠣᠯ》 ᠨᠣᠮ᠎ᠤᠨ ᠥᠷᠥᠬᠡ᠎ᠶ᠋ᠢᠨ ᠡᠵᠡᠨ ᠨᠠᠷᠠᠳᠣ ᠳᠣᠭᠤᠵᠢᠰ᠎ᠤᠨ ᠵᠣᠬᠢᠶᠠᠯᠴᠢ ᠳ᠋᠊ · ᠰᠣᠶᠣᠯᠳᠣ᠄ 《ᠡᠨᠡ ᠵᠢᠯ ᠪᠣᠯ ᠲᠤᠮᠳᠠᠳᠦ ᠤᠯᠤᠰ᠎ᠤᠨ ᠡᠪ ᠬᠠᠮᠳᠣ ᠨᠠᠮ ᠪᠠᠢᠭᠤᠯᠣᠬ᠍ᠳᠠᠬ᠍ᠰᠠᠨ 100 ᠵᠢᠯ᠎ᠤᠨ ᠣᠢ ᠪᠣᠯᠬᠤ ᠶᠣᠮ᠂ ᠢᠩᠬᠢᠬᠡᠳ ᠡᠨᠡ ᠣᠳᠠᠭ᠎ᠠ ᠳᠣᠰᠭᠠᠢᠯᠠᠨ ᠨᠠᠮ ᠠᠷᠠᠳ ᠳᠥᠮᠠᠨ ᠨᠣᠳᠤᠬ ᠣᠰᠣ᠎ᠪᠠᠨ ᠮᠠᠬ᠍ᠳᠠᠨ ᠲᠠᠭᠤᠯᠠᠬ᠍ᠰᠠᠨ ᠰᠡᠳᠣᠪ᠎ᠲᠠᠢ ᠢᠷᠠᠭᠤ ᠨᠠᠢᠷᠠᠬᠢ ᠡᠯᠰᠡᠵᠣ᠂ ᠡᠨᠡ ᠵᠢᠯ᠎ᠤᠨ ᠨᠠᠮ ᠪᠠᠢᠭᠤᠯᠣᠬ᠍ᠳᠠᠬ᠍ᠰᠠᠨ 100 ᠵᠢᠯ᠎ᠤᠨ ᠣᠢ᠎ᠶ᠋ᠢ ᠪᠠᠶᠠᠷᠯᠠᠨ ᠪᠡᠯᠬᠡᠯᠡᠬᠦ᠌᠎ᠳᠤ ᠵᠣᠷᠢᠭᠤᠯᠣᠬ᠍ᠰᠠᠨ ᠶᠣᠮ᠃ ᠪᠠᠰᠠ ᠴᠥ᠍ ᠵᠠᠯᠠᠭᠤ ᠢᠷᠠᠭᠤ ᠨᠠᠢᠷᠠᠬ᠍ᠴᠢ᠂ ᠮᠠᠯᠴᠢᠨ ᠢᠷᠠᠭᠤ ᠨᠠᠢᠷᠠᠬ᠍ᠴᠢ᠎ᠪᠠᠨ ᠣᠷᠮᠠᠱᠢᠭᠤᠯᠵᠣ᠂ ᠬᠤᠵᠢᠮ ᠨᠠᠩ ᠣᠯᠠᠨ ᠵᠠᠯᠠᠭᠤ ᠢᠷᠠᠭᠤ ᠨᠠᠢᠷᠠᠬ᠍ᠴᠢ᠂ ᠣᠨᠴᠠᠭᠠᠢᠯᠠᠨ ᠮᠠᠯᠴᠢᠨ ᠢᠷᠠᠭᠤ ᠨᠠᠢᠷᠠᠬ᠍ᠴᠢ ᠴᠣᠯᠭᠤᠷᠠᠨ ᠭᠠᠷᠬᠤ᠎ᠶ᠋ᠢ ᠢᠷᠥᠬᠡᠨ ᠵᠦᠩᠨᠡᠵᠣ ᠪᠠᠢᠨ᠎ᠠ》 ᠬᠡᠵᠣ ᠳᠣᠰ ᠣᠳᠠᠭ᠎ᠠ᠎ᠶ᠋ᠢᠨ ᠣᠷᠣᠯᠳᠣᠭᠠᠨ ᠬᠢᠭ᠌ᠰᠡᠨ ᠵᠣᠷᠢᠯᠭ᠎ᠠ᠎ᠪᠠᠨ ᠶᠠᠷᠢᠯ ᠠ᠃