ᠵᠠᠭᠤᠨ ᠵᠢᠯ᠎ᠤᠨ ᠱᠢᠨ᠎ᠠ ᠠᠶᠠᠯᠠᠯ᠎ᠳᠤ ᠵᠠᠯᠠᠭᠤᠴᠤᠳ ᠪᠠᠭᠠᠴᠤᠳ ᠪᠢᠳᠡ ᠪᠤᠢ
2021-07-19 10:37:48
ᠵᠣᠬᠢᠶᠠᠭ᠍ᠴᠢ᠄
ᠨᠠᠪᠴᠢ
ᠣᠩᠱᠢᠭ᠍ᠰᠠᠨ ᠣᠳᠠᠭ᠎ᠠ᠄
★★★☆☆

ᠵᠠᠭᠤᠨ ᠵᠢᠯ᠎ᠤᠨ ᠠᠶᠠᠨ ᠵᠠᠮ ᠰᠦᠷ ᠳᠠᠯᠠᠢᠴᠠᠲᠠᠢ᠂ ᠵᠠᠭᠤᠨ ᠵᠢᠯ᠎ᠤᠨ ᠠᠤᠭ᠎ᠠ ᠦᠢᠯᠡᠰ ᠭᠡᠷᠡᠯ ᠰᠠᠴᠤᠷᠠᠩᠭᠤᠢ᠃ ᠶᠡᠷᠦᠩᠬᠡᠢ ᠱᠦᠵᠢ ᠰᠢ᠎ᠶ᠋ᠢᠨ ᠫᠢᠩ᠎ᠤᠨ ᠳᠤᠮᠳᠠᠳᠤ ᠤᠯᠤᠰ᠎ᠤᠨ ᠡᠪ ᠬᠠᠮᠲᠤ ᠨᠠᠮ ᠪᠠᠢᠭᠤᠯᠤᠭ᠍ᠳᠠᠭ᠍ᠰᠠᠨ 100 ᠵᠢᠯ᠎ᠤᠨ ᠤᠢ᠎ᠶ᠋ᠢ ᠪᠡᠯᠭᠡᠯᠡᠬᠦ᠌ ᠶᠡᠭᠡ ᠬᠤᠷᠠᠯ ᠳᠡᠬᠡᠷᠡᠬᠢ ᠴᠢᠬᠤᠯᠠ ᠶᠠᠷᠢᠶ᠎ᠠ ᠮᠠᠨ᠎ᠤ ᠤᠷᠤᠨ᠎ᠤ ᠰᠤᠷᠭᠠᠨ ᠬᠦᠮᠦᠵᠢᠯ᠎ᠤᠨ ᠱᠢᠰᠲ᠋ᠧᠮ᠎ᠤᠨ᠎ᠬᠢᠨ᠎ᠳᠤ ᠬᠠᠯᠠᠭᠤᠨ ᠳᠤᠰᠭᠠᠯ ᠭᠠᠷᠴᠠᠢ᠃ ᠤᠢ᠍ᠢᠷ᠎ᠠ᠎ᠶ᠋ᠢᠨ ᠡᠳᠦᠷ᠎ᠤᠨ ᠳᠤᠷᠰᠢ᠂ ᠮᠠᠨ᠎ᠤ ᠤᠷᠤᠨ᠎ᠤ ᠦᠷᠬᠡᠨ ᠤᠯᠠᠨ ᠪᠠᠭ᠍ᠰᠢ ᠰᠤᠷᠤᠭ᠍ᠴᠢᠳ ᠶᠡᠷᠦᠩᠬᠡᠢ ᠱᠦᠵᠢ ᠰᠢ᠎ᠶ᠋ᠢᠨ ᠫᠢᠩ᠎ᠤᠨ 《7 · 1》 ᠎ᠤ ᠴᠢᠬᠤᠯᠠ ᠶᠠᠷᠢᠶᠠᠨ᠎ᠤ ᠵᠤᠷᠢᠭ ᠰᠠᠨᠠᠭ᠎ᠠ᠎ᠶ᠋ᠢ ᠰᠤᠷᠤᠯᠴᠠᠬᠤ᠂ ᠰᠤᠳᠤᠯᠤᠨ ᠶᠠᠷᠢᠯᠴᠠᠬᠤ ᠬᠤᠷᠠᠯ ᠬᠢᠬᠦ᠌ ᠮᠡᠳᠤ ᠤᠯᠠᠨ ᠠᠷᠭ᠎ᠠ ᠵᠠᠮ᠎ᠢᠶᠠᠷ ᠰᠤᠷᠤᠯᠴᠠᠯᠭ᠎ᠠ᠎ᠪᠠᠨ ᠬᠦᠨᠵᠡᠬᠡᠢᠷᠡᠬᠦᠯᠵᠦ᠍᠂ ᠦᠪᠡᠷᠰᠡᠳ᠎ᠤᠨ ᠦᠵᠡᠯ ᠤᠬᠠᠮᠰᠠᠷ᠎ᠢᠶᠠᠨ ᠳᠡᠬᠡᠭ᠌ᠰᠢᠯᠡᠬᠦᠯᠦᠨ᠂ ᠢᠳᠡᠬᠡᠯ ᠵᠤᠷᠢᠭ᠎ᠢᠶᠠᠨ ᠡᠷᠴᠢᠯᠡᠵᠦ᠍ ᠪᠠᠢᠨ᠎ᠠ᠃ 

《ᠶᠡᠷᠦᠩᠬᠡᠢ ᠱᠦᠵᠢ ᠰᠢ᠎ᠶ᠋ᠢᠨ ᠫᠢᠩ᠎ᠤᠨ 〈7 · 1〉 ᠎ᠤ ᠴᠢᠬᠤᠯᠠ ᠶᠠᠷᠢᠶ᠎ᠠ ᠪᠤᠯ ᠳᠤᠮᠳᠠᠳᠤ ᠤᠯᠤᠰ᠎ᠤᠨ ᠭᠡᠷᠡᠯ ᠰᠠᠴᠤᠷᠠᠩᠭᠤᠢ ᠲᠡᠦᠬᠡ᠎ᠶ᠋ᠢ ᠡᠷᠭᠢᠴᠡᠭᠦᠯᠵᠦ᠍᠂ ᠭᠡᠭᠡᠨ ᠰᠠᠷᠠᠭᠤᠯ ᠢᠷᠡᠭᠡᠳᠦᠢ᠎ᠶ᠋ᠢ ᠵᠢᠷᠤᠭ᠍ᠯᠠᠭ᠍ᠰᠠᠨ ᠮᠠᠷᠺᠰ᠎ᠤᠨ ᠦᠵᠡᠯ᠎ᠤᠨ ᠬᠥᠲᠥᠯᠪᠦᠷᠢ᠎ᠶ᠋ᠢᠨ ᠴᠢᠨᠠᠷᠲᠠᠢ ᠰᠤᠷᠪᠤᠯᠵᠢ ᠪᠢᠴᠢᠭ ᠮᠥᠨ᠂ ᠱᠢᠨ᠎ᠡ ᠴᠠᠭ ᠦᠶ᠎ᠡ᠎ᠶ᠋ᠢᠨ ᠳᠤᠮᠳᠠᠳᠤ ᠤᠯᠤᠰ᠎ᠤᠨ ᠡᠪ ᠬᠠᠮᠲᠤᠴᠤᠳ᠎ᠤᠨ ᠤᠭ ᠰᠠᠨᠠᠭ᠎ᠠ᠎ᠪᠠᠨ ᠦᠯᠦ᠍ ᠮᠠᠷᠲᠠᠨ᠂ ᠡᠭᠦᠷᠭᠡ ᠬᠠᠷᠢᠭᠤᠴᠠᠯᠭ᠎ᠠ᠎ᠪᠠᠨ ᠪᠠᠲᠤ ᠴᠡᠭᠡᠵᠢᠯᠡᠬᠦ᠌ ᠤᠯᠤᠰ ᠲᠦᠷᠦ᠎ᠶ᠋ᠢᠨ ᠲᠤᠩᠬᠠᠭ ᠮᠥᠨ᠂ ᠮᠠᠨ᠎ᠤ ᠨᠠᠮ᠎ᠤᠨ ᠠᠷᠠᠳ ᠲᠦᠮᠡᠨ᠎ᠢ ᠪᠦᠯᠬᠦᠮᠳᠡᠭᠦᠯᠦᠨ ᠳᠠᠭᠠᠭᠤᠯᠵᠤ ᠲᠡᠦᠬᠡ᠎ᠪᠠᠷ ᠲᠤᠯᠢ ᠪᠣᠯᠭᠠᠵᠤ᠂ ᠢᠷᠡᠭᠡᠳᠦᠢ᠎ᠶ᠋ᠢ ᠨᠡᠭᠡᠭᠡᠬᠦ᠌ ᠠᠵᠢᠯᠯᠠᠭᠠᠨ᠎ᠤ ᠵᠦᠭ᠌ᠯᠡᠭᠦᠷ ᠮᠥᠨ》᠃ ᠮᠠᠨ᠎ᠤ ᠤᠷᠤᠨ᠎ᠤ ᠡᠯ᠎ᠠ ᠶᠡᠭᠡ ᠳᠡᠬᠡᠳᠤ ᠰᠤᠷᠭᠠᠭᠤᠯᠢ᠎ᠶ᠋ᠢᠨ ᠦᠵᠡᠯ ᠰᠠᠨᠠᠭ᠎ᠠ ᠤᠯᠤᠰ ᠲᠦᠷᠦ᠎ᠶ᠋ᠢᠨ ᠪᠠᠭ᠍ᠰᠢ ᠨᠠᠷ ᠶᠡᠷᠦᠩᠬᠡᠢ ᠱᠦᠵᠢ ᠰᠢ᠎ᠶ᠋ᠢᠨ ᠫᠢᠩ᠎ᠤᠨ 《7 · 1》 ᠎ᠤ ᠴᠢᠬᠤᠯᠠ ᠶᠠᠷᠢᠶ᠎ᠠ᠎ᠶ᠋ᠢ ᠨᠠᠷᠢᠨ ᠬᠢᠨᠠᠮᠠᠭᠠᠢ ᠰᠤᠷᠤᠯᠴᠠᠭ᠍ᠰᠠᠨ ᠤᠯᠤᠯᠳᠠ ᠲᠦᠷᠦᠭ᠌ᠳᠡᠯ᠎ᠢᠶᠠᠨ ᠬᠦᠭ᠌ᠵᠢᠶᠡᠨᠳᠡᠢ ᠬᠤᠪᠢᠶᠠᠯᠴᠠᠨ᠎ᠠ᠃ ᠨᠠᠮ᠎ᠤᠨ ᠤᠭ ᠰᠠᠨᠠᠭ᠎ᠠ ᠡᠭᠦᠷᠭᠡ ᠬᠠᠷᠢᠭᠤᠴᠠᠯᠭ᠎ᠠ᠎ᠶ᠋ᠢ ᠪᠠᠲᠤ ᠴᠡᠭᠡᠵᠢᠯᠡᠵᠦ᠍᠂ ᠢᠷᠠᠭᠤ ᠠᠯᠳᠠᠷᠲᠤ ᠤᠯᠠᠮᠵᠢᠯᠠᠯ᠎ᠢ ᠦᠷᠭᠦᠯᠵᠢᠯᠡᠨ ᠪᠠᠳᠠᠷᠠᠭᠤᠯᠵᠤ᠂ ᠬᠤᠪᠢᠰᠭᠠᠯ᠎ᠤᠨ ᠵᠤᠷᠢᠭ ᠰᠠᠨᠠᠭ᠎ᠠ᠎ᠶ᠋ᠢ ᠦᠷᠭᠦᠯᠵᠢᠯᠡᠨ ᠵᠠᠯᠭᠠᠮᠵᠢᠯᠠᠵᠤ᠂ ᠰᠢ᠎ᠶ᠋ᠢᠨ ᠫᠢᠩ᠎ᠤᠨ ᠱᠢᠨ᠎ᠡ ᠴᠠᠭ ᠦᠶ᠎ᠡ᠎ᠶ᠋ᠢᠨ ᠳᠤᠮᠳᠠᠳᠤ ᠤᠯᠤᠰ᠎ᠤᠨ ᠣᠨᠴᠠᠯᠢᠭ᠎ᠲᠠᠢ ᠨᠡᠢᠭᠡᠮ ᠵᠢᠷᠤᠮ᠎ᠤᠨ ᠦᠵᠡᠯ ᠰᠠᠨᠠᠭ᠎ᠠ᠎ᠶ᠋ᠢ ᠵᠢᠭᠠᠬᠤ ᠮᠠᠲ᠋ᠧᠷᠢᠶᠠᠯ᠎ᠳᠤ ᠣᠷᠣᠭᠤᠯᠬᠤ᠂ ᠬᠢᠴᠢᠶᠡᠯ᠎ᠤᠨ ᠲᠠᠩᠬᠢᠮ᠎ᠳᠤ ᠣᠷᠣᠭᠤᠯᠬᠤ᠂ ᠲᠡᠭᠦᠨ᠎ᠢᠶᠠᠷ ᠲᠠᠷᠢᠬᠢ ᠲᠣᠯᠣᠭᠠᠢ᠎ᠪᠠᠨ ᠵᠡᠪᠰᠡᠭ᠌ᠯᠡᠬᠦ᠌᠎ᠶ᠋ᠢ ᠪᠦᠬᠦ᠌ ᠲᠠᠯ᠎ᠠ᠎ᠪᠠᠷ ᠠᠬᠢᠭᠤᠯᠵᠤ᠂ ᠵᠠᠯᠠᠭᠤ ᠰᠤᠷᠤᠭ᠍ᠴᠢᠳ᠎ᠤᠨ ᠤᠭ ᠰᠠᠨᠠᠭ᠎ᠠ᠎ᠪᠠᠨ ᠦᠯᠦ᠍ ᠮᠠᠷᠲᠠᠵᠤ ᠡᠭᠦᠷᠭᠡ ᠬᠠᠷᠢᠭᠤᠴᠠᠯᠭ᠎ᠠ᠎ᠪᠠᠨ ᠪᠠᠲᠤ ᠴᠡᠭᠡᠵᠢᠯᠡᠬᠦ᠌᠎ᠶ᠋ᠢ ᠬᠦᠳᠦᠯᠦᠨ ᠵᠢᠯᠣᠭᠤᠳᠴᠤ᠌᠂ ᠨᠠᠮ ᠪᠠᠢᠭᠤᠯᠤᠭ᠍ᠰᠠᠨ ᠠᠭᠤᠤ ᠶᠡᠭᠡ ᠵᠣᠷᠢᠭ ᠰᠠᠨᠠᠭ᠎ᠠ᠎ᠶ᠋ᠢ ᠡᠭᠦᠷᠢᠳᠡ ᠵᠠᠯᠭᠠᠮᠵᠢᠯᠡᠨ ᠪᠠᠳᠠᠷᠠᠭᠤᠯᠤᠨ᠎ᠠ ᠬᠡᠵᠡᠭᠡᠨ᠎ᠡ᠃

ᠥᠪᠥᠷ ᠮᠣᠩᠭᠤᠯ᠎ᠤᠨ ᠶᠡᠭᠡ ᠰᠤᠷᠭᠠᠭᠤᠯᠢ᠎ᠶ᠋ᠢᠨ ᠮᠠᠷᠺᠰ᠎ᠤᠨ ᠦᠵᠡᠯ᠎ᠤᠨ ᠳᠡᠭᠡᠳᠦ ᠰᠤᠷᠭᠠᠭᠤᠯᠢ᠎ᠶ᠋ᠢᠨ ᠪᠠᠭ᠍ᠰᠢ ᠴᠧᠨ ᡁᠢ᠂ 《ᠳᠤᠮᠳᠠᠳᠤ ᠤᠯᠤᠰ᠎ᠤᠨ ᠡᠪ ᠬᠠᠮᠲᠤ ᠨᠠᠮ ᠶᠠᠭᠠᠬᠢᠭᠠᠳ ᠬᠢᠵᠦ᠍ ᠴᠢᠳᠠᠬᠤ ᠪᠤᠢ᠂ ᠳᠤᠮᠳᠠᠳᠤ ᠤᠯᠤᠰ᠎ᠤᠨ ᠣᠨᠴᠠᠯᠢᠭ᠎ᠲᠠᠢ ᠨᠡᠢᠭᠡᠮ ᠵᠢᠷᠤᠮ ᠶᠠᠭᠠᠬᠢᠭᠠᠳ ᠰᠠᠢᠨ ᠪᠠᠢᠳᠠᠭ ᠪᠤᠢ ᠬᠡᠪᠡᠯ ᠡᠴᠦᠰ᠎ᠤᠨ ᠡᠴᠦᠰ᠎ᠲᠡᠭᠡᠨ ᠮᠠᠷᠺᠰ᠎ᠤᠨ ᠦᠵᠡᠯ ᠰᠠᠢᠨ ᠪᠠᠢᠭ᠍ᠰᠠᠨ᠎ᠠᠴᠠ ᠪᠤᠯᠤᠭ᠍ᠰᠠᠨ ᠶᠤᠮ》 ᠬᠡᠬᠦ᠌ ᠶᠡᠷᠦᠩᠬᠡᠢ ᠱᠦᠵᠢ᠎ᠶ᠋ᠢᠨ ᠶᠠᠷᠢᠶ᠎ᠠ ᠨᠠᠳᠠ᠎ᠳᠤ ᠬᠦᠨ ᠰᠠᠭᠤᠭ᠍ᠳᠠᠯ ᠦᠭ᠌ᠴᠡᠢ᠃ ᠮᠠᠷᠺᠰ᠎ᠤᠨ ᠦᠵᠡᠯ ᠪᠣᠯ ᠮᠠᠨ᠎ᠤ ᠨᠠᠮ ᠪᠠᠢᠭᠤᠯᠬᠤ ᠤᠯᠤᠰ ᠪᠠᠢᠭᠤᠯᠬᠤ᠎ᠶ᠋ᠢᠨ ᠦᠨᠳᠦᠰᠦᠨ ᠵᠢᠯᠣᠭᠤᠳᠭᠤ ᠦᠵᠡᠯ ᠰᠠᠨᠠᠭ᠎ᠠ ᠮᠥᠨ᠃ ᠦᠵᠡᠯ ᠰᠠᠨᠠᠭ᠎ᠠ ᠤᠯᠤᠰ ᠲᠥᠷᠥ᠎ᠶ᠋ᠢᠨ ᠬᠢᠴᠢᠶᠡᠯ ᠪᠣᠯ ᠶᠣᠰᠣ ᠰᠤᠷᠲᠠᠬᠤᠨ᠎ᠢᠶᠠᠷ ᠬᠥᠮᠦᠨ ᠬᠥᠮᠦᠵᠢᠭᠦᠯᠬᠦ᠌ ᠦᠨᠳᠦᠰᠦᠨ ᠡᠭᠦᠷᠭᠡ᠎ᠶ᠋ᠢ ᠨᠠᠢᠳᠠᠪᠤᠷᠢᠵᠢᠭᠤᠯᠬᠤ ᠵᠠᠩᠭᠢᠯᠠᠭ᠎ᠠ᠎ᠶ᠋ᠢᠨ ᠬᠢᠴᠢᠶᠡᠯ ᠪᠤᠯᠬᠤᠷ ᠦᠵᠡᠯ ᠰᠠᠨᠠᠭ᠎ᠠ ᠤᠯᠤᠰ ᠲᠥᠷᠥ᠎ᠶ᠋ᠢᠨ ᠬᠢᠴᠢᠶᠡᠯ᠎ᠤᠨ ᠪᠠᠭ᠍ᠰᠢ ᠪᠤᠯᠤᠭ᠍ᠰᠠᠨ ᠪᠢᠳᠡᠨ᠎ᠤ ᠬᠠᠷᠢᠭᠤᠴᠠᠯᠭ᠎ᠠ ᠬᠦᠨᠳᠦ ᠶᠤᠮ᠃ ᠪᠢᠳᠡ ᠤᠯᠤᠰ᠎ᠤᠨ ᠲᠥᠯᠥᠭᠡ ᠴᠢᠳᠠᠪᠤᠷᠢᠲᠠᠨ ᠬᠥᠮᠦᠵᠢᠭᠦᠯᠬᠦ᠌ ᠡᠭᠦᠷᠭᠡ ᠬᠠᠷᠢᠭᠤᠴᠠᠯᠭ᠎ᠠ᠎ᠶ᠋ᠢ ᠵᠣᠷᠢᠭ᠍ᠲᠠᠢ ᠡᠭᠦᠷᠭᠡᠯᠡᠵᠦ᠍᠂ ᠪᠢᠴᠢᠭ ᠵᠢᠭᠠᠵᠤ ᠬᠥᠮᠦᠨ ᠬᠥᠮᠦᠵᠢᠭᠦᠯᠬᠦ᠌ ᠴᠢᠳᠠᠪᠤᠷᠢ᠎ᠪᠠᠨ ᠲᠠᠰᠤᠷᠠᠯᠲᠠ ᠦᠭᠡᠢ ᠳᠡᠭᠡᠭ᠌ᠰᠢᠯᠡᠭᠦᠯᠵᠦ᠍᠂ ᠶᠣᠰᠣ ᠰᠤᠷᠲᠠᠬᠤᠨ ᠤᠶᠤᠨ ᠤᠬᠠᠭᠠᠨ ᠪᠡᠶ᠎ᠡ ᠮᠠᠬᠠᠪᠣᠳ  ᠭᠤᠸ᠎ᠠ ᠰᠠᠢᠬᠠᠨ ᠬᠥᠳᠡᠯᠮᠦᠷᠢ ᠪᠦᠬᠦ᠌ ᠲᠠᠯ᠎ᠠ᠎ᠪᠠᠷ ᠬᠥᠭ᠌ᠵᠢᠭ᠌ᠰᠡᠨ ᠨᠡᠢᠭᠡᠮ ᠵᠢᠷᠤᠮ᠎ᠤᠨ ᠪᠦᠲᠦᠭᠡᠨ ᠪᠠᠢᠭᠤᠯᠤᠭ᠍ᠴᠢ ᠪᠠ ᠵᠠᠯᠭᠠᠮᠵᠢᠯᠠᠭ᠍ᠴᠢ᠎ᠶ᠋ᠢ ᠬᠥᠮᠦᠵᠢᠭᠦᠯᠬᠦ᠌᠎ᠳᠤ ᠦᠵᠡᠭᠦᠯᠪᠡᠰᠦ ᠵᠣᠬᠢᠬᠤ ᠬᠤᠪᠢ ᠨᠡᠮᠡᠷᠢ᠎ᠪᠠᠨ ᠦᠵᠡᠭᠦᠯᠦᠨ᠎ᠡ ᠬᠡᠵᠦ᠍ ᠦᠵᠡᠯ ᠪᠤᠳᠤᠯ᠎ᠢᠶᠠᠨ ᠳᠡᠯᠬᠡᠨ᠎ᠡ᠃

ᠦᠪᠥᠷ ᠮᠣᠩᠭᠤᠯ᠎ᠤᠨ ᠤᠷᠠᠯᠢᠭ᠎ᠤᠨ ᠳᠡᠭᠡᠳᠦ ᠰᠤᠷᠭᠠᠭᠤᠯᠢ᠎ᠶ᠋ᠢᠨ ᠪᠠᠭ᠍ᠰᠢ ᠬᠠᠢ ᠱᠠᠨ᠂ ᠶᠡᠭᠡ ᠳᠡᠭᠡᠳᠦ ᠰᠤᠷᠭᠠᠭᠤᠯᠢ᠎ᠶ᠋ᠢᠨ ᠦᠵᠡᠯ ᠰᠠᠨᠠᠭ᠎ᠠ ᠤᠯᠤᠰ ᠲᠥᠷᠥ᠎ᠶ᠋ᠢᠨ ᠬᠢᠴᠢᠶᠡᠯ᠎ᠤᠨ ᠪᠠᠭ᠍ᠰᠢ ᠪᠣᠯᠤᠭ᠍ᠰᠠᠨ᠎ᠤ ᠬᠤᠪᠢ᠎ᠳᠤ᠂ ᠪᠠᠭ᠍ᠰᠢ᠎ᠶ᠋ᠢᠨ ᠬᠡᠪ ᠪᠣᠯᠪᠠᠰᠤᠷᠠᠯ ᠪᠠ ᠴᠢᠳᠠᠪᠤᠷᠢ᠎ᠪᠠᠨ ᠬᠡᠷᠬᠢᠨ ᠳᠡᠭᠡᠭ᠌ᠰᠢᠯᠡᠭᠦᠯᠬᠦ᠂ ᠰᠤᠷᠤᠭ᠍ᠴᠢᠳ᠎ᠤᠨ ᠦᠵᠡᠯ ᠰᠠᠨᠠᠭ᠎ᠠ ᠤᠯᠤᠰ ᠲᠥᠷᠥ᠎ᠶ᠋ᠢᠨ ᠬᠢᠴᠢᠶᠡᠯ᠎ᠤᠨ ᠬᠦᠷᠲᠡᠮᠵᠢ᠎ᠶ᠋ᠢᠨ ᠲᠥᠷᠥᠭ᠌ᠳᠡᠯ ᠪᠠ ᠬᠠᠨᠤᠮᠵᠢ᠎ᠶ᠋ᠢᠨ ᠬᠡᠮᠵᠢᠶ᠎ᠡ᠎ᠶ᠋ᠢ ᠬᠡᠷᠬᠢᠨ ᠳᠡᠭᠡᠭ᠌ᠰᠢᠯᠡᠭᠦᠯᠬᠦ᠂ ᠦᠵᠡᠯ ᠰᠠᠨᠠᠭ᠎ᠠ ᠤᠯᠤᠰ ᠲᠥᠷᠥ᠎ᠶ᠋ᠢ ᠤᠷᠠᠯᠢᠭ᠎ᠢᠶᠠᠷ ᠬᠡᠷᠬᠢᠨ ᠢᠯᠡᠷᠡᠬᠦᠯᠬᠦ᠌ ᠵᠡᠷᠭᠡ ᠠᠰᠠᠭᠤᠳᠠᠯ᠎ᠤᠨ ᠲᠣᠭᠤᠷᠢᠨ᠎ᠳᠤ ᠦᠵᠡᠯ ᠰᠠᠨᠠᠭ᠎ᠠ ᠤᠯᠤᠰ ᠲᠥᠷᠥ᠎ᠶ᠋ᠢᠨ ᠬᠢᠴᠢᠶᠡᠯ᠎ᠤᠨ ᠥᠭᠡᠷᠡᠴᠢᠯᠡᠯᠲᠡ ᠬᠢᠵᠦ᠍ ᠱᠢᠨ᠎ᠡ᠎ᠶ᠋ᠢ ᠡᠭᠦᠳᠬᠦ᠌᠎ᠪᠠᠷ ᠴᠢᠷᠮᠠᠢᠨ ᠰᠦᠪᠡᠭ᠌ᠴᠢᠯᠡᠨ᠎ᠡ᠃ 《ᠤᠷᠠᠯᠢᠭ᠎ᠤᠨ ᠬᠡᠪ ᠨᠠᠮᠪᠠ》 ᠎ᠲᠠᠢ ᠦᠵᠡᠯ ᠰᠠᠨᠠᠭ᠎ᠠ ᠤᠯᠤᠰ ᠲᠥᠷᠥ᠎ᠶ᠋ᠢᠨ ᠬᠢᠴᠢᠶᠡᠯ ᠪᠠ 《ᠦᠵᠡᠯ ᠰᠠᠨᠠᠭ᠎ᠠ ᠤᠯᠤᠰ ᠲᠥᠷᠥ᠎ᠶ᠋ᠢᠨ ᠦᠨᠦᠷ ᠠᠮᠲᠠ᠎ᠲᠠᠢ》 ᠤᠷᠠᠯᠢᠭ᠎ᠤᠨ ᠬᠢᠴᠢᠶᠡᠯ᠎ᠢ ᠴᠣᠭ᠍ᠴᠠᠯᠠᠵᠤ᠂ ᠦᠵᠡᠯ ᠰᠠᠨᠠᠭ᠎ᠠ ᠤᠯᠤᠰ ᠲᠥᠷᠥ᠎ᠶ᠋ᠢᠨ ᠬᠢᠴᠢᠶᠡᠯ᠎ᠤᠨ ᠰᠤᠷᠭᠠᠨ ᠬᠥᠮᠦᠵᠢᠯ᠎ᠤᠨ  ᠦᠢᠯᠡᠰ᠎ᠤᠨ ᠱᠢᠨ᠎ᠡ ᠪᠠᠢᠳᠠᠯ᠎ᠢ ᠪᠤᠢ ᠪᠤᠯᠭᠠᠬᠤ᠎ᠪᠠᠷ ᠴᠢᠷᠮᠠᠢᠨ᠎ᠠ ᠬᠡᠯ᠎ᠡ᠃

ᠵᠠᠯᠠᠭᠤᠴᠤᠳ ᠪᠤᠯ ᠤᠯᠤᠰ ᠤᠷᠤᠨ᠎ᠤ ᠬᠦᠰᠡᠯ ᠡᠷᠡᠮᠡᠯᠵᠡᠯ ᠦᠨᠳᠦᠰᠦᠳᠡᠨ᠎ᠤ ᠢᠷᠡᠬᠡᠳᠦᠢ᠎ᠶ᠋ᠢ ᠲᠦᠯᠦᠬᠡᠯᠡᠵᠦ᠍ ᠪᠠᠢᠳᠠᠭ᠃ ᠱᠢᠨ᠎ᠠ ᠴᠠᠭ ᠦᠶ᠎ᠠ᠎ᠶ᠋ᠢᠨ ᠵᠠᠯᠠᠭᠤᠴᠤᠳ ᠪᠤᠯ ᠠᠯᠤᠰ ᠬᠡᠳᠦ᠎ᠶ᠋ᠢᠨ ᠬᠦᠰᠡᠯᠡᠩ᠎ᠲᠠᠢ ᠨᠢᠬᠡ ᠦᠶ᠎ᠠ᠎ᠶ᠋ᠢᠨ᠎ᠬᠢᠨ᠂ ᠶᠡᠭᠡ ᠡᠬᠦᠷᠬᠡ᠎ᠶ᠋ᠢ ᠡᠬᠦᠷᠬᠡᠯᠡᠵᠦ᠍ ᠳᠡᠢᠯᠬᠦ᠌ ᠨᠢᠬᠡ ᠦᠶ᠎ᠠ᠎ᠶ᠋ᠢᠨ᠎ᠬᠢᠨ ᠪᠢᠯᠡ᠃ ᠶᠡᠷᠦᠩᠬᠡᠢ ᠱᠦᠵᠢ ᠰᠢ᠎ᠶ᠋ᠢᠨ ᠫᠢᠩ᠎ᠤᠨ 《7 · 1》 ᠎ᠤ ᠴᠢᠬᠤᠯᠠ ᠶᠠᠷᠢᠶ᠎ᠠ ᠵᠠᠯᠠᠭᠤᠴᠤᠳ᠎ᠤᠨ ᠤᠶᠤᠨ ᠰᠠᠨᠠᠭ᠎ᠠ᠎ᠶ᠋ᠢ ᠤᠮᠳᠠᠯᠠᠵᠤ᠂ ᠦᠬᠡᠳᠡᠯᠡᠨ ᠳᠠᠪᠱᠢᠬᠤ ᠡᠷᠴᠢ ᠵᠤᠷᠢᠭ᠎ᠤᠨ ᠤᠨᠳᠤᠷᠤᠯ ᠬᠦᠴᠦᠨ ᠪᠤᠯᠵᠤ ᠪᠢᠯᠡ᠃ ᠤᠳᠤ ᠶᠠᠭ ᠵᠤᠨ᠎ᠤ ᠠᠮᠠᠷᠠᠯᠳᠠ᠎ᠳᠤ ᠲᠤᠬᠢᠶᠠᠯᠳᠤᠭᠤᠯᠤᠨ᠂ ᠮᠠᠨ᠎ᠤ ᠤᠷᠤᠨ᠎ᠤ ᠡᠯ᠎ᠠ ᠶᠡᠭᠡ ᠳᠡᠬᠡᠳᠤ ᠰᠤᠷᠭᠠᠭᠤᠯᠢ᠎ᠶ᠋ᠢᠨ ᠤᠶᠤᠳᠠᠳ 《ᠭᠤᠷᠪᠠ᠎ᠶ᠋ᠢ ᠬᠦᠳᠡᠭᠡ ᠬᠦᠷᠬᠡᠬᠦ᠌》 ᠮᠡᠳᠦ ᠡᠯ᠎ᠠ ᠵᠦᠢᠯ᠎ᠤᠨ ᠨᠡᠢᠬᠡᠮ᠎ᠤᠨ ᠦᠢᠯᠡᠳᠦᠯᠬᠡ᠎ᠳᠤ ᠢᠳᠡᠪᠬᠢᠳᠡᠢ ᠤᠷᠤᠯᠴᠠᠵᠤ᠂ ᠵᠠᠯᠠᠭᠤ ᠨᠠᠰᠤᠨ᠎ᠤ ᠬᠡᠷᠡᠯ ᠬᠢᠯᠪᠠᠭ᠎ᠠ᠎ᠪᠠᠨ ᠰᠠᠴᠤᠷᠠᠭᠤᠯᠤᠨ᠎ᠠ᠃

100 ᠵᠢᠯ᠎ᠤᠨ ᠡᠮᠦᠨ᠎ᠡ᠂ ᠨᠢᠭᠡ ᠪᠦᠯᠦᠭ ᠵᠠᠯᠠᠭᠤᠴᠤᠳ ᠤᠯᠠᠭᠠᠨ ᠣᠩᠭᠤᠴᠠ᠎ᠳᠤ ᠳᠠᠷᠪᠠᠭᠤᠯ ᠬᠡᠢᠰᠭᠡᠨ ᠠᠶᠠᠯᠠᠯ᠎ᠢᠶᠠᠨ ᠡᠬᠢᠯᠡᠭᠦᠯᠪᠡ᠃ 100 ᠵᠢᠯ᠎ᠤᠨ ᠳᠠᠷᠠᠭ᠎ᠠ᠂ ᠵᠠᠯᠠᠭᠤᠴᠤᠳ ᠪᠠᠭᠠᠴᠤᠳ ᠲᠢᠶᠠᠨ ᠠᠨ ᠮᠧᠨ ᠠᠭᠤᠳᠠᠮ ᠲᠠᠯᠠᠪᠠᠢ᠎ᠳᠤ 《ᠨᠠᠮ ᠮᠠᠨᠢ ᠰᠠᠨᠠᠭ᠎ᠠ ᠠᠮᠤᠷ ᠪᠠᠢᠭᠠᠷᠠᠢ᠂ ᠤᠯᠤᠰ᠎ᠢᠶᠠᠨ ᠬᠦᠴᠦᠷᠬᠡᠭ᠌ᠵᠢᠭᠦᠯᠬᠦ᠌᠎ᠳᠤ ᠪᠢᠳᠡ ᠪᠠᠢᠨ᠎ᠠ》 ᠬᠡᠮᠡᠬᠦ᠌ ᠲᠥᠪ ᠴᠢᠩᠭ᠎ᠠ ᠠᠮᠠᠯᠠᠯᠲᠠ ᠬᠢᠯ᠎ᠡ᠃ ᠱᠢᠨ᠎ᠡ ᠴᠠᠭ ᠦᠶ᠎ᠡ᠎ᠶ᠋ᠢᠨ ᠵᠠᠯᠠᠭᠤ ᠨᠠᠮ᠎ᠤᠨ ᠭᠡᠱᠢᠭᠦᠨ᠂ ᠪᠠᠷᠠᠭᠤᠨ ᠤᠷᠤᠨ᠎ᠢ ᠳᠡᠮᠵᠢᠬᠦ᠌ ᠲᠦᠯᠦᠪᠯᠡᠭᠡ᠎ᠶ᠋ᠢᠨ ᠰᠠᠢᠨ ᠳᠤᠷᠠᠴᠤᠳ᠎ᠤᠨ ᠨᠢᠬᠡᠨ ᠬᠡᠱᠢᠬᠦᠨ ᠪᠣᠯᠤᠭ᠍ᠰᠠᠨ᠎ᠤ ᠬᠤᠪᠢ᠎ᠳᠤ ᠰᠡᠳᠭᠢᠯ᠎ᠳᠡᠭᠡᠨ 《ᠭᠡᠷᠡᠯ》 ᠎ᠲᠠᠢ᠂ ᠮᠥᠷᠥᠨ᠎ᠳᠡᠭᠡᠨ ᠡᠬᠦᠷᠬᠡ ᠬᠠᠷᠢᠭᠤᠴᠠᠯᠭ᠎ᠠ ᠡᠬᠦᠷᠬᠡᠯᠡᠵᠦ᠍᠂ ᠪᠠᠷᠠᠭᠤᠨ ᠣᠷᠣᠨ᠎ᠳᠤ ᠤᠴᠢᠵᠤ᠂ ᠱᠢᠷᠭᠠᠭᠤ ᠬᠠᠲᠠᠭᠤᠵᠢᠯᠲᠠᠢ ᠠᠵᠢᠯᠯᠠᠵᠤ᠂ ᠬᠥᠳᠡᠭᠡ ᠲᠣᠰᠭᠤᠨ᠎ᠢ ᠬᠥᠭ᠌ᠵᠢᠭᠦᠯᠦᠨ ᠮᠠᠨᠳᠤᠭᠤᠯᠬᠤ᠎ᠳᠤ ᠵᠠᠯᠠᠭᠤ ᠨᠠᠰᠤᠨ᠎ᠤ ᠬᠦᠴᠦᠨ ᠴᠢᠳᠠᠯ᠎ᠢᠶᠠᠨ ᠡᠷᠬᠦᠨ᠎ᠡ ᠬᠡᠵᠦ᠍ ᠦᠪᠦᠷ ᠮᠤᠩᠭᠤᠯ᠎ᠤᠨ ᠶᠡᠭᠡ ᠰᠤᠷᠭᠠᠭᠤᠯᠢ᠎ᠶ᠋ᠢᠨ ᠠᠰᠫᠢᠷᠠᠨᠲ ᠶᠠᠨ ᠶᠠᠨ ᠬᠡᠯᠡᠨ᠎ᠡ᠃

ᠦᠪᠦᠷ ᠮᠤᠩᠭᠤᠯ᠎ᠤᠨ ᠶᠡᠭᠡ ᠰᠤᠷᠭᠠᠭᠤᠯᠢ᠎ᠶ᠋ᠢᠨ ᠨᠠᠢ᠍ᠮᠠᠳᠣᠭᠠᠷ ᠬᠤᠭᠤᠴᠠᠭᠠᠨ᠎ᠤ ᠠᠰᠫᠢᠷᠠᠨᠲ᠎ᠤᠨ ᠰᠤᠷᠭᠠᠨ ᠬᠥᠮᠦᠵᠢᠯ᠎ᠢ ᠳᠡᠮᠵᠢᠬᠦ᠌ ᠪᠦᠯᠬᠦᠮ᠎ᠤᠨ᠎ᠬᠢᠨ ᠲᠣᠭ᠍ᠲᠠᠬᠤ ᠱᠢᠶᠠᠨ᠂ ᠤᠷᠠᠳ᠎ᠤᠨ ᠡᠮᠦᠨᠡᠲᠦ ᠬᠤᠱᠢᠭᠤ᠎ᠳᠤ ᠬᠦᠷᠴᠦ᠍ ᠰᠤᠷᠭᠠᠨ ᠬᠦᠮᠦᠵᠢᠯ᠎ᠢ ᠳᠡᠮᠵᠢᠬᠦ᠌ ᠪᠤᠯᠤᠨ᠎ᠠ᠃ ᠪᠢᠳᠡ ᠲᠡᠦᠬᠡᠲᠦ ᠡᠭᠦᠷᠭᠡ᠎ᠶ᠋ᠢ ᠥᠯᠥ᠍ ᠬᠥᠰᠡᠷᠳᠡᠭᠦᠯᠦᠨ᠂ ᠪᠢᠴᠢᠭ ᠵᠢᠭᠠᠵᠤ ᠬᠥᠮᠦᠨ ᠬᠥᠮᠦᠵᠢᠭᠦᠯᠵᠦ᠍᠂ ᠦᠪᠦᠷ ᠮᠤᠩᠭᠤᠯ᠎ᠤᠨ ᠶᠡᠭᠡ ᠰᠤᠷᠭᠠᠭᠤᠯᠢ᠎ᠶ᠋ᠢᠨ ᠰᠤᠷᠭᠠᠨ ᠬᠥᠮᠦᠵᠢᠯ᠎ᠤᠨ ᠣᠢᠯᠠᠭᠠᠭ᠍ᠳᠠᠬᠤᠨ᠎ᠢ ᠦᠨᠳᠦᠰᠦᠨ ᠱᠠᠲᠤᠨ᠎ᠳᠤ ᠳᠡᠯᠭᠡᠷᠡᠭᠦᠯᠵᠦ᠍᠂ ᠦᠨᠳᠦᠰᠦᠲᠡᠨ᠎ᠤ ᠪᠦᠯᠬᠦᠮᠳᠡᠯ ᠳᠠᠪᠱᠢᠯᠲᠠ᠎ᠶ᠋ᠢ ᠬᠠᠮᠠᠭᠠᠯᠠᠨ ᠠᠬᠢᠭᠤᠯᠬᠤ ᠡᠯᠴᠢ ᠪᠣᠯᠬᠤ᠎ᠪᠠᠷ ᠴᠢᠷᠮᠠᠢᠵᠤ᠂ ᠪᠣᠳᠠᠲᠤ ᠠᠵᠢᠯᠯᠠᠭ᠎ᠠ᠎ᠪᠠᠷ᠎ᠢᠶᠠᠨ ᠳᠤᠮᠳᠠᠳᠤ᠎ᠶ᠋ᠢᠨ ᠦᠨᠳᠦᠰᠦᠲᠡᠨ᠎ᠤ ᠬᠠᠮᠲᠤ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠵᠤ᠂ ᠨᠠᠮ ᠪᠣᠯᠤᠨ ᠤᠯᠤᠰ᠎ᠤᠨ ᠬᠥᠭ᠌ᠵᠢᠯᠲᠡ᠎ᠳᠤ ᠦᠢᠯᠡᠴᠢᠯᠡᠬᠦ᠌ ᠭᠠᠯ ᠬᠠᠯᠠᠭᠤᠨ  ᠦᠢᠯᠡᠳᠣᠯᠭᠡ ᠳᠤᠮᠳᠠ ᠬᠥᠮᠦᠨ᠎ᠤ ᠠᠮᠢᠳᠤᠷᠠᠯ᠎ᠤᠨ ᠬᠦᠰᠡᠯᠡᠩ᠎ᠢᠶᠠᠨ ᠪᠡᠶᠡᠯᠡᠭᠦᠯᠦᠨ᠎ᠡ ᠬᠡᠵᠦ᠍ ᠳᠤᠰ ᠪᠦᠯᠬᠦᠮ᠎ᠤᠨ ᠬᠡᠱᠢᠬᠦᠨ ᠡᠦ ᠲᠦᠩ ᠶᠠᠷᠢᠵᠤ ᠪᠠᠢᠯ᠎ᠠ᠃

ᠶᠡᠷᠦᠩᠬᠡᠶ ᠱᠦᠵᠢ ᠰᠢ᠎ᠶ᠋ᠢᠨ ᠫᠢᠩ᠎ᠤᠨ 《7 · 1》 ᠎ᠤ ᠴᠢᠬᠤᠯᠠ ᠶᠠᠷᠢᠶᠠᠨ᠎ᠤ ᠵᠣᠷᠢᠭ ᠰᠠᠨᠠᠭ᠎ᠠ᠎ᠶ᠋ᠢ ᠰᠤᠷᠤᠯᠴᠠᠨ ᠤᠬᠠᠭᠤᠯᠬᠤ᠎ᠶ᠋ᠢ 《ᠤᠯᠠᠭᠠᠨ ᠪᠥᠴᠡᠲᠡᠨ᠎ᠤ ᠰᠡᠳᠭᠢᠯ ᠨᠠᠮ᠎ᠢᠶᠠᠨ ᠳᠠᠭᠠᠬᠤ》 ᠭᠤᠤᠯ ᠰᠡᠳᠦᠪᠲᠦ ᠬᠥᠮᠦᠵᠢᠯ᠎ᠤᠨ  ᠦᠢᠯᠡᠳᠣᠯᠭᠡ᠎ᠶ᠋ᠢᠨ ᠠᠵᠢᠯᠯᠠᠭ᠎ᠠ᠎ᠲᠠᠢ ᠤᠶᠠᠯᠳᠤᠭᠤᠯᠵᠤ᠂ ᠪᠥᠬᠦ᠌ ᠤᠯᠤᠰ᠎ᠤᠨ ᠤᠯᠠᠭᠠᠨ ᠪᠥᠴᠡᠲᠡᠨ᠎ᠤ ᠲᠣᠭᠤᠷᠢᠨ ᠲᠠᠢᠯᠪᠤᠷᠢᠯᠠᠬᠤ ᠪᠦᠯᠬᠦᠮ 7 ᠰᠠᠷ᠎ᠠ᠎ᠶ᠋ᠢᠨ 10 ᠎ᠤ ᠡᠳᠦᠷ᠂ ᠬᠦᠬᠡᠬᠤᠳᠠ᠎ᠶ᠋ᠢᠨ ᠵᠢᠨᠴᠢᠶᠤᠤ ᠪᠠᠭ᠎ᠠ ᠰᠤᠷᠭᠠᠭᠤᠯᠢ᠎ᠳᠤ ᠬᠦᠷᠴᠦ᠍᠂ ᠰᠠᠢᠬᠠᠨ ᠲᠣᠭᠤᠷᠢᠭ᠎ᠤᠨ ᠬᠠᠪᠰᠤᠷᠤᠨ ᠵᠢᠯᠣᠭᠤᠳᠣᠭ᠍ᠴᠢ ᠪᠣᠯᠤᠨ ᠪᠠᠭᠠᠴᠤᠳ᠎ᠤᠨ ᠬᠤᠱᠢᠭᠤᠴᠢ ᠠᠩᠭᠢ᠎ᠶ᠋ᠢᠨ ᠭᠡᠱᠢᠭᠦᠳ᠎ᠲᠤ 《ᠨᠠᠮ᠎ᠢᠶᠠᠨ ᠢᠲᠡᠭᠡᠵᠦ᠍ ᠤᠯᠤᠰ᠎ᠢᠶᠠᠨ ᠬᠦᠴᠦᠷᠬᠡᠭ᠌ᠵᠢᠭᠦᠯᠬᠦ᠌》 ᠭᠤᠤᠯ ᠰᠡᠳᠦᠪᠲᠦ ᠤᠬᠠᠭᠤᠯᠤᠨ ᠲᠠᠢᠯᠪᠤᠷᠢᠯᠠᠯᠲᠠ ᠬᠢᠪᠠ᠃ ᠡᠨᠡ ᠬᠦ᠌ ᠠᠵᠢᠯᠯᠠᠭ᠎ᠠ᠎ᠨᠢ ᠪᠦᠬᠦ᠌ ᠣᠷᠣᠨ᠎ᠤ ᠬᠠᠪᠰᠤᠷᠤᠨ ᠵᠢᠯᠣᠭᠤᠳᠤᠭ᠍ᠴᠢ ᠵᠢᠴᠢ ᠪᠠᠭᠠᠴᠤᠳ᠎ᠤᠨ ᠬᠤᠱᠢᠭᠤᠴᠢ ᠠᠩᠭᠢ᠎ᠶ᠋ᠢᠨ ᠭᠡᠱᠢᠭᠦᠳ᠎ᠤᠨ ᠰᠤᠷᠤᠯᠴᠠᠯᠭ᠎ᠠ᠎ᠶ᠋ᠢᠨ ᠬᠠᠯᠠᠭᠤᠨ ᠥᠷᠨᠢᠯᠲᠡ᠎ᠶ᠋ᠢ ᠬᠥᠭ᠌ᠵᠢᠭᠡᠪᠡ᠃

ᠥᠪᠥᠷ ᠮᠣᠩᠭᠤᠯ᠎ᠤᠨ ᠲᠠᠷᠢᠶᠠᠯᠠᠩ᠎ᠤᠨ ᠶᠡᠭᠡ ᠰᠤᠷᠭᠠᠭᠤᠯᠢ᠎ᠶ᠋ᠢᠨ ᠬᠠᠷᠢᠶᠠᠲᠤ ᠳᠤᠮᠳᠠᠳᠤ ᠰᠤᠷᠭᠠᠭᠤᠯᠢ᠎ᠶ᠋ᠢᠨ ᠶᠡᠭᠡ ᠠᠩᠭᠢ᠎ᠶ᠋ᠢᠨ ᠬᠠᠪᠰᠤᠷᠤᠨ ᠵᠢᠯᠣᠭᠤᠳᠣᠭ᠍ᠴᠢ ᠵᠠᠩ ᠯᠢ ᠨᠠ᠂ ᠳᠤᠭᠤᠷᠢᠨ ᠳᠠᠢᠯᠪᠤᠷᠢᠯᠠᠭ᠍ᠴᠢᠳ᠎ᠤᠨ ᠬᠤᠪᠢᠶᠠᠯᠴᠠᠭ᠍ᠰᠠᠨ ᠰᠡᠳᠭᠢᠯ ᠬᠥᠳᠡᠯᠭᠡᠮ᠎ᠡ ᠦᠯᠢᠭᠡᠷ ᠲᠤᠬᠠᠢ᠎ᠶ᠋ᠢᠨ ᠲᠠᠯᠠᠪᠠᠢ᠎ᠳᠤ ᠪᠠᠢᠭ᠍ᠰᠠᠨ ᠬᠠᠪᠰᠤᠷᠤᠨ ᠵᠢᠯᠤᠭᠤᠳᠤᠬ᠍ᠴᠢ᠂ ᠪᠠᠭᠠᠴᠤᠳ᠎ᠤᠨ ᠬᠤᠱᠢᠭᠤᠴᠢ ᠠᠩᠬᠢ᠎ᠶ᠋ᠢᠨ ᠭᠡᠱᠢᠭᠦᠨ ᠪᠦᠷᠢ᠎ᠶ᠋ᠢ ᠨᠡᠬᠡᠷᠡᠨ ᠳᠤᠭ᠍ᠳᠤᠯᠤᠭᠤᠯᠤᠯ᠎ᠠ᠃ ᠪᠢᠳᠡ ᠤᠯᠠᠭᠠᠨ ᠲᠤᠭ᠎ᠤᠨ ᠳᠣᠣᠷ᠎ᠠ ᠦᠰᠴᠦ᠍᠂ ᠬᠠᠢᠷ᠎ᠠ ᠬᠠᠯᠠᠮᠵᠢ᠎ᠶ᠋ᠢᠨ ᠲᠤᠮᠳᠠ ᠪᠤᠢᠵᠢᠨ᠎ᠠ᠃ ᠠᠷᠠᠳ ᠲᠦᠮᠡᠨ ᠢᠲᠡᠭᠡᠯ ᠪᠢᠱᠢᠷᠡᠯ᠎ᠲᠠᠢ ᠪᠤᠯ ᠤᠯᠤᠰ ᠣᠷᠣᠨ ᠬᠦᠴᠦᠨ ᠴᠢᠳᠠᠯ᠎ᠲᠠᠢ᠃ 《ᠨᠠᠮ ᠮᠠᠨᠢ ᠰᠠᠨᠠᠭ᠎ᠠ ᠠᠮᠤᠷ ᠪᠠᠢᠭᠠᠷᠠᠢ᠂ ᠤᠯᠤᠰ᠎ᠢᠶᠠᠨ ᠬᠦᠴᠦᠷᠬᠡᠭ᠌ᠵᠢᠭᠦᠯᠬᠦ᠌᠎ᠳᠤ ᠪᠢ ᠪᠤᠢ》 ᠬᠡᠮᠡᠬᠦ᠌ ᠬᠠᠩᠬᠢᠨᠠᠮ᠎ᠠ ᠬᠦᠴᠦᠳᠡᠢ ᠳᠠᠩᠭᠠᠷᠢᠭ᠎ᠤᠨ ᠦᠬᠡ᠎ᠠᠴᠠ ᠡᠬᠡ ᠤᠯᠤᠰ᠎ᠤᠨ ᠢᠷᠡᠬᠡᠳᠦᠢ᠎ᠶ᠋ᠢᠨ ᠪᠦᠳᠦᠬᠡᠨ ᠪᠠᠢᠭᠤᠯᠤᠭ᠍ᠴᠢᠳ᠎ᠤᠨ ᠪᠠᠷ᠎ᠠ ᠰᠡᠬᠦᠳᠡᠷ ᠬᠠᠷᠠᠭ᠍ᠳᠠᠬᠤ ᠬᠡᠮᠡᠷ᠃ ᠪᠠᠭᠠᠴᠤᠳ᠎ᠤᠨ ᠬᠤᠱᠢᠭᠤᠴᠢ ᠠᠩᠭᠢ᠎ᠶ᠋ᠢᠨ ᠬᠠᠪᠰᠤᠷᠤᠨ ᠵᠢᠯᠣᠭᠤᠳᠣᠭ᠍ᠴᠢ ᠪᠣᠯᠤᠭ᠍ᠰᠠᠨ᠎ᠤ ᠬᠤᠪᠢ᠎ᠳᠤ ᠭᠡᠱᠢᠭᠦᠳ᠎ᠢᠶᠠᠨ ᠬᠠᠷᠠᠬᠠᠨ ᠪᠠᠭ᠎ᠠ᠎ᠠᠴᠠ᠎ᠪᠠᠨ ᠠᠯᠤᠰ ᠬᠡᠲᠦ᠎ᠶ᠋ᠢᠨ ᠬᠦᠰᠡᠯᠡᠩ᠎ᠲᠠᠢ ᠪᠤᠯᠭᠠᠨ ᠬᠦᠮᠦᠵᠢᠬᠦᠯᠵᠦ᠍᠂ ᠨᠠᠮ᠎ᠢᠶᠠᠨ ᠳᠠᠭᠠᠬᠤ ᠢᠲᠡᠭᠡᠯ ᠪᠢᠱᠢᠷᠡᠯ᠎ᠢ᠎ᠨᠢ ᠪᠠᠳᠤᠳᠭᠠᠨ᠎ᠠ ᠬᠡᠵᠦ᠍ ᠶᠠᠷᠢᠨ᠎ᠠ᠃

ᠤᠬᠠᠭᠤᠯᠤᠨ ᠲᠠᠢᠯᠪᠤᠷᠢᠯᠠᠬᠤ ᠪᠦᠯᠬᠦᠮ᠎ᠤᠨ ᠪᠠᠭ᠍ᠰᠢ ᠨᠠᠷ᠎ᠤᠨ 《ᠠᠨᠠᠷ᠎ᠤᠨ ᠦᠷ᠎ᠡ》 ᠎ᠶ᠋ᠢᠨ ᠥᠯᠢᠭᠡᠷ᠎ᠠᠴᠠ ᠦᠨᠳᠦᠰᠦᠲᠡᠨ᠎ᠨᠦᠭᠦᠳ᠎ᠤᠨ ᠠᠷᠠᠳ ᠲᠦᠮᠡᠨ ᠰᠡᠳᠭᠢᠯ ᠨᠢᠭᠡᠳᠦᠨ ᠪᠦᠯᠬᠦᠮᠳᠡᠵᠦ᠍᠂ ᠨᠢᠭᠡ ᠬᠡᠷ᠎ᠤᠨ ᠬᠥᠮᠦᠨ ᠮᠡᠲᠦ ᠳᠣᠲᠣᠨᠣ ᠪᠠᠢᠬᠤ ᠪᠣᠯ ᠳᠤᠮᠳᠠᠳᠤ᠎ᠶ᠋ᠢᠨ ᠦᠨᠳᠦᠰᠦᠲᠡᠨ᠎ᠤ ᠠᠭᠤᠤ ᠶᠡᠭᠡ ᠰᠡᠷᠭᠦᠨ ᠮᠠᠨᠳᠤᠯᠲᠠ᠎ᠶ᠋ᠢ ᠵᠠᠪᠠᠯ ᠪᠡᠶᠡᠯᠡᠭᠦᠯᠬᠦ᠌᠎ᠶ᠋ᠢᠨ ᠦᠨᠳᠦᠰᠦᠨ ᠪᠠᠲᠤᠯᠠᠭ᠎ᠠ ᠪᠣᠯᠬᠤ᠎ᠶ᠋ᠢ ᠤᠢ᠍ᠢᠯᠠᠭᠠᠵᠠᠢ ᠬᠡᠵᠦ᠍ ᠵᠢᠨᠴᠢᠶᠤᠤ ᠪᠠᠭ᠎ᠠ ᠰᠤᠷᠭᠠᠭᠤᠯᠢ᠎ᠶ᠋ᠢᠨ ᠰᠤᠷᠤᠭ᠍ᠴᠢ ᠰᠦᠨ ᠢᠤᠢ ᠮᠧᠩ ᠶᠠᠷᠢᠨ᠎ᠠ᠃ ᠤᠬᠠᠭᠤᠯᠤᠨ ᠳᠠᠢᠯᠪᠤᠷᠢᠯᠠᠬᠤ ᠪᠦᠯᠬᠦᠮ᠎ᠤᠨ ᠪᠠᠭ᠍ᠰᠢ᠎ᠠᠴᠠ ᠤᠯᠠᠨ ᠤᠯᠤᠰ᠎ᠤᠨ ᠰᠠᠨᠰᠠᠷ᠎ᠤᠨ ᠦᠷᠳᠡᠭᠡ᠎ᠳᠤ ᠭᠠᠷᠤᠭ᠍ᠰᠠᠨ ᠰᠠᠨᠰᠠᠷᠴᠢᠳ᠎ᠤᠨ ᠦᠯᠢᠬᠡᠷ᠂ ᠶᠤᠸᠠᠨ ᠯᠦᠩ ᠫᠢᠩ᠂ ᠵᠦᠩ ᠨᠠᠨ ᠱᠠᠨ᠂ ᠬᠤᠸᠠᠩ ᠳ᠋ᠠ ᠨᠢᠶᠠᠨ ᠁ ᠠᠳᠠᠯᠢ ᠪᠤᠰᠤ ᠠᠵᠢᠯ ᠲᠦᠷᠦᠯ᠎ᠤᠨ ᠪᠠᠭᠠᠳᠤᠷᠴᠤᠳ᠎ᠤᠨ ᠦᠯᠢᠬᠡᠷ᠎ᠢ ᠶᠠᠷᠢᠵᠤ ᠦᠭ᠌ᠬᠦᠯ᠎ᠡ᠃ ᠡᠳᠡᠬᠡᠷ ᠦᠯᠢᠬᠡᠷ ᠮᠢᠨᠦ᠍ ᠴᠢᠷᠮᠠᠢᠨ ᠰᠤᠷᠤᠯᠴᠠᠬᠤ ᠵᠤᠷᠢᠭ᠎ᠢ ᠬᠦᠪᠴᠢᠯᠡᠵᠡᠢ ᠬᠡᠵᠦ᠍ ᠵᠢᠨᠴᠢᠶᠤᠤ ᠪᠠᠭ᠎ᠠ ᠰᠤᠷᠭᠠᠭᠤᠯᠢ᠎ᠶ᠋ᠢᠨ ᠰᠤᠷᠤᠭ᠍ᠴᠢ ᠵᠠᠩ ᠵᠢᠩ ᠪᠦᠸᠧ ᠶᠠᠷᠢᠨ᠎ᠠ᠃ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠤᠶᠠᠨ᠌ᠦ᠌ᠨᠳᠦᠰᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号