ᠠᠯᠳᠠᠷᠲᠤ ᠵᠤᠬᠢᠶᠠᠯᠴᠢ ᠱᠧᠺᠰᠫᠧᠷ᠄ 《ᠨᠤᠮ ᠪᠢᠴᠢᠭ ᠪᠣᠯ ᠪᠦᠬᠦ᠌ ᠲᠡᠯᠡᠭᠡᠢ᠎ᠶ᠋ᠢᠨ ᠱᠢᠮ᠎ᠡ ᠲᠡᠵᠢᠭᠡᠯᠲᠦ ᠡᠳ᠋ ᠮᠥᠨ᠂ ᠠᠮᠢᠳᠤᠷᠠᠯ᠎ᠳᠤ ᠨᠤᠮ ᠪᠢᠴᠢᠭ ᠦᠭᠡᠶ ᠪᠣᠯ ᠨᠡᠷᠡᠨ ᠭᠡᠷᠡᠯ ᠪᠠᠢᠬᠤ ᠦᠭᠡᠶ᠎ᠲᠠᠢ ᠠᠳᠠᠯᠢ; ᠣᠶᠤᠨ ᠤᠬᠠᠭᠠᠨ᠎ᠳᠤ ᠨᠤᠮ ᠪᠢᠴᠢᠭ ᠪᠠᠢᠬᠤ ᠦᠭᠡᠶ ᠪᠣᠯ ᠱᠢᠪᠠᠭᠤᠨ᠎ᠳᠤ ᠵᠢᠭᠦᠷ ᠦᠭᠡᠶ᠎ᠲᠠᠢ ᠠᠳᠠᠯᠢ》 ᠭᠡᠵᠦ᠍ ᠬᠡᠯᠡᠭ᠌ᠰᠡᠨ ᠪᠠᠢᠳᠠᠭ᠃ ᠨᠤᠮ ᠪᠢᠴᠢᠭ᠎ᠤᠨ ᠠᠴᠢ ᠲᠤᠰᠠ᠂ ᠦᠢᠯᠡᠳᠦᠯ ᠴᠢᠳᠠᠪᠬᠢ᠎ᠶ᠋ᠢ ᠡᠭᠦᠨ᠎ᠠᠴᠠ ᠪᠢᠳᠡ ᠤᠬᠠᠭᠠᠷᠠᠨ ᠮᠡᠳᠡᠵᠦ᠍ ᠪᠤᠯᠤᠨ᠎ᠠ᠃ ᠭᠡᠬᠦ᠌᠎ᠳᠡᠭᠡᠨ ᠬᠡᠤᠬᠡᠳ ᠪᠠᠭᠠᠴᠤᠳ᠎ᠢᠶᠠᠨ ᠨᠤᠮ ᠢᠯᠡᠭᠦᠦ ᠤᠩᠱᠢᠬᠤ᠂ ᠰᠠᠢᠨ ᠨᠤᠮ ᠤᠩᠱᠢᠬᠤ ᠲᠡᠢᠰᠢ ᠬᠦᠳᠦᠯᠬᠦ᠌ᠨᠢ ᠨᠡᠩ ᠴᠢᠬᠤᠯᠠ ᠪᠢᠯᠡ᠃
ᠰᠤᠷᠭᠠᠭᠤᠯᠢ᠎ᠳᠤ ᠪᠠᠢᠭ᠎ᠠ ᠬᠡᠦᠬᠡᠳ ᠪᠠᠭ᠍ᠰᠢ᠎ᠶ᠋ᠢᠨ ᠵᠢᠯᠤᠭᠤᠳᠤᠯᠭ᠎ᠠ᠎ᠪᠠᠷ ᠬᠢᠴᠢᠶᠡᠯ᠎ᠤᠨ ᠲᠠᠩᠬᠢᠮ᠎ᠳᠤ ᠨᠣᠮ ᠤᠩᠱᠢᠳᠠᠭ᠂ ᠭᠡᠪᠡᠴᠦ᠍ ᠡᠨᠡ ᠬᠦ᠌ ᠤᠩᠱᠢᠯᠭ᠎ᠠ᠎ᠨᠢ ᠬᠢᠴᠢᠶᠡᠯ᠎ᠤᠨ ᠭᠠᠳᠠᠨᠠᠬᠢ ᠤᠩᠱᠢᠯᠭ᠎ᠠ᠎ᠲᠠᠢ ᠠᠳᠠᠯᠢ ᠪᠤᠰᠤ ᠶᠤᠮ᠃ ᠬᠢᠴᠢᠶᠡᠯ᠎ᠤᠨ ᠳᠠᠩᠬᠢᠮ᠎ᠳᠠᠬᠢ ᠨᠤᠮ ᠤᠩᠱᠢᠯᠭ᠎ᠠ᠎ᠨᠢ ᠮᠡᠳᠡᠯᠭᠡ ᠰᠤᠷᠬᠤ᠎ᠪᠠᠷ ᠭᠤᠤᠯ ᠪᠣᠯᠭᠠᠳᠠᠭ ᠪᠤᠯ ᠬᠢᠴᠢᠶᠡᠯ᠎ᠤᠨ ᠭᠠᠳᠠᠨᠠᠬᠢ ᠨᠣᠮ ᠤᠩᠱᠢᠯᠭ᠎ᠠ᠎ᠨᠢ ᠨᠢᠭᠡ ᠵᠦᠢᠯ᠎ᠤᠨ ᠣᠶᠣᠨ ᠰᠠᠨᠠᠭᠠᠨ᠎ᠤ ᠬᠦᠷᠲᠡᠭᠡᠯ ᠪᠤᠯᠳᠠᠭ᠃ ᠲᠡᠷᠡ᠎ᠨᠢ ᠬᠡᠦᠬᠡᠳ᠎ᠤᠨ ᠤᠩᠱᠢᠯᠭ᠎ᠠ᠎ᠶ᠋ᠢᠨ ᠴᠢᠳᠠᠪᠤᠷᠢ᠎ᠶ᠋ᠢ ᠲᠡᠭᠡᠭ᠌ᠰᠢᠯᠡᠭᠦᠯᠬᠦ᠌ ᠲᠡᠳᠦᠢ ᠦᠭᠡᠢ᠂ ᠤᠯᠠᠨ ᠲᠠᠯ᠎ᠠ᠎ᠶ᠋ᠢᠨ ᠲᠤᠷ᠎ᠠ ᠪᠠᠬ᠎ᠠ᠎ᠶ᠋ᠢ᠎ᠨᠢ ᠬᠥᠮᠦᠵᠢᠭᠦᠯᠬᠦ᠂ ᠬᠤᠵᠢᠮ ᠬᠤᠢᠱᠢᠳᠠ ᠮᠡᠷᠭᠡᠵᠢᠯᠳᠡᠨ ᠴᠢᠳᠠᠪᠤᠷᠢᠳᠠᠨ ᠪᠤᠯᠬᠤ᠎ᠳᠤ ᠵᠦᠢᠷᠯᠡᠰᠢ ᠦᠭᠡᠢ ᠠᠴᠢ ᠲᠤᠰᠠᠲᠠᠢ ᠪᠠᠢᠳᠠᠭ᠃ ᠭᠡᠲᠡᠯ᠎ᠡ ᠤᠳᠤᠬᠠᠨ᠎ᠳᠤ ᠮᠠᠰᠢ ᠣᠯᠠᠨ ᠬᠡᠦᠬᠡᠳ ᠪᠠᠭ᠎ᠠ ᠰᠤᠷᠭᠠᠭᠤᠯᠢ᠎ᠳᠤ ᠤᠷᠤᠭ᠍ᠰᠠᠨ᠎ᠠᠴᠠ᠎ᠪᠠᠨ ᠠᠪᠤᠭᠠᠳ ᠬᠢᠴᠢᠶᠡᠯ ᠰᠤᠷᠤᠯᠭ᠎ᠠ᠎ᠶ᠋ᠢᠨ ᠳᠠᠷᠤᠭᠠᠰᠤ᠎ᠠᠴᠠ ᠪᠣᠯᠵᠤ ᠬᠢᠴᠢᠶᠡᠯ᠎ᠤᠨ ᠭᠠᠳᠠᠨᠠᠬᠢ ᠨᠣᠮ ᠤᠩᠱᠢᠯᠭ᠎ᠠ᠎ᠨᠢ ᠴᠦᠭᠡᠷᠡᠳᠡᠭ᠃ ᠦᠨᠡᠨ᠎ᠳᠡᠭᠡᠨ 8 — 12 ᠨᠠᠰᠤᠨ᠎ᠤ ᠬᠡᠦᠬᠡᠳ᠎ᠲᠤ ᠰᠠᠢᠨ ᠨᠣᠮ ᠰᠣᠩᠭᠤᠵᠤ ᠥᠭ᠌ᠬᠦ᠂ ᠬᠡᠦᠬᠡᠳ᠎ᠤᠨ ᠤᠩᠱᠢᠯᠭ᠎ᠠ᠎ᠶ᠋ᠢ ᠵᠥᠪ᠎ᠢᠶᠠᠷ ᠬᠦᠳᠦᠯᠦᠨ ᠵᠢᠯᠣᠭᠤᠳᠴᠤ᠌᠂ ᠦᠰᠦᠨ ᠪᠤᠢᠵᠢᠯᠲᠠᠶ᠋ᠢᠨᠢ ᠠᠬᠢᠭᠤᠯᠬᠤ ᠪᠣᠯ ᠭᠡᠷ᠎ᠤᠨ ᠠᠬᠠᠮᠠᠳ ᠨᠢᠭᠡ ᠪᠦᠷᠢ᠎ᠶ᠋ᠢᠨ ᠬᠠᠷᠢᠭᠤᠴᠠᠯᠭ᠎ᠠ ᠪᠣᠯᠤᠨ᠎ᠠ᠃
ᠬᠡᠤᠬᠡᠳ᠎ᠤᠨ ᠤᠩᠱᠢᠬᠤ ᠨᠤᠮ᠎ᠤᠨ ᠰᠣᠩᠭᠤᠯᠲᠠ ᠮᠠᠰᠢ ᠴᠢᠬᠤᠯᠠ ᠪᠠᠢᠳᠠᠭ᠃ ᠵᠠᠷᠢᠮ ᠭᠡᠷ᠎ᠤᠨ ᠠᠬᠠᠮᠠᠳ ᠬᠡᠦᠬᠡᠳ᠎ᠤᠨ᠎ᠢᠶᠠᠨ ᠨᠣᠮ ᠤᠩᠱᠢᠬᠤ ᠬᠤᠷᠳᠤᠴᠠ ᠪᠠ ᠲᠤᠭ᠎ᠠ ᠬᠡᠮᠵᠢᠶ᠎ᠡ᠎ᠶ᠋ᠢ ᠬᠥᠭᠡᠭᠡᠴᠡᠯᠳᠦᠵᠦ᠍᠂ ᠬᠢᠴᠢᠶᠡᠯ᠎ᠤᠨ ᠭᠠᠳᠠᠨᠠᠬᠢ ᠨᠣᠮ ᠤᠩᠱᠢᠯᠭ᠎ᠠ᠎ᠶ᠋ᠢᠨ ᠴᠢᠨᠠᠷ ᠴᠢᠨᠰᠠᠭ᠎ᠠ᠎ᠶ᠋ᠢ ᠣᠮᠲᠣᠭᠠᠢᠯᠠᠳᠠᠭ᠃ ᠲᠡᠳᠡ ᠬᠡᠦᠬᠡᠳ᠎ᠢᠶᠠᠨ ᠬᠠᠪᠰᠤᠷᠴᠤ᠌ ᠨᠤᠮ ᠰᠣᠩᠭᠤᠬᠤ ᠠᠵᠢᠯ᠎ᠢ ᠬᠦᠩᠬᠡᠪᠴᠢᠯᠡᠵᠦ᠍᠂ ᠬᠡᠦᠬᠡᠳ᠎ᠤᠨ ᠦᠪᠡᠷ ᠪᠡᠶ᠎ᠠ᠎ᠪᠠᠷ᠎ᠨᠢ ᠨᠤᠮ ᠬᠤᠳᠠᠯᠳᠤᠨ ᠠᠪᠤᠭᠤᠯᠳᠠᠭ᠎ᠠᠴᠠ ᠪᠣᠯᠵᠤ᠂ ᠵᠠᠷᠢᠮ ᠪᠡᠶ᠎ᠡ᠎ᠪᠠᠨ ᠪᠠᠷᠢᠬᠤ ᠴᠢᠳᠠᠪᠤᠷᠢ᠎ᠪᠠᠷ ᠠᠨᠠᠢ ᠬᠡᠦᠬᠡᠳ᠎ᠤᠳ ᠰᠣᠨᠢᠨ ᠰᠡᠪᠡᠭᠦᠨ ᠱᠤᠭ ᠵᠢᠷᠤᠭ ᠪᠤᠶᠤ ᠲᠤᠮᠤᠴᠤᠤᠯ᠎ᠳᠤ ᠯᠠ ᠲᠤᠬᠢᠷᠠᠬᠤ ᠥᠭᠦᠯᠡᠯᠭᠡ ᠲᠤᠭᠤᠵᠢ ᠬᠤᠳᠠᠯᠳᠤᠨ ᠠᠪᠴᠤ᠌᠂ ᠶᠠᠭ ᠲᠦᠭᠦᠮ ᠭᠤᠯᠢᠷ ᠢᠳᠡᠭ᠌ᠰᠡᠨ ᠱᠢᠭ ᠤᠩᠱᠢᠴᠢᠬᠠᠬ᠍ᠰᠠᠨ ᠴᠤ᠌ ᠱᠢᠮ᠎ᠡ ᠲᠡᠵᠢᠭᠡᠯ ᠤᠯᠵᠤ ᠬᠦᠷᠳᠡᠳᠡᠭ ᠦᠭᠡᠢ ᠲᠤᠬᠢᠶᠠᠯᠳᠤᠯ᠎ᠲᠠᠢ᠃
ᠬᠡᠦᠬᠡᠳ᠎ᠤᠨ ᠨᠤᠮ ᠤᠩᠱᠢᠬᠤ ᠳᠠᠳᠭᠠᠯ᠎ᠢ ᠬᠥᠮᠦᠵᠢᠭᠦᠯᠬᠦ᠌᠎ᠶ᠋ᠢᠨ ᠵᠠᠩᠭᠢᠯᠠᠭ᠎ᠠ᠎ᠨᠢ ᠭᠡᠷ ᠪᠦᠯᠢ᠎ᠳᠤ ᠪᠤᠢ᠃ ᠱᠢᠨᠵᠢᠯᠡᠬᠦ᠌ ᠤᠬᠠᠭᠠᠨᠴᠢ ᠤᠩᠱᠢᠯᠭ᠎ᠠ᠎ᠶ᠋ᠢᠨ ᠠᠷᠭ᠎ᠠ᠎ᠨᠢ ᠠᠢᠯ᠎ᠤᠨ ᠬᠡᠦᠬᠡᠳ᠎ᠲᠠᠢ ᠨᠢᠭᠡ ᠵᠢᠯ ᠬᠡᠳᠦᠢ ᠨᠤᠮ ᠤᠩᠱᠢᠬ᠍ᠰᠠᠨᠢ ᠠᠳᠠᠯᠢᠳᠭᠠᠬᠤ ᠶᠠᠪᠤᠳᠠᠯ ᠪᠢᠰᠢ᠃ ᠤᠩᠱᠢᠯᠭ᠎ᠠ᠎ᠶ᠋ᠢᠨ ᠬᠡᠮᠵᠢᠶ᠎ᠡ᠎ᠶ᠋ᠢᠨ ᠤᠯᠠᠨ ᠴᠦᠬᠡᠨ᠎ᠢᠶᠠᠷ ᠬᠡᠮᠵᠢᠬᠦ᠌ ᠦᠭᠡᠢ᠂ ᠬᠠᠷᠢᠨ ᠨᠢᠭᠡ ᠰᠠᠢᠨ ᠨᠤᠮ᠎ᠢ ᠲᠤᠭᠤᠱᠢᠳᠠᠢ ᠤᠩᠱᠢᠭᠤᠯᠵᠤ᠂ ᠠᠯᠭᠤᠷ ᠤᠬᠠᠵᠤ ᠤᠢ᠍ᠢᠯᠠᠭᠠᠬᠤ᠎ᠨᠢ ᠤᠯᠤᠯᠳᠠ᠎ᠪᠠᠷ ᠨᠡᠩ ᠶᠡᠭᠡ ᠪᠠᠢᠵᠤ ᠮᠡᠳᠡᠨ᠎ᠡ᠃ ᠡᠭᠦᠨ᠎ᠤ ᠬᠠᠮᠳᠤ᠂ ᠭᠡᠷ᠎ᠤᠨ ᠠᠬᠠᠮᠠᠳ ᠴᠤ᠌ ᠬᠡᠤᠬᠡᠳ᠎ᠲᠡᠭᠡᠨ ᠬᠠᠨᠢ ᠪᠠᠷ᠎ᠠ ᠪᠤᠯᠵᠤ᠂ ᠬᠠᠮᠳᠤ᠎ᠳᠠᠭᠠᠨ ᠨᠤᠮ ᠤᠩᠱᠢᠬᠤ᠎ᠨᠢ ᠬᠡᠤᠬᠡᠳ᠎ᠤᠨ ᠨᠤᠮ ᠤᠩᠱᠢᠬᠤ ᠲᠠᠳᠭᠠᠯᠢ ᠬᠦᠮᠦᠵᠢᠭᠦᠯᠬᠦ᠌᠎ᠳᠤ ᠮᠠᠰᠢ ᠴᠢᠬᠤᠯᠠ ᠦᠢᠯᠡᠳᠦᠯ᠎ᠲᠠᠢ᠃
ᠨᠢᠭᠡ ᠰᠠᠢᠨ ᠨᠣᠮ ᠪᠤᠯ ᠰᠤᠷᠤᠭ᠍ᠴᠢᠳ᠎ᠤᠨ ᠰᠠᠢᠨ ᠪᠠᠭ᠍ᠰᠢ ᠪᠠ ᠲᠤᠳᠤᠨᠤ ᠨᠠᠢᠵᠠ ᠪᠤᠯᠳᠠᠭ᠃ ᠲᠡᠷᠡ᠎ᠨᠢ ᠬᠡᠤᠬᠡᠳ᠎ᠲᠤ ᠨᠠᠰᠤᠨ ᠲᠤᠷᠱᠢᠳᠠ᠎ᠶ᠋ᠢᠨ ᠠᠱᠢᠭ ᠲᠤᠰᠠ ᠬᠦᠷᠲᠡᠭᠡᠳᠡᠭ᠃ ᠨᠣᠮ ᠪᠢᠴᠢᠭ ᠢᠯᠡᠭᠦᠭᠡᠨ ᠤᠩᠱᠢᠪᠠᠯ ᠬᠡᠦᠬᠡᠳ᠎ᠤᠨ ᠮᠡᠳᠡᠯᠭᠡ᠎ᠶ᠋ᠢᠨ ᠦᠷᠭᠡᠴᠡ ᠭᠦᠨᠴᠡ ᠠᠶᠠᠨ᠎ᠳᠠᠭᠠᠨ ᠲᠡᠯᠡᠷᠡᠨᠡ; ᠨᠣᠮ ᠪᠢᠴᠢᠭ ᠢᠯᠡᠭᠦᠬᠡᠨ ᠤᠩᠱᠢᠪᠠᠯ ᠬᠡᠤᠬᠡᠳ᠎ᠤᠨ ᠲᠡᠯᠡᠬᠡᠢ ᠶᠢᠷᠳᠢᠨᠴᠦ᠍᠂ ᠨᠡᠢᠭᠡᠮ ᠪᠠᠢᠭᠠᠯᠢ᠂ ᠬᠦᠮᠦᠨ ᠵᠤᠨ᠎ᠢ ᠬᠠᠷᠠᠬᠤ ᠬᠠᠷᠠᠭᠠᠰᠤ᠂ ᠰᠡᠳᠭᠢᠬᠦᠢ ᠨᠡᠩ ᠦᠷᠭᠡᠵᠢᠨ᠎ᠡ; ᠨᠤᠮ ᠪᠢᠴᠢᠭ ᠢᠯᠡᠭᠦᠭᠡᠨ ᠤᠩᠱᠢᠪᠠᠯ ᠬᠡᠤᠬᠡᠳ᠎ᠤᠨ ᠬᠦᠭ᠌ᠵᠢᠯᠳᠡ᠎ᠳᠤ ᠲᠤᠨᠳᠠᠷᠠᠰᠢ ᠦᠭᠡᠢ ᠱᠢᠮ᠎ᠡ ᠲᠡᠵᠢᠭᠡᠯ ᠪᠤᠯᠳᠠᠭ᠃