ᠲᠤᠷᠠᠯᠠᠯᠲᠤ ᠬᠤᠤᠰ᠎ᠤᠨ ᠵᠢᠷᠭᠠᠯᠲᠤ ᠠᠮᠢᠳᠣᠷᠠᠯ
2021-07-30 09:43:43
ᠵᠣᠬᠢᠶᠠᠭ᠍ᠴᠢ᠄
ᠰᠣᠳᠣᠪᠢᠯᠢᠭ᠌ ᠨᠠᠷᠠᠨᠭᠡᠷᠡᠯ ᠴᠦᠨ ᠬᠤᠸᠠ ᠬᠦᠴᠦᠨᠲᠡᠭᠦᠰ
ᠣᠩᠱᠢᠭ᠍ᠰᠠᠨ ᠣᠳᠠᠭ᠎ᠠ᠄
★★★☆☆

ᠲᠠᠯ᠎ᠠ᠎ᠶ᠋ᠢᠨ ᠨᠤᠭᠤᠭᠠᠨ ᠳᠡᠨᠵᠢᠨ᠎ᠳᠠᠬᠢ ᠲᠠᠨᠠᠨ ᠴᠠᠭᠠᠨ ᠮᠣᠩᠭᠤᠯ ᠭᠡᠷ ᠱᠢᠨ᠎ᠡ ᠮᠠᠶᠢᠭ᠎ᠤᠨ ᠡᠳ᠋ᠯᠡᠯ ᠬᠡᠷᠡᠭ᠌ᠰᠡᠯ᠎ᠢᠶᠠᠷ ᠥᠪᠴᠢ ᠴᠢᠮᠡᠭ᠌ᠯᠡᠭ᠌ᠳᠡᠵᠦ᠍᠂ ᠵᠠᠯᠠᠭᠤ ᠬᠤᠣᠰ᠎ᠤᠨ ᠱᠢᠨ᠎ᠡ ᠠᠮᠢᠳᠣᠷᠠᠯ ᠢᠨᠢᠶᠡᠳᠦ ᠪᠠᠶᠠᠷ᠎ᠲᠠᠢ᠂ ᠢᠲᠡᠭᠡᠯ ᠳᠦᠭᠦᠷᠡᠩ ᠡᠬᠢᠯᠡᠵᠦ᠍ ᠪᠠᠢᠨ᠎ᠡ᠃


QQ图片20210730092617.png


ᠪᠠᠷᠠᠭᠤᠨ ᠦᠵᠦᠮᠦᠴᠢᠨ ᠬᠤᠱᠢᠭᠤᠨ᠎ᠤ ᠪᠠᠶᠠᠨᠬᠤᠱᠢᠭᠤ ᠰᠣᠮᠣᠨ᠎ᠤ ᠴᠢᠯᠠᠭᠤᠲᠤ ᠭᠠᠴᠠᠭᠠᠨ᠎ᠤ ᠦᠨᠡᠨᠪᠠᠶᠠᠷ ᠭᠡᠷᠭᠡᠢ ᠬᠤᠪᠤᠷᠴᠡᠴᠡᠭ᠎ᠲᠠᠢ᠎ᠪᠠᠨ ᠬᠤᠶᠠᠭᠤᠯᠠ 2020 ᠤᠨ᠎ᠳᠤ ᠬᠤᠷᠢᠮᠯᠠᠵᠤ᠂ ᠤᠰᠤ ᠴᠠᠬᠢᠯᠭᠠᠨ ᠠᠯᠢ ᠠᠯᠢ᠎ᠨᠢ ᠴᠤ᠌ ᠲᠤᠲᠠᠬᠤ ᠦᠭᠡᠢ᠂ ᠣᠳᠣᠬᠢ ᠮᠠᠶᠢᠭ᠎ᠤᠨ ᠵᠠᠰᠠᠯ ᠴᠢᠮᠡᠭ᠌ᠯᠡᠯ᠎ᠲᠠᠢ ᠮᠤᠩᠭᠤᠯ ᠭᠡᠷ ᠲᠥᠭᠦᠭᠡᠷᠴᠤ᠌ ᠠᠢᠯ ᠡᠷᠥᠬᠡ ᠪᠤᠯᠵᠠᠢ᠃ ᠨᠢᠭᠡ᠎ᠨᠢ 50 ᠲᠡᠭ᠌ᠰᠢ ᠳᠦᠷᠪᠡᠯᠵᠢᠨ ᠮᠧᠲᠷ᠂ ᠨᠥᠭᠦᠭᠡ᠎ᠨᠢ 30 ᠲᠡᠭ᠌ᠰᠢ ᠳᠦᠷᠪᠡᠯᠵᠢᠨ ᠮᠧᠲᠷ᠎ᠤᠨ ᠡᠨᠡ ᠬᠦ᠌ ᠵᠡᠷᠭᠡᠴᠡᠭᠡ ᠬᠤᠶᠠᠷ ᠮᠤᠩᠭᠤᠯ ᠭᠡᠷ᠎ᠤᠨ ᠱᠢᠷᠡᠭᠡ ᠰᠠᠨᠳᠠᠯᠢ᠂ ᠠᠪᠳᠠᠷ᠎ᠠ ᠬᠤᠷᠭᠤ᠎ᠨᠢ ᠠᠰᠠᠷ ᠲᠠᠭ᠍ᠲᠤ᠎ᠶ᠋ᠢᠨ ᠡᠳ᠋ᠯᠡᠯ ᠬᠡᠷᠡᠭ᠌ᠰᠡᠯ᠎ᠲᠠᠢ ᠠᠳᠠᠯᠢᠬᠠᠨ ᠶᠠᠩᠵᠤ ᠬᠡᠯᠪᠡᠷᠢ᠎ᠲᠠᠢ ᠪᠠᠢᠵᠤ᠂ ᠵᠣᠴᠢᠨ᠎ᠤ ᠥᠷᠦᠭᠡ᠂ ᠬᠤᠭᠤᠯᠠ ᠤᠮᠳᠠ᠎ᠶ᠋ᠢᠨ ᠭᠡᠷ ᠭᠡᠵᠦ᠍ ᠬᠤᠶᠠᠷ ᠳᠠᠰᠣᠯᠭ᠎ᠠ ᠬᠤᠪᠢᠶᠠᠨ᠂ ᠭᠡᠷ ᠳᠤᠲᠤᠷ᠎ᠠ᠎ᠪᠠᠨ ᠭᠠᠷ ᠬᠥᠷᠬᠦ᠌ ᠵᠠᠢ᠎ᠳᠤ ᠤᠰᠤ ᠴᠠᠬᠢᠯᠭᠠᠨ ᠪᠦᠷᠢᠨ᠂ ᠪᠤᠳᠤᠭ᠍ᠲᠤ ᠲᠧᠯᠸᠢᠰ᠂ ᠬᠥᠯᠳᠡᠭᠡᠭᠦᠷ ᠮᠠᠱᠢᠨ᠂ ᠬᠤᠪᠴᠠᠰᠤ ᠤᠭᠢᠶᠠᠬᠤ ᠮᠠᠱᠢᠨ᠂ ᠲᠤᠭᠤᠰᠤ ᠰᠤᠷᠤᠬᠤ ᠮᠠᠱᠢᠨ ᠵᠡᠷᠭᠡ ᠴᠠᠬᠢᠯᠭᠠᠨ ᠬᠡᠷᠡᠭ᠌ᠰᠡᠯ᠎ᠢ ᠢᠵᠢ ᠪᠦᠷᠢᠳᠦᠭᠦᠯᠵᠦ᠍᠂ ᠳᠤᠯᠠᠭᠠᠨ ᠲᠠᠭᠠᠯᠠᠮᠵᠢᠲᠠᠢ᠂ ᠲᠤᠬᠢᠯᠢᠭ ᠰᠠᠢᠬᠠᠨ ᠠᠮᠢᠳᠤᠷᠠᠵᠤ ᠪᠠᠢᠯ᠎ᠠ !


QQ图片20210730092626.png


ᠦᠨᠡᠨᠪᠠᠶᠠᠷ᠂ ᠬᠤᠪᠤᠷᠴᠡᠴᠡᠭ ᠬᠤᠶᠠᠭᠤᠯᠠ᠎ᠪᠠᠨ ᠶᠡᠷᠡᠭᠡᠳ ᠤᠨ᠎ᠳᠤ ᠲᠥᠷᠦᠭ᠌ᠰᠡᠨ ᠱᠢᠨ᠎ᠡ ᠴᠠᠭ ᠥᠶ᠎ᠡ᠎ᠶ᠋ᠢᠨ ᠵᠠᠯᠠᠭᠤᠴᠤᠳ ᠭᠡᠯ᠎ᠡ ᠴᠤ᠌ ᠤᠯᠠᠮᠵᠢᠯᠠᠯᠲᠤ ᠮᠣᠩᠭᠤᠯ ᠭᠡᠷ᠎ᠲᠡᠭᠡᠨ ᠠᠢᠯ ᠡᠷᠦᠬᠡ᠎ᠪᠠᠨ ᠪᠣᠰᠭᠠᠵᠤ᠂ ᠮᠣᠷᠢ ᠤᠨᠤᠵᠤ᠂ ᠥᠨᠢᠶ᠎ᠡ ᠮᠠᠯ᠎ᠢᠶᠠᠨ ᠰᠠᠭᠠᠨ ᠤᠯᠠᠮᠵᠢᠯᠠᠯᠲᠤ ᠮᠠᠯᠵᠢᠬᠤ ᠠᠮᠢᠳᠣᠷᠠᠯ᠎ᠢᠶᠠᠨ ᠱᠢᠨ᠎ᠡ ᠴᠠᠭ ᠦᠶ᠎ᠡ᠎ᠳᠤ ᠵᠣᠬᠢᠴᠠᠭᠤᠯᠤᠨ ᠬᠠᠭᠤᠴᠢᠨ᠎ᠢᠶᠠᠨ ᠤᠷᠬᠢᠯ ᠦᠭᠡᠢ᠂ ᠱᠢᠨ᠎ᠡ᠎ᠠᠴᠠ ᠬᠤᠴᠤᠷᠣᠯ ᠦᠭᠡᠢ ᠬᠦᠰᠡᠯ ᠳᠦᠭᠦᠷᠡᠩ᠂ ᠢᠲᠡᠭᠡᠯ ᠪᠠᠲᠤ ᠢᠷᠡᠬᠦ᠌ ᠮᠠᠷᠭᠠᠰᠢ᠎ᠪᠠᠨ ᠤᠭ᠍ᠳᠤᠨ᠎ᠠ᠃


QQ图片20210730092635.png


ᠦᠩᠭᠡᠷᠡᠭ᠌ᠰᠡᠨ ᠵᠠᠭᠤᠨ᠎ᠳᠤ ᠨᠢᠭᠡ ᠠᠢᠯ ᠭᠡᠷ᠎ᠤᠨ ᠠᠷᠪᠠᠭᠠᠳ ᠠᠮᠠ ᠪᠥᠯᠢ ᠳᠥᠷᠪᠡ ᠲᠠᠪᠤᠬᠠᠨ ᠬᠠᠨ᠎ᠠ᠎ᠲᠠᠢ ᠮᠣᠩᠭᠤᠯ ᠭᠡᠷ᠎ᠲᠤ ᠥᠯᠦᠰᠭᠦᠯᠡᠩ ᠭᠠᠴᠢᠭ᠎ᠢ ᠲᠤᠭᠤᠯᠵᠤ ᠪᠠᠢᠭ᠍ᠰᠠᠨ ᠪᠣᠯ᠂ ᠦᠭᠡᠷᠡᠴᠢᠯᠡᠯᠲᠡ ᠭᠥᠭ᠌ᠵᠢᠯᠲᠡ᠎ᠶ᠋ᠢ ᠦᠩᠭᠡᠷᠡᠭᠡᠭᠡᠳ ᠥᠨᠥᠳᠦᠷ ᠪᠣᠯᠬᠤ᠎ᠳᠤ ᠮᠠᠯᠴᠢᠳ ᠡᠢᠨ ᠬᠦ᠌ ᠮᠠᠱᠢᠨ ᠮᠧᠬᠠᠨᠢᠭ᠍ᠴᠢᠯᠠᠭ᠍ᠰᠠᠨ ᠤᠳᠤᠬᠢᠴᠢᠯᠠᠭ᠍ᠰᠠᠨ ᠱᠢᠨ᠎ᠡ ᠠᠮᠢᠳᠣᠷᠠᠯ᠎ᠳᠤ ᠬᠦᠴᠦ᠍ ᠤᠶᠤᠨ᠎ᠢᠶᠠᠨ ᠰᠦᠢᠵᠤ᠂ ᠠᠮᠢᠳᠣᠷᠠᠯ ᠦᠢᠯᠡᠰ᠎ᠢᠶᠠᠨ ᠥᠭᠡᠳᠡ᠎ᠪᠠᠨ ᠲᠠᠲᠠᠵᠤ ᠶᠠᠪᠤᠨᠠᠮ!


QQ图片20210730092649.png

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号