ᠪᠥᠬᠦ᠌ ᠤᠯᠤᠰ᠎ᠤᠨ ᠭᠤᠤᠯᠳᠠᠯᠭ᠎ᠠ᠎ᠲᠠᠢ ᠲᠡᠤᠬᠡ᠎ᠶ᠋ᠢᠨ ᠳᠤᠷᠠᠰᠭᠠᠯᠲᠤ ᠵᠦᠢᠯᠡᠰ᠎ᠤᠨ ᠬᠠᠮᠠᠭᠠᠯᠠᠯᠲᠠ᠎ᠶ᠋ᠢᠨ ᠨᠢᠭᠡᠴᠢ ᠪᠤᠯᠬᠤ ᠬᠡᠷᠡᠮ᠎ᠤᠨ ᠡᠷᠲᠡᠨ᠎ᠤ ᠬᠤᠲᠠ᠎ᠶ᠋ᠢᠨ ᠪᠠᠭᠤᠷᠢ ᠴᠠᠬᠠᠷ ᠪᠠᠷᠠᠭᠤᠨ ᠭᠠᠷᠤᠨ ᠬᠤᠢᠲᠤ ᠬᠤᠱᠢᠭᠤᠨ᠎ᠤ ᠬᠠᠨ ᠠᠭᠤᠯᠠ᠎ᠶ᠋ᠢᠨ ᠪᠠᠷᠠᠭᠤᠨ ᠵᠠᠬ᠎ᠠ᠎ᠶ᠋ᠢᠨ ᠳᠤᠮᠳᠠ ᠬᠡᠰᠡᠭ᠎ᠲᠤ ᠪᠠᠢᠷᠢᠯᠠᠵᠤ᠂ ᠡᠮᠦᠨ᠎ᠡ ᠲᠠᠯ᠎ᠠ᠎ᠨᠢ ᠬᠥᠢᠲᠡᠨ ᠱᠢᠯᠢ ᠠᠭᠤᠯᠠ᠎ᠶ᠋ᠢᠨ ᠵᠡᠭᠦᠨ ᠬᠤᠢᠲᠤ ᠦᠵᠦᠭᠦᠷ ᠪᠤᠯᠤᠨ᠎ᠠ᠂ ᠪᠠᠷᠠᠭᠤᠨ ᠲᠠᠯᠠᠳᠤᠨᠢ ᠦᠷᠭᠦᠯᠵᠢᠯᠡᠭ᠌ᠰᠡᠨ ᠳᠣᠪᠣᠷᠬᠠᠭ ᠭᠠᠵᠠᠷ ᠪᠠᠢᠵᠤ᠂ ᠬᠤᠢᠲᠤ ᠲᠠᠯ᠎ᠠ᠎ᠨᠢ ᠨᠡᠯᠦᠭᠡᠷ ᠠᠭᠤᠳᠠᠮ ᠬᠡᠭᠡᠷ᠎ᠡ ᠲᠠᠯ᠎ᠠ ᠪᠤᠯᠤᠨ᠎ᠠ᠃ ᠡᠨᠡ ᠬᠦ᠌ ᠮᠤᠨᠢ ᠠᠭᠤᠯᠠ᠎ᠶ᠋ᠢᠨ ᠠᠷᠤ᠎ᠳᠠᠬᠢ 1500 ᠭᠠᠷᠤᠶ ᠵᠢᠯ᠎ᠤᠨ ᠲᠡᠦᠬᠡ᠎ᠲᠠᠢ ᠡᠷᠲᠡᠨ᠎ᠤ ᠬᠤᠲᠠ ᠪᠣᠯ ᠳᠤᠮᠳᠠᠳᠤ ᠤᠯᠤᠰ᠎ᠤᠨ ᠤᠮᠠᠷᠠᠲᠤ᠎ᠶ᠋ᠢᠨ ᠬᠢᠲᠠᠳ ᠦᠨᠳᠦᠰᠦᠲᠡᠨ ᠪᠠ ᠱᠢᠶᠡᠨᠪᠢ ᠵᠡᠷᠭᠡ ᠣᠯᠠᠨ ᠦᠨᠳᠦᠰᠦᠲᠡᠨᠯᠦᠭᠡᠶ᠋ᠢᠨ ᠰᠣᠯᠢᠯᠴᠠᠭ᠎ᠠ᠂ ᠶᠠᠪᠤᠯᠴᠠᠭ᠎ᠠ᠂ ᠠᠭᠤᠰᠤᠯᠴᠠᠯ᠎ᠤᠨ ᠭᠠᠵᠠᠷ ᠪᠣᠯᠤᠨ᠎ᠠ᠃
ᠬᠡᠷᠡᠮ᠎ᠤᠨ ᠡᠷᠲᠡᠨ᠎ᠤ ᠬᠤᠲᠠ ᠵᠡᠭᠦᠨ ᠪᠠᠷᠠᠭᠤᠨ ᠬᠤᠶᠠᠷ ᠬᠤᠲᠠ ᠬᠤᠪᠢᠶᠠᠭ᠍ᠳᠠᠵᠤ᠂ ᠵᠡᠭᠦᠨ ᠲᠠᠯ᠎ᠠ᠎ᠨᠢ ᠢᠪᠴᠤᠤ ᠪᠠᠷᠠᠭᠤᠨ ᠲᠠᠯ᠎ᠠ᠎ᠨᠢ ᠥᠷᠭᠡᠨ ᠱᠠᠲᠤᠯᠵᠢᠨ ᠬᠡᠯᠪᠡᠷᠢ᠎ᠲᠠᠢ᠂ ᠭᠠᠵᠠᠷ᠎ᠤᠨ ᠪᠠᠢᠴᠠ᠎ᠨᠢ ᠵᠡᠭᠦᠨ ᠲᠠᠯ᠎ᠠ᠎ᠨᠢ ᠥᠨᠳᠥᠷ ᠪᠠᠷᠠᠭᠤᠨ ᠲᠠᠯ᠎ᠠ᠎ᠨᠢ ᠳᠣᠣᠷ᠎ᠠ ᠪᠠᠢᠳᠠᠭ᠃ ᠬᠤᠲᠠ᠎ᠶ᠋ᠢᠨ ᠬᠡᠷᠡᠮ᠎ᠢ ᠡᠯᠡᠰᠦ᠎ᠪᠠᠷ ᠬᠠᠩᠳᠠᠵᠤ ᠪᠠᠷᠢᠭᠠᠳ᠂ ᠦᠯᠡᠳᠡᠵᠦ᠍ ᠪᠠᠢᠭ᠎ᠠ ᠬᠡᠰᠡᠭ᠎ᠤᠨ ᠦᠨᠳᠦᠷ᠎ᠨᠢ ᠪᠠᠷᠤᠭ 2 ᠮᠧᠲᠷ ᠪᠤᠢ᠂ ᠭᠦᠳᠦ᠋ᠢᠵᠦ᠍ ᠪᠠᠷᠢᠭ᠍ᠰᠠᠨ ᠬᠡᠰᠡᠭ᠎ᠲᠠᠢ ᠪᠦᠭᠡᠳ ᠥᠨᠴᠥᠭ᠎ᠤᠨ ᠠᠰᠠᠷ᠎ᠲᠠᠢ᠃ ᠬᠡᠷᠡᠮ᠎ᠤᠨ ᠭᠠᠳᠠᠨᠠᠬᠢ ᠱᠢᠷᠣᠶ᠎ᠶ᠋ᠢᠨ ᠭᠤᠤᠨᠢ ᠲᠣᠳᠣᠷᠬᠠᠶ ᠬᠠᠷᠠᠭ᠍ᠳᠠᠬᠤ ᠶᠤᠮ᠃ ᠲᠤᠰ ᠡᠷᠲᠡᠨ᠎ᠤ ᠬᠤᠲᠠ ᠡᠮᠦᠨᠡᠰᠢ ᠬᠤᠢᠰᠢ ᠪᠠᠷᠤᠭ 500 ᠮᠧᠲᠷ᠂ ᠵᠡᠭᠦᠨᠰᠢ ᠪᠠᠷᠠᠭᠤᠨᠰᠢ ᠪᠠᠷᠤᠭ 1300 ᠮᠧᠲᠷ ᠪᠠᠢᠨ᠎ᠠ᠃ ᠬᠠᠪᠴᠢᠯ ᠭᠤᠣᠯ ᠡᠮᠦᠨ᠎ᠡ᠎ᠠᠴᠠ ᠤᠮᠠᠷᠠᠰᠢ ᠬᠤᠲᠠ᠎ᠶ᠋ᠢᠨ ᠳᠤᠮᠳᠠᠭᠤᠷ ᠤᠷᠤᠰ᠎ᠤᠨ᠂ ᠣᠭ᠍ᠲᠣᠯᠤᠭᠠᠰᠤᠠᠴᠠᠨᠢ 1.5 ᠮᠧᠲᠷ ᠵᠤᠵᠠᠭᠠᠨ ᠰᠣᠶᠣᠯ᠎ᠤᠨ ᠳᠠᠪᠬᠤᠷᠭ᠎ᠠ᠎ᠶ᠋ᠢ ᠣᠯᠵᠤ ᠬᠠᠷᠠᠨ᠎ᠠ᠃ ᠵᠡᠭᠦᠨ ᠬᠤᠲᠠ᠎ᠶ᠋ᠢᠨ ᠪᠠᠷᠢᠯᠭ᠎ᠠ᠎ᠶ᠋ᠢᠨ ᠦᠯᠡᠳᠡᠭ᠌ᠳᠡᠯ ᠪᠠᠭᠤᠷᠢ ᠨᠡᠯᠢᠶᠡᠳ ᠣᠯᠠᠨ ᠪᠠᠢᠵᠤ᠂ ᠭᠠᠵᠠᠷ ᠳᠡᠭᠡᠷ᠎ᠡ ᠪᠠᠷᠢᠯᠭ᠎ᠠ᠎ᠶ᠋ᠢᠨ ᠪᠦᠲᠦᠴᠡ᠎ᠶ᠋ᠢᠨ ᠪᠤᠳᠠᠰ ᠪᠠ ᠸᠠᠭᠠᠷ ᠰᠠᠪᠠ᠎ᠶ᠋ᠢᠨ ᠬᠡᠯᠲᠡᠷᠬᠡᠶ ᠲᠠᠷᠬᠠᠵᠤ ᠪᠠᠢᠳᠠᠭ᠃ ᠵᠡᠭᠦᠨ ᠬᠤᠲᠠ᠎ᠶ᠋ᠢᠨ ᠳᠤᠮᠳᠠ ᠬᠡᠰᠡᠭ᠎ᠲᠤ ᠲᠣᠭᠤᠷᠢᠭ ᠱᠢᠷᠣᠶ᠎ᠶ᠋ᠢᠨ ᠲᠠᠢᠰᠠ᠎ᠶ᠋ᠢᠨ ᠦᠯᠡᠳᠡᠭ᠌ᠳᠡᠯ ᠪᠠᠢᠵᠤ᠂ ᠱᠢᠷᠣᠶ᠎ᠶ᠋ᠢᠨ ᠲᠠᠢᠰᠠ᠎ᠶ᠋ᠢ ᠬᠥᠲᠥᠯ ᠲᠦᠱᠢᠨ ᠪᠠᠢᠭᠤᠯᠵᠤ᠂ ᠲᠠᠢᠰᠠᠨ᠎ᠤ ᠭᠠᠳᠠᠷᠭᠤ᠎ᠨᠢ ᠲᠡᠭ᠌ᠰᠢ ᠬᠠᠷᠠᠭ᠍ᠳᠠᠵᠤ ᠪᠠᠢᠨ᠎ᠠ᠃ ᠱᠢᠷᠣᠶ᠎ᠶ᠋ᠢᠨ ᠳᠠᠪᠴᠠᠩ ᠪᠣᠯ ᠳᠤᠮᠳᠠᠳᠤ ᠤᠯᠤᠰ᠎ᠤᠨ ᠡᠷᠲᠡᠨ᠎ᠤ ᠪᠠᠷᠢᠯᠭ᠎ᠠ᠎ᠶ᠋ᠢᠨ ᠦᠯᠡᠳᠡᠭ᠌ᠳᠡᠯ ᠪᠣᠯᠤᠨ᠎ᠠ᠃ ᠱᠢᠷᠤᠢ᠎ᠶ᠋ᠢᠨ ᠳᠠᠪᠴᠠᠩ ᠦᠨᠢ ᠤᠳᠠᠭᠠᠨ ᠲᠡᠦᠬᠡ᠎ᠲᠠᠢ ᠪᠠᠢᠵᠤ᠂ ᠪᠠᠢᠯᠳᠤᠭᠠᠨᠲᠤ ᠤᠯᠤᠰ᠎ᠠᠴᠠ ᠴᠢᠨ ᠤᠯᠤᠰ ᠬᠠᠨ ᠤᠯᠤᠰ ᠬᠦᠷᠲᠡᠯ᠎ᠡ ᠦᠨᠳᠦᠷ ᠳᠠᠪᠴᠠᠩ᠎ᠲᠠᠢ ᠪᠠᠷᠢᠯᠭ᠎ᠠ ᠮᠠᠰᠢ ᠣᠯᠠᠨ ᠪᠠᠢᠭ᠍ᠰᠠᠨ ᠪᠥᠭᠡᠳ ᠮᠢᠩ᠂ ᠴᠢᠩ᠎ᠤᠨ ᠦᠶ᠎ᠡ ᠬᠦᠷᠲᠡᠯ᠎ᠡ ᠪᠦᠷ ᠡᠢᠮᠦ᠍ ᠪᠠᠢᠭ᠍ᠰᠠᠨ ᠶᠤᠮ᠃ ᠥᠨᠳᠥᠷ ᠳᠠᠪᠬᠤᠷᠭᠠᠲᠤ ᠪᠠᠷᠢᠯᠭ᠎ᠠ᠎ᠶ᠋ᠢᠨ ᠣᠯᠠᠩᠬᠢ᠎ᠶ᠋ᠢ ᠱᠢᠷᠣᠶ᠎ᠶ᠋ᠢᠨ ᠳᠠᠪᠴᠠᠩ ᠳᠡᠭᠡᠷ᠎ᠡ ᠪᠠᠷᠢᠳᠠᠭ᠂ ᠵᠢᠱ᠌ᠢᠶᠡᠯᠡᠪᠡᠯ ᠣᠷᠳᠣ ᠬᠠᠷᠰᠢ ᠪᠠ ᠠᠰᠠᠷ ᠲᠠᠭ᠍ᠲᠤ᠃ 《ᠡᠨᠡ ᠬᠦ᠌ ᠪᠠᠷᠢᠯᠭ᠎ᠠ ᠪᠤᠯ ᠤᠨᠴᠠᠯᠢᠬ᠎ᠲᠠᠢ ᠡᠷᠲᠡᠨ᠎ᠤ ᠬᠤᠲᠠ᠎ᠶ᠋ᠢᠨ ᠪᠠᠭᠤᠷᠢ ᠪᠤᠯᠤᠨ᠎ᠠ᠂ ᠴᠤᠭ᠍ᠯᠠᠭᠤᠯᠤᠭ᠍ᠰᠠᠨ ᠪᠠ ᠮᠠᠯᠲᠠᠵᠤ ᠭᠠᠷᠭᠠᠭ᠍ᠰᠠᠨ ᠲᠡᠦᠬᠡ᠎ᠶ᠋ᠢᠨ ᠳᠤᠷᠠᠰᠭᠠᠯᠲᠤ ᠵᠦᠢᠯᠡᠰ᠎ᠠᠴᠠ ᠦᠵᠡᠪᠡᠯ ᠬᠡᠷᠡᠮ᠎ᠤᠨ ᠡᠷᠲᠡᠨ᠎ᠤ ᠬᠤᠲᠠ᠎ᠶ᠋ᠢᠨ ᠪᠠᠭᠤᠷᠢ ᠪᠤᠯ ᠡᠮᠦᠨᠡᠲᠦ ᠤᠮᠠᠷᠠᠲᠦ ᠲᠦᠷᠦ᠎ᠶ᠋ᠢᠨ ᠦᠶ᠎ᠡ᠎ᠶ᠋ᠢᠨ ᠪᠠᠭᠤᠷᠢ ᠪᠤᠯᠤᠨ᠎ᠠ᠃ 〈ᠸᠧᠶ ᠤᠯᠤᠰ᠎ᠤᠨ ᠪᠢᠴᠢᠭ · ᠲᠠᠢᠽᠦ᠍ ᠬᠠᠭᠠᠨ᠎ᠤ ᠲᠡᠮᠳᠡᠭ᠌ᠯᠡᠯ〉 ᠢ ᠦᠨᠳᠦᠰᠦᠯᠡᠪᠡᠯ᠂ ᠤᠮᠠᠷᠠᠲᠤ ᠸᠧᠶ ᠤᠯᠤᠰ᠎ᠤᠨ ᠲᠣᠪᠠ ᠭᠦᠢ ᠨᠡᠢᠲᠡ᠎ᠶ᠋ᠢᠨ ᠣᠨ ᠲᠣᠭᠠᠯᠠᠯ᠎ᠤᠨ 386 ᠣᠨ᠎ᠳᠤ ᠨᠢᠤᠴᠤᠸᠠᠨᠳᠤ ᠤᠯᠤᠰ᠎ᠢᠶᠠᠨ ᠰᠡᠷᠭᠦᠭᠡᠵᠡᠢ᠃ ᠨᠢᠤᠴᠤᠸᠠᠨ ᠪᠤᠯ ᠣᠳᠣ᠎ᠶ᠋ᠢᠨ ᠴᠠᠬᠠᠷ ᠪᠠᠷᠠᠭᠤᠨ ᠭᠠᠷᠤᠨ ᠬᠤᠢᠲᠤ ᠬᠤᠱᠢᠭᠤᠨ᠎ᠤ ᠬᠠᠨ ᠠᠭᠤᠯᠠ ᠭᠤᠣᠯ᠎ᠤᠨ ᠰᠠᠪᠠ ᠭᠠᠵᠠᠷ ᠣᠷᠴᠢᠮ ᠤᠷᠤᠱᠢᠵᠤ᠂ ᠲᠣᠪᠠ ᠭᠦᠢ ᠠᠳᠡ ᠬᠤᠲᠠ ᠪᠠᠢᠭᠤᠯᠵᠠᠢ᠃ ᠡᠨᠡ ᠬᠦ᠌ ᠬᠤᠲᠠ ᠪᠤᠯ ᠳᠠᠷᠤᠶ ᠬᠡᠷᠡᠮ᠎ᠤᠨ ᠡᠷᠲᠡᠨ᠎ᠤ ᠬᠤᠲᠠ ᠪᠣᠯᠤᠨ᠎ᠠ》 ᠭᠡᠵᠦ᠍ ᠴᠠᠬᠠᠷ ᠪᠠᠷᠠᠭᠤᠨ ᠭᠠᠷᠤᠨ ᠬᠤᠢᠲᠤ ᠬᠤᠱᠢᠭᠤᠨ᠎ᠤ ᠲᠡᠦᠬᠡ᠎ᠶ᠋ᠢᠨ ᠳᠤᠷᠠᠰᠭᠠᠯᠲᠤ ᠵᠦᠢᠯᠡᠰ᠎ᠤᠨ ᠬᠠᠮᠢᠶᠠᠷᠤᠯᠲᠠ᠎ᠶ᠋ᠢᠨ ᠭᠠᠵᠠᠷ᠎ᠤᠨ ᠳᠠᠷᠤᠭ᠎ᠠ ᠮᠠ ᠱ᠌ᠢ ᠬᠤᠩ ᠬᠡᠯᠡᠪᠡ᠃
ᠬᠡᠷᠡᠮ ᠭᠡᠳᠡᠭ ᠪᠣᠯ 《ᠬᠤᠲᠠ᠎ᠶ᠋ᠢᠨ ᠬᠡᠷᠡᠮ》 ᠭᠡᠰᠡᠨ ᠤᠳᠭ᠎ᠠ᠎ᠲᠠᠢ ᠮᠣᠩᠭᠤᠯ ᠦᠭᠡ ᠪᠤᠯᠤᠨ᠎ᠠ᠃ ᠵᠠᠷᠢᠮ ᠲᠤᠰᠭᠠᠶ ᠮᠡᠷᠭᠡᠵᠢᠯᠲᠡᠨ 《ᠬᠠᠨ ᠤᠯᠤᠰ᠎ᠤᠨ ᠪᠢᠴᠢᠭ · ᠲᠠᠢᠽᠦ᠎ᠶ᠋ᠢᠨ ᠲᠡᠮᠲᠡᠭ᠌ᠯᠡᠯ》 ᠢ ᠦᠨᠳᠦᠰᠦᠯᠡᠭᠡᠳ᠂ ᠲᠠᠨ ᠬᠠᠨ ᠱᠠᠨ ᠠᠭᠤᠯᠠ ᠭᠡᠳᠡᠭ ᠪᠤᠯ ᠳᠠᠷᠤᠢ ᠬᠠᠨ ᠠᠭᠤᠯᠠ ᠪᠠᠢᠵᠤ᠂ ᠴᠦᠸᠧ ᠴᠸᠦ ᠱᠦᠶ ᠭᠡᠳᠡᠭ᠎ᠨᠢ ᠬᠠᠪᠴᠢᠯ ᠭᠤᠣᠯ ᠪᠣᠯᠤᠨ᠎ᠠ ᠭᠡᠵᠦ᠍ ᠦᠵᠡᠵᠦ᠍ ᠪᠤᠢ᠃ ᠲᠡᠦᠬᠡᠨ ᠮᠠᠲ᠋ᠧᠷᠢᠶᠠᠯ᠎ᠳᠤ ᠲᠡᠮᠳᠡᠭ᠌ᠯᠡᠭ᠌ᠰᠡᠨ᠎ᠢ ᠦᠨᠳᠦᠰᠦᠯᠡᠪᠡᠯ᠂ ᠴᠦᠨ ᠴᠢᠦ ᠪᠠᠢᠯᠳᠤᠭᠠᠨᠲᠤ ᠤᠯᠤᠰ᠎ᠤᠨ ᠦᠶ᠎ᠡ᠎ᠳᠤ ᠾᠦᠨ ᠵᠸᠦ᠂ ᠭᠦᠢᠹᠠᠩ ᠵᠡᠷᠭᠡ ᠠᠢᠮᠠᠭ ᠤᠭ᠍ᠰᠠᠭ᠎ᠠ ᠣᠳᠣ᠎ᠶ᠋ᠢᠨ ᠴᠠᠬᠠᠷ ᠪᠠᠷᠠᠭᠤᠨ ᠭᠠᠷᠤᠨ ᠬᠤᠢᠲᠤ ᠬᠤᠱᠢᠭᠤᠨ᠎ᠤ ᠬᠠᠪᠢ᠎ᠪᠠᠷ ᠨᠡᠭᠦᠳᠡᠯᠯᠡᠨ ᠮᠠᠯᠵᠢᠵᠤ ᠠᠩ ᠠᠩᠨᠠᠵᠤ ᠪᠠᠢᠵᠠᠢ᠃ ᠴᠢᠨ ᠬᠠᠨ ᠤᠯᠤᠰ᠎ᠤᠨ ᠦᠶ᠎ᠡ᠎ᠳᠤ ᠡᠨᠡ ᠭᠠᠵᠠᠷ ᠶᠠᠨ ᠮᠧᠨ ᠵᠢᠶᠦ᠋ᠨ᠎ᠳᠤ ᠬᠠᠷᠢᠶᠠᠯᠠᠭ᠍ᠳᠠᠵᠤ ᠪᠠᠢᠪᠠ᠃ ᠭᠤᠷᠪᠠᠨ ᠤᠯᠤᠰ ᠬᠤᠶᠠᠷ᠎ᠶ᠋ᠢᠨ ᠤᠯᠤᠰ ᠡᠮᠦᠨᠡᠲᠦ ᠤᠮᠠᠷᠠᠲᠤ ᠲᠥᠷᠥ᠎ᠶ᠋ᠢᠨ ᠦᠶ᠎ᠡ᠎ᠳᠤ ᠡᠨᠡ ᠭᠠᠵᠠᠷ ᠤᠮᠠᠷᠠᠲᠤ ᠸᠧᠶ ᠤᠯᠤᠰ᠎ᠤᠨ ᠲᠣᠪᠠ ᠭᠦᠢ᠎ᠳᠤ ᠵᠠᠬᠢᠷᠤᠭ᠍ᠳᠠᠵᠤ ᠪᠠᠢᠪᠠ᠃ ᠯᠢᠶᠣᠤ ᠤᠯᠤᠰ᠎ᠤᠨ ᠦᠶ᠎ᠡ᠎ᠳᠤ ᠡᠨᠡ ᠭᠠᠵᠠᠷ ᠱᠢᠵᠢᠩ ᠳ᠋ᠤᠤ᠎ᠳᠤ ᠬᠠᠷᠢᠶᠠᠯᠠᠭ᠍ᠳᠠᠨ᠎ᠠ᠃ ᠠᠯᠲᠠᠨ ᠤᠯᠤᠰ᠎ᠤᠨ ᠦᠶ᠎ᠡ᠎ᠳᠤ ᠰᠢ ᠵᠢᠩ ᠳ᠋ᠤᠤ᠎ᠶ᠋ᠢ ᠰᠢ ᠵᠢᠩ ᠴᠦᠯᠭᠡᠶ᠋ᠢᠨᠳᠤᠳᠤᠶ᠋ᠢᠨ ᠶᠡᠷᠦᠩᠬᠡᠶ ᠵᠠᠬᠢᠷᠤᠭ᠍ᠴᠢ᠎ᠶ᠋ᠢᠨ ᠹᠦ᠋ ᠭᠡᠵᠦ᠍ ᠥᠭᠡᠷᠡᠴᠢᠯᠡᠭᠡᠳ᠂ ᠡᠨᠡ ᠭᠠᠵᠠᠷ ᠳ᠋ᠠᠲ᠋ᠦ᠋ᠩ ᠹᠦ᠋᠎ᠶ᠋ᠢᠨ ᠱᠢᠤᠸᠠᠨ ᠨᠢᠩ ᠱᠢᠶᠠᠨ᠎ᠳᠤ ᠬᠠᠷᠢᠶᠠᠯᠠᠭ᠍ᠳᠠᠵᠤ ᠪᠠᠢᠪᠠ᠃ ᠶᠤᠸᠠᠨ ᠤᠯᠤᠰ᠎ᠤᠨ ᠦᠶ᠎ᠡ᠎ᠳᠤ ᠡᠨᠡ ᠭᠠᠵᠠᠷ᠎ᠤᠨ ᠪᠠᠷᠠᠭᠤᠨ ᠡᠮᠦᠨ᠎ᠡ ᠭᠡᠰᠡᠭ᠎ᠨᠢ ᠵᠢᠨᠢᠩ ᠴᠦᠯᠭᠡ᠎ᠳᠤ ᠵᠠᠬᠢᠷᠤᠭ᠍ᠳᠠᠨ᠂ ᠬᠤᠢᠲᠤ ᠬᠡᠰᠡᠭ᠎ᠨᠢ ᠱᠢᠩ ᠾᠧ ᠴᠦᠯᠭᠡ᠎ᠳᠤ ᠬᠠᠷᠢᠶᠠᠯᠠᠭ᠍ᠳᠠᠵᠤ᠂ ᠱᠢᠭᠤᠳ ᠵᠥᠩ ᠱᠦ᠍ ᠮᠤᠵᠢ᠎ᠳᠤ ᠬᠠᠷᠢᠶᠠᠯᠠᠭ᠍ᠳᠠᠵᠤ ᠪᠠᠢᠪᠠ᠃ ᠴᠢᠩ ᠤᠯᠤᠰ᠎ᠤᠨ ᠦᠶ᠎ᠡ᠎ᠳᠤ ᠡᠨᠡ ᠭᠠᠵᠠᠷ ᠱᠢᠭᠤᠳ ᠴᠠᠬᠠᠷ᠎ᠤᠨ᠎ᠳᠤ ᠲᠦᠩ᠎ᠳᠤ ᠬᠠᠷᠢᠶᠠᠯᠠᠭ᠍ᠳᠠᠵᠤ ᠪᠠᠢᠵᠠᠢ᠃
ᠬᠡᠷᠡᠮ᠎ᠤᠨ ᠡᠷᠲᠡᠨ᠎ᠤ ᠬᠤᠲᠠ ᠤᠮᠠᠷᠠᠲᠤ ᠸᠧᠶ ᠤᠯᠤᠰ᠎ᠤᠨ ᠣᠷᠳᠣ ᠴᠠᠭᠠᠨ ᠬᠡᠷᠡᠮ ᠳᠠᠭᠠᠤ ᠪᠠᠢᠷᠢᠯᠠᠵᠤ᠂ ᠣᠷᠳᠣ ᠴᠠᠭᠠᠨ ᠬᠡᠷᠡᠮ ᠳᠠᠭᠠᠤ ᠬᠢᠯᠢ᠎ᠶ᠋ᠢᠨ ᠬᠤᠲᠠ᠎ᠶ᠋ᠢᠨ ᠴᠢᠬᠤᠯᠠ ᠪᠠᠯᠭᠠᠰᠤ ᠪᠠᠢᠵᠤ᠂ ᠣᠷᠳᠣ ᠴᠠᠭᠠᠨ ᠬᠡᠷᠡᠮ᠎ᠤᠨ ᠰᠡᠷᠭᠡᠢᠯᠡᠯᠲᠡ᠎ᠶ᠋ᠢᠨ ᠱᠢᠰᠲ᠋ᠧᠮ᠎ᠤᠨ ᠴᠢᠬᠤᠯᠠ ᠪᠦᠷᠢᠯᠳᠦᠬᠦᠨ ᠬᠡᠰᠡᠭ ᠪᠣᠯᠤᠨ᠎ᠠ᠃ ᠬᠡᠷᠡᠮ᠎ᠤᠨ ᠡᠷᠲᠡᠨ᠎ᠤ ᠬᠤᠲᠠ᠎ᠶ᠋ᠢᠨ ᠪᠠᠭᠤᠷᠢ ᠵᠢᠴᠢ ᠡᠷᠭᠢᠨ ᠲᠣᠭᠤᠷᠢᠨ᠎ᠤ ᠰᠠᠨ ᠳ᠋ᠤᠤ ᠸᠠᠨ᠂ ᠵᠣᠣ ᠵᠢᠶᠠ ᠹᠠᠩ ᠵᠡᠷᠭᠡ ᠡᠷᠲᠡᠨ᠎ᠤ ᠣᠩᠭᠤᠨ᠎ᠤ ᠰᠦᠷᠦᠭ ᠵᠡᠷᠭᠡ ᠪᠠᠭᠤᠷᠢ᠎ᠨᠢ ᠲᠡᠦᠬᠡ᠎ᠶ᠋ᠢᠨ ᠣᠨ ᠵᠢᠯ᠎ᠢ ᠳᠤᠭᠤᠯᠵᠤ᠂ ᠲᠡᠦᠬᠡ᠎ᠶ᠋ᠢᠨ ᠳᠡᠰ ᠳᠠᠷᠠᠭᠠᠯᠠᠯ᠎ᠨᠢ ᠪᠦᠷᠢᠨ ᠪᠦᠲᠦᠨ ᠪᠠᠢᠳᠠᠭ᠃
《ᠬᠡᠷᠡᠮ᠎ᠤᠨ ᠡᠷᠲᠡᠨ᠎ᠤ ᠬᠤᠲᠠ᠎ᠶ᠋ᠢᠨ ᠪᠠᠭᠤᠷᠢ᠎ᠳᠤ ᠣᠳᠣ ᠪᠣᠯᠲᠠᠯ᠎ᠠ ᠬᠠᠭᠤᠴᠢ ᠰᠤᠳᠤᠯᠤᠯ ᠬᠢᠭᠡ ᠦᠭᠡᠶ᠂ ᠵᠥᠪᠬᠡᠨ ᠬᠡᠭᠡᠷ᠎ᠡ᠎ᠶ᠋ᠢᠨ ᠪᠠᠢᠴᠠᠭᠠᠯᠲᠠ ᠬᠢᠭ᠌ᠰᠡᠨ ᠲᠡᠳᠦᠶ᠃ ᠬᠡᠷᠡᠮ᠎ᠤᠨ ᠡᠷᠲᠡᠨ᠎ᠤ ᠬᠤᠲᠠ᠎ᠶ᠋ᠢᠨ ᠪᠠᠭᠤᠷᠢ ᠱᠢᠬ ᠬᠡᠪᠴᠢᠶ᠎ᠡ᠎ᠪᠠᠷ ᠶᠡᠭᠡ ᠪᠦᠭᠡᠳ ᠪᠦᠷᠢᠨ ᠪᠦᠲᠦᠨ ᠬᠠᠳᠠᠭᠠᠯᠠᠭ᠍ᠳᠠᠵᠤ ᠪᠠᠢᠭ᠎ᠠ ᠲᠡᠦᠬᠡ᠎ᠶ᠋ᠢᠨ ᠳᠤᠷᠠᠰᠭᠠᠯᠲᠤ ᠵᠦᠢᠯ ᠮᠤᠨᠢ ᠠᠭᠤᠯᠠ᠎ᠶ᠋ᠢᠨ ᠬᠤᠢᠲᠤ ᠬᠡᠰᠡᠭ᠎ᠲᠤ ᠴᠥᠭᠡᠨ ᠪᠠᠢᠳᠠᠭ᠃ ᠬᠡᠷᠡᠮ᠎ᠤᠨ ᠡᠷᠲᠡᠨ᠎ᠤ ᠬᠤᠲᠠ ᠪᠣᠯ ᠦᠨᠳᠦᠰᠦᠲᠡᠨ᠎ᠤ ᠰᠣᠯᠢᠯᠴᠠᠭ᠎ᠠ᠂ ᠶᠠᠪᠤᠯᠴᠠᠭ᠎ᠠ᠂ ᠠᠭᠤᠰᠤᠯᠴᠠᠯ᠎ᠤᠨ ᠲᠡᠦᠬᠡᠨ ᠭᠡᠷᠡᠴᠢ ᠮᠥᠨ᠂ ᠡᠨᠡ᠎ᠨᠢ ᠦᠨᠳᠦᠰᠦᠲᠡᠨ᠎ᠤ ᠠᠭᠤᠰᠤᠯᠴᠠᠯ᠎ᠤᠨ ᠬᠥᠭ᠌ᠵᠢᠯᠲᠡ᠂ ᠰᠣᠶᠣᠯ ᠲᠡᠦᠬᠡ ᠵᠡᠷᠭᠡ᠎ᠶ᠋ᠢ ᠰᠤᠳᠤᠯᠬᠤ᠎ᠳᠤ ᠴᠢᠬᠤᠯᠠ ᠦᠨ᠎ᠡ ᠥᠷᠲᠡᠭ᠎ᠲᠠᠢ ᠶᠤᠮ》 ᠭᠡᠵᠦ᠍ ᠮᠠ ᠱ᠌ᠢ ᠬᠤᠩ ᠬᠡᠯᠡᠪᠡ᠃

ᠬᠡᠷᠡᠮ ᠤᠨ ᠡᠷᠲᠡᠨ ᠤ ᠬᠤᠲᠠ ᠶ᠋ᠢᠨ ᠪᠠᠭᠤᠷᠢ ᠶ᠋ᠢᠨ ᠪᠦᠬᠦ᠌ ᠳᠦᠷᠰᠦ ᠪᠠᠢᠳᠠᠯ
(ᠵᠢᠷᠤᠭ᠎ᠤᠳ᠎ᠢ ᠴᠠᠬᠠᠷ ᠪᠠᠷᠠᠭᠤᠨ ᠭᠠᠷᠤᠨ ᠬᠤᠢᠲᠤ ᠬᠤᠱᠢᠭᠤᠨ᠎ᠤ ᠲᠡᠤᠬᠡ᠎ᠶ᠋ᠢᠨ ᠳᠤᠷᠠᠰᠭᠠᠯᠲᠤ ᠵᠦᠢᠯᠡᠰ᠎ᠤᠨ ᠬᠠᠮᠢᠶᠠᠷᠤᠯᠲᠠ᠎ᠶ᠋ᠢᠨ ᠭᠠᠵᠠᠷ ᠬᠠᠩᠭᠠᠪᠠ)