ᠥᠢᠷ᠎ᠠ᠎ᠳᠤ᠂ ᠲᠥᠪ ᠲᠧᠯᠸᠢᠰ᠎ᠤᠨ ᠰᠥᠯᠵᠢᠶᠡᠨ ᠲᠡᠬᠡᠷ᠎ᠡ 《ᠨᠢᠭᠡ ᠵᠢᠩ ᠬᠥᠮᠡᠯᠢ᠎ᠶ᠋ᠢᠨ ᠥᠨ᠎ᠡ 50 ᠲᠥᠭᠦᠷᠢᠭ᠎ᠲᠤ ᠬᠥᠷᠴᠤ᠌᠂ ᠬᠠᠩᠭᠠᠯᠭ᠎ᠠ᠎ᠨᠢ ᠬᠡᠷᠡᠭ᠌ᠴᠡᠭᠡ᠎ᠳᠡᠭᠡᠨ ᠬᠥᠷᠭᠦ᠌ ᠥᠬᠡᠢ ᠪᠠᠢᠨ᠎ᠠ》 ᠬᠡᠰᠡᠨ ᠮᠡᠳᠡᠭᠡ ᠬᠦᠮᠦᠰ᠎ᠤᠨ ᠠᠩᠬᠠᠷᠤᠯ᠎ᠢ ᠲᠠᠲᠠᠭ᠍ᠰᠠᠨ ᠪᠠᠢᠨ᠎ᠠ᠃ ᠬᠥᠮᠡᠯᠢ ᠪᠤᠯ ᠮᠠᠨ᠎ᠤ ᠤᠯᠤᠰ᠎ᠤᠨ ᠪᠠᠷᠠᠭᠤᠨ ᠬᠤᠢᠲᠤ ᠤᠷᠤᠨ᠎ᠤ ᠣᠨᠴᠠ ᠭᠠᠷᠤᠯᠲᠠ᠎ᠶ᠋ᠢᠨ ᠨᠢᠬᠡ ᠶᠤᠮ᠃ ᠪᠥᠬᠦ᠌ ᠤᠯᠤᠰ᠎ᠤᠨ ᠡᠯ᠎ᠡ ᠭᠠᠵᠠᠷ᠎ᠤᠨ ᠬᠡᠲᠦ ᠳᠡᠯᠭᠡᠭᠦᠷ᠎ᠲᠤ ᠪᠤᠷᠤᠯᠠᠭᠤᠯᠤᠭ᠍ᠳᠠᠭ᠍ᠰᠠᠨ ᠬᠠᠮᠤᠭ᠎ᠤᠨ ᠥᠨᠳᠤᠷ ᠥᠨ᠎ᠡ᠎ᠨᠢ ᠵᠢᠩ ᠪᠥᠷᠢ᠎ᠳᠡᠭᠡᠨ 50 ᠲᠥᠭᠦᠷᠢᠭ᠎ᠲᠤ ᠬᠥᠷᠴᠠᠢ᠃ ᠬᠡᠳᠦ᠋ᠢᠪᠡᠷ ᠬᠥᠮᠡᠯᠢ᠎ᠶ᠋ᠢᠨ ᠥᠨ᠎ᠡ ᠬᠡᠳᠤ ᠥᠨᠳᠤᠷ ᠪᠠᠢᠭ᠎ᠠ ᠪᠤᠯᠪᠠᠴᠤ᠌ ᠪᠠᠷᠠᠭᠤᠨ ᠬᠤᠢᠳᠤ ᠤᠷᠤᠨ᠎ᠤ ᠠᠮᠳᠠᠳᠤ ᠢᠳᠡᠭᠡᠨ᠎ᠢ ᠠᠮᠳᠠᠯᠠᠵᠤ ᠥᠵᠡᠭᠦ᠎ᠪᠠᠷ ᠥᠯᠡᠮᠵᠢ ᠤᠯᠠᠨ ᠰᠥᠯᠵᠢᠶᠡᠨᠤ ᠨᠠᠢᠵᠠ ᠨᠠᠷ ᠬᠥᠮᠡᠯᠢ ᠬᠤᠳᠠᠯᠳᠤᠨ ᠠᠪᠴᠤ᠌ ᠯᠡ ᠪᠠᠢᠨ᠎ᠠ᠃ ᠲᠡᠬᠡᠪᠡᠯ᠂ ᠤᠷᠤᠨ ᠨᠤᠳᠤᠭ᠎ᠤᠨ ᠬᠥᠮᠡᠯᠢ᠎ᠶ᠋ᠢᠨ ᠥᠨ᠎ᠡ ᠬᠠᠩᠰᠢ ᠶᠠᠮᠠᠷ ᠪᠤᠯᠵᠤ ᠪᠠᠢᠭ᠎ᠠ ᠪᠤᠯ?
8 ᠰᠠᠷ᠎ᠠ᠎ᠶ᠋ᠢᠨ 11 ᠤ ᠡᠳᠦᠷ᠂ ᠰᠤᠷᠪᠤᠯᠵᠢᠯᠠᠭ᠍ᠴᠢ ᠲᠤᠬᠠᠢ᠎ᠶ᠋ᠢᠨ ᠭᠠᠵᠠᠷ᠎ᠤᠨ ᠬᠥᠮᠡᠯᠢ᠎ᠶ᠋ᠢᠨ ᠠᠷᠠᠯᠵᠢᠶᠠᠴᠢᠨ ᠪᠤᠯᠤᠨ ᠬᠥᠮᠡᠯᠢ ᠲᠠᠷᠢᠵᠤ ᠪᠤᠷᠤᠯᠠᠭᠤᠯᠵᠤ ᠪᠠᠢᠭ᠎ᠠ ᠲᠠᠷᠢᠶᠠᠴᠢᠨ᠎ᠠᠴᠠ ᠡᠨᠡ ᠵᠢᠯ᠎ᠤᠨ ᠤᠷᠤᠨ ᠨᠤᠳᠤᠭ᠎ᠤᠨ ᠬᠥᠮᠡᠯᠢ᠎ᠶ᠋ᠢᠨ ᠥᠨ᠎ᠡ ᠬᠠᠩᠰᠢ ᠴᠤᠬᠤᠮ ᠶᠠᠮᠠᠷ ᠪᠤᠯᠵᠤ ᠪᠠᠢᠭ᠎ᠠ᠎ᠶ᠋ᠢ ᠥᠢᠯᠠᠭᠠᠯᠠ᠃ ᠶᠡᠷᠥᠩᠬᠡᠢ᠎ᠳᠡᠭᠡᠨ ᠡᠨᠡ ᠵᠢᠯ᠎ᠤᠨ ᠬᠥᠮᠡᠯᠢ᠎ᠶ᠋ᠢᠨ ᠪᠣᠷᠣᠯᠠᠭᠤᠯᠭ᠎ᠠ᠎ᠶ᠋ᠢᠨ ᠬᠡᠮᠵᠢᠶ᠎ᠡ ᠥᠩᠭᠡᠷᠡᠭ᠌ᠰᠡᠨ ᠵᠢᠯ᠎ᠠᠴᠠ ᠬᠠᠷᠢᠴᠠᠩᠭᠤᠢ ᠨᠡᠮᠡᠭ᠌ᠳᠡᠵᠦ᠍᠂ ᠦᠨ᠎ᠡ ᠬᠠᠩᠰᠢ᠎ᠨᠢ ᠥᠩᠭᠡᠷᠡᠭ᠌ᠰᠡᠨ ᠵᠢᠯ᠎ᠠᠴᠠ ᠥᠨᠳᠥᠷ ᠪᠣᠯᠵᠠᠶ᠃ ᠠᠯᠠᠱᠠ ᠵᠡᠭᠦᠨ ᠬᠤᠱᠢᠭᠤᠨ᠎ᠤ ᠪᠠᠶᠠᠨᠬᠤᠳᠠ ᠪᠠᠯᠭᠠᠰᠤᠨ᠎ᠤ ᠪᠠᠶᠠᠨᠬᠥ᠋ᠳᠡᠭᠡ ᠭᠠᠴᠠᠭᠠᠨ᠎ᠤ ᠲᠠᠷᠢᠶᠠᠴᠢᠨ ᠯᠢ ᠴᠧᠩ ᠠᠨ᠎ᠤ ᠬᠡᠯᠡᠭᠦ᠎ᠪᠠᠷ᠂ ᠲᠡᠷᠡ ᠲᠠᠪᠤᠨ ᠰᠠᠷᠠᠪᠴᠢ ᠬᠥᠮᠡᠯᠢ ᠲᠠᠷᠢᠵᠤ᠂ ᠵᠤᠨ᠎ᠤ ᠤᠯᠠᠷᠢᠯ᠎ᠤᠨ ᠰᠠᠷᠠᠪᠴᠢ ᠪᠥᠷᠢ᠎ᠶ᠋ᠢᠨ ᠬᠥᠮᠡᠯᠢ᠎ᠶ᠋ᠢᠨ ᠭᠠᠷᠤᠯᠳᠠ᠎ᠨᠢ 1300 ᠵᠢᠩ ᠤᠷᠴᠢᠮ᠎ᠳᠤ ᠬᠦᠷᠴᠦ᠍᠂ ᠨᠢᠭᠡ ᠵᠢᠩ ᠬᠥᠮᠡᠯᠢ᠎ᠶ᠋ᠢ 4 ᠲᠥᠭᠦᠷᠢᠭ᠎ᠤᠨ ᠥᠨ᠎ᠡ᠎ᠪᠠᠷ ᠪᠥᠬᠡᠮ᠎ᠢᠶᠠᠷ ᠪᠤᠷᠤᠯᠠᠭᠤᠯᠵᠤ ᠪᠠᠢᠭ᠎ᠠ ᠶᠤᠮ ᠪᠠᠢᠨ᠎ᠠ᠃ ᠡᠪᠤᠯ᠎ᠤᠨ ᠤᠯᠠᠷᠢᠯ᠎ᠤᠨ ᠬᠥᠮᠡᠯᠢ᠎ᠶ᠋ᠢᠨ ᠥᠨ᠎ᠡ᠎ᠨᠢ ᠵᠤᠨ᠎ᠤ ᠤᠯᠠᠷᠢᠯ᠎ᠠᠴᠠ᠎ᠪᠠᠨ ᠨᠡᠩ ᠥᠨᠳᠤᠷ ᠪᠠᠢᠳᠠᠭ ᠭᠡᠵᠦ᠍ ᠯᠢ ᠴᠧᠩ ᠠᠨ ᠶᠠᠷᠢᠵᠤ ᠪᠠᠢᠯ᠎ᠠ᠃
ᠬᠥᠮᠡᠯᠢ ᠪᠣᠯ ᠮᠥᠨ ᠴᠤ᠌ ᠠᠯᠠᠱᠠ ᠨᠤᠳᠤᠭ᠎ᠤᠨ ᠤᠨᠴᠠ ᠭᠠᠷᠤᠯᠳᠠ ᠶᠤᠮ᠃ ᠰᠠᠯᠬᠢᠨ᠎ᠳᠤ ᠴᠤᠬᠢᠭ᠍ᠳᠠᠬᠤᠶ᠋ᠢ ᠳᠠᠭᠠᠭᠠᠬᠤ᠂ ᠭᠠᠩ ᠬᠠᠭ᠍ᠰᠠᠷᠠᠭᠠᠨ᠎ᠢ ᠳᠠᠭᠠᠭᠠᠬᠤ᠂ ᠱᠢᠮ᠎ᠡ ᠲᠡᠵᠢᠭᠡᠯ᠎ᠲᠠᠢ ᠪᠦᠭᠡᠳ ᠡᠮ᠎ᠳᠤ ᠤᠷᠤᠳᠠᠭ ᠵᠡᠷᠭᠡ ᠬᠡᠷᠡᠭ᠌ᠯᠡᠭᠡᠨ᠎ᠤ ᠦᠨ᠎ᠡ ᠦᠷᠳᠡᠭ᠎ᠨᠢ ᠥᠨᠳᠥᠷ᠂ ᠠᠮᠢ ᠠᠬᠤᠶ᠎ᠶ᠋ᠢᠨ ᠦᠨ᠎ᠡ ᠦᠷᠳᠡᠭ ᠪᠠ ᠠᠵᠤ ᠠᠬᠤᠶ᠎ᠶ᠋ᠢᠨ ᠦᠨ᠎ᠡ ᠦᠷᠳᠡᠭ᠎ᠢ ᠬᠤᠣᠰᠯᠠᠭᠤᠯᠤᠭ᠍ᠰᠠᠨ ᠨᠢᠭᠡ ᠵᠦᠢᠯ᠎ᠤᠨ ᠡᠯᠡᠰᠦᠨ᠎ᠤ ᠤᠷᠭᠤᠮᠠᠯ ᠪᠣᠯᠤᠨ᠎ᠠ᠃ 《ᠭᠠᠳᠠᠷ ᠤᠷᠤᠨ᠎ᠤ ᠴᠥᠬᠡᠨ ᠪᠤᠰᠤ ᠬᠡᠷᠡᠭ᠌ᠯᠡᠭ᠌ᠴᠢᠳ ᠰᠥᠯᠵᠢᠶᠡᠨ ᠲᠡᠬᠡᠷ᠎ᠡ᠎ᠠᠴᠠ ᠬᠥᠮᠡᠯᠢ ᠬᠤᠳᠠᠯᠳᠤᠨ ᠠᠪᠴᠤ᠌ ᠪᠠᠢᠨ᠎ᠠ᠃ ᠤᠷᠤᠨ ᠨᠤᠳᠤᠭ᠎ᠤᠨ ᠬᠡᠷᠡᠭ᠌ᠯᠡᠭ᠌ᠴᠢᠳ ᠪᠤᠯ ᠤᠭᠤᠳᠠᠯᠠᠵᠤ ᠰᠠᠪᠠᠯᠠᠭ᠍ᠰᠠᠨ ᠪᠤᠶᠤ ᠯᠤᠩᠬᠤᠨ᠎ᠳᠤ ᠰᠠᠪᠠᠯᠠᠭ᠍ᠰᠠᠨ ᠬᠥᠮᠡᠯᠢ᠎ᠶ᠋ᠢ ᠬᠤᠳᠠᠯᠳᠤᠨ ᠠᠪᠬᠤ ᠲᠤᠷᠠᠳᠠᠢ ᠪᠠᠢᠳᠠᠭ᠃ ᠡᠨᠡ ᠬᠡᠳᠦᠨ ᠵᠦᠢᠯ᠎ᠤᠨ ᠪᠣᠷᠣᠯᠠᠭᠤᠯᠭ᠎ᠠ᠎ᠶ᠋ᠢᠨ ᠬᠡᠮᠵᠢᠶ᠎ᠡ᠎ᠨᠢ ᠪᠦᠷ ᠵᠦᠭᠡᠷ ᠪᠠᠢᠨ᠎ᠠ᠃ ᠡᠨᠡ ᠵᠢᠯ ᠪᠢ 15 ᠲᠥᠮᠡᠨ ᠤᠭᠤᠳᠠ ᠬᠥᠮᠡᠯᠢ ᠬᠤᠳᠠᠯᠳᠤᠵᠤ᠂ 8 ᠲᠥᠮᠨ ᠭᠠᠷᠤᠢ ᠲᠥᠭᠦᠷᠢᠭ᠎ᠤᠨ ᠤᠷᠤᠯᠭ᠎ᠠ ᠤᠯᠤᠯ᠎ᠠ》 ᠬᠡᠵᠤ ᠠᠯᠠᠱᠠ ᠵᠡᠭᠦᠨ ᠬᠤᠱᠢᠭᠤᠨ᠎ᠤ ᠬᠥᠮᠡᠯᠢ᠎ᠶ᠋ᠢᠨ ᠠᠷᠠᠯᠵᠢᠶᠠᠴᠢᠨ ᠯᠢ ᠱᠢᠶᠤᠤ ᠯᠢᠶᠠᠩ ᠶᠠᠷᠢᠵᠦ᠍ ᠪᠠᠢᠪᠠ᠃
ᠠᠯᠠᠱᠠ ᠨᠤᠳᠤᠭ᠎ᠤᠨ ᠬᠥᠮᠡᠯᠢ᠎ᠨᠢ ᠱᠢᠨ᠎ᠡ ᠰᠤᠷᠭᠤᠭ᠂ ᠠᠮᠳᠠ ᠰᠠᠢᠳᠠᠢ᠂ ᠴᠢᠨᠠᠷ ᠰᠠᠢᠳᠠᠢ ᠵᠡᠷᠬᠡ ᠤᠨᠴᠠᠯᠢᠭ᠎ᠢᠶᠠᠷ᠎ᠢᠶᠠᠨ ᠤᠯᠠᠨ᠎ᠳᠤ ᠲᠠᠭᠠᠱᠢᠶᠠᠭ᠍ᠳᠠᠵᠤ᠂ ᠭᠤᠤᠯᠳᠠᠭᠤ ᠤᠷᠤᠨ ᠨᠤᠳᠤᠭ᠎ᠲᠠᠭᠠᠨ ᠪᠤᠶᠤ ᠬᠥᠬᠡᠬᠤᠳᠠ᠂ ᠢᠷᠭᠠᠢ᠂ ᠪᠤᠭᠤᠳᠤ ᠵᠡᠷᠬᠡ ᠭᠠᠵᠠᠷ ᠤᠷᠤᠨ᠎ᠳᠤ ᠪᠤᠷᠤᠯᠠᠭᠤᠯᠤᠭ᠍ᠳᠠᠵᠤ ᠪᠠᠢᠨ᠎ᠠ᠃ ᠬᠥᠮᠡᠯᠢ ᠭᠠᠳᠠᠷ ᠤᠷᠤᠨ᠎ᠳᠤ ᠥᠨᠳᠤᠷ ᠥᠨ᠎ᠡ᠎ᠪᠠᠷ ᠪᠤᠷᠤᠯᠠᠭᠤᠯᠤᠭ᠍ᠳᠠᠵᠤ ᠪᠠᠢᠭ᠎ᠠ᠎ᠶ᠋ᠢᠨ ᠭᠤᠤᠯ ᠱᠢᠯᠲᠠᠭᠠᠨ᠎ᠨᠢ ᠵᠤᠨ᠎ᠤ ᠤᠯᠠᠷᠢᠯ ᠪᠤᠯᠬᠤᠷ ᠠᠭᠠᠷ᠎ᠢᠶᠠᠷ ᠵᠥᠬᠡᠬᠡᠪᠤᠷᠢᠯᠡᠭᠦ᠌᠂ ᠱᠢᠨ᠎ᠡ ᠰᠤᠷᠭᠤᠭᠢᠶᠠᠷᠨᠢ ᠪᠤᠷᠤᠯᠠᠭᠤᠯᠬᠤ ᠵᠡᠷᠬᠡ ᠱᠠᠭᠠᠷᠳᠠᠯᠭ᠎ᠠ᠎ᠠᠴᠠ ᠪᠤᠯᠵᠤ ᠥᠪᠡᠷ᠎ᠤᠨ ᠥᠷᠳᠡᠭ᠎ᠨᠢ ᠥᠰᠳᠡᠭ ᠤᠴᠢᠷ᠎ᠠᠴᠠ ᠬᠥᠮᠡᠯᠢ᠎ᠶ᠋ᠢᠨ ᠥᠨ᠎ᠡ᠎ᠨᠢ ᠲᠠᠭᠠᠯᠳᠤᠨ ᠥᠰᠳᠡᠭ ᠠᠵᠢ᠃ ᠭᠠᠩ ᠬᠠᠭ᠍ᠰᠠᠷᠠᠭᠠᠨᠤ ᠨᠥᠯᠤᠬᠡ᠎ᠠᠴᠠ ᠪᠤᠯᠵᠤ ᠬᠡᠬᠡᠷ᠎ᠡ᠎ᠶ᠋ᠢᠨ ᠬᠥᠮᠡᠯᠢ ᠬᠤᠪᠤᠷᠳᠠᠭ᠍ᠰᠠᠨᠠᠴᠠ ᠤᠷᠤᠨ ᠨᠤᠳᠤᠭ᠎ᠤᠨ ᠵᠠᠬ᠎ᠠ ᠲᠡᠯᠬᠡᠭᠦᠷ᠎ᠤᠨ ᠬᠥᠮᠡᠯᠢ᠎ᠶ᠋ᠢᠨ ᠥᠨ᠎ᠡ᠎ᠨᠢ ᠬᠠᠷᠢᠴᠠᠩᠭᠤᠢ ᠥᠰᠥᠭ᠌ᠰᠡᠨ ᠪᠠᠢᠨ᠎ᠠ᠃ 8 ᠰᠠᠷ᠎ᠠ᠎ᠶ᠋ᠢᠨ 10 ᠤ ᠡᠳᠤᠷ ᠪᠤᠯᠳᠠᠯ᠎ᠠ᠂ ᠪᠠᠶᠠᠨᠬᠤᠳᠠ᠎ᠶ᠋ᠢᠨ ᠵᠠᠬ᠎ᠠ ᠲᠡᠯᠬᠡᠭᠦᠷᠲᠠᠬᠢ ᠬᠥᠮᠡᠯᠢ᠎ᠶ᠋ᠢᠨ ᠥᠨ᠎ᠡ᠎ᠨᠢ ᠵᠢᠩ ᠪᠥᠷᠢ᠎ᠳᠡᠭᠡᠨ 3 ᠲᠥᠭᠦᠷᠢᠭ᠎ᠠᠴᠠ 10 ᠲᠥᠭᠦᠷᠢᠭ᠎ᠤᠨ ᠬᠤᠭᠤᠷᠤᠨᠳᠤ ᠬᠡᠯᠪᠡᠯᠵᠡᠭ᠌ᠰᠡᠬᠡᠷ ᠪᠠᠢᠨ᠎ᠠ᠃