ᠮᠠᠯᠴᠢᠨ ᠨᠠᠷᠠᠨᠲᠤᠶᠠᠭ᠎ᠠ ᠠᠷᠤ ᠬᠤᠷᠴᠢᠨ᠎ᠤ ᠭᠠᠵᠠᠷ᠎ᠤᠨ ᠵᠢᠷᠤᠭ᠎ᠢ ᠬᠠᠳᠭᠤᠮᠠᠯᠯᠠᠵᠦ᠍ ᠪᠦᠳᠦᠭᠡᠵᠡᠢ
2021-08-25 10:18:46
ᠵᠣᠬᠢᠶᠠᠭ᠍ᠴᠢ᠄
​ ᠬᠦᠭ᠌ᠵᠢᠯᠳᠦ
ᠣᠩᠱᠢᠭ᠍ᠰᠠᠨ ᠣᠳᠠᠭ᠎ᠠ᠄
★★★☆☆

ᠠᠷᠤ ᠬᠤᠷᠴᠢᠨ ᠬᠤᠱᠢᠭᠤᠨ᠎ᠤ ᠬᠠᠨᠰᠦ᠋ᠮ᠎ᠠ ᠰᠤᠮᠤ᠎ᠶ᠋ᠢᠨ ᠵᠢᠷᠦᠬᠡ ᠭᠠᠴᠠᠭᠠᠨ᠎ᠤ ᠮᠠᠯᠴᠢᠨ ᠨᠠᠷᠡᠨᠲᠤᠶᠠᠭ᠎ᠠ ᠵᠢᠯ ᠭᠠᠷᠤᠢ᠎ᠶ᠋ᠢᠨ ᠴᠠᠭ ᠵᠠᠷᠤᠴᠠᠭᠤᠯᠤᠨ 1.8 ᠮᠧᠲᠷ ᠦᠨᠳᠤᠷ᠂ 1.3 ᠮᠧᠲᠷ ᠦᠷᠬᠡᠨ 《ᠪᠠᠳᠠᠷᠠᠭᠤᠯᠳᠦ ᠲᠦᠷᠦ᠎ᠶ᠋ᠢᠨ 36 ᠳ᠋ᠤᠭᠠᠷ ᠤᠨ᠎ᠤ ᠦᠶ᠎ᠡ᠎ᠶ᠋ᠢᠨ ᠠᠷᠤ ᠬᠤᠷᠴᠢᠨ᠎ᠤ ᠨᠡᠷᠡᠲᠦ ᠠᠭᠤᠯᠠ ᠤᠰᠤ᠂ ᠲᠡᠥᠬᠡ ᠲᠤᠮᠤᠭ᠍ᠳᠦ ᠰᠦᠮ᠎ᠡ ᠬᠡᠢᠳ》 ᠎ᠤᠨ ᠬᠠᠳᠭᠤᠮᠠᠯ᠎ᠢ ᠤᠷᠠᠯᠠᠨ ᠪᠦᠳᠦᠭᠡᠪᠡ᠃ 

ᠲᠤᠰ ᠭᠠᠵᠠᠷ᠎ᠤᠨ ᠵᠢᠷᠤᠭ᠎ᠢ ᠠᠷᠤ ᠬᠤᠷᠴᠢᠨ ᠬᠤᠱᠢᠭᠤᠨ᠎ᠤ ᠬᠠᠨ ᠰᠦᠮ᠎ᠠ᠎ᠶ᠋ᠢᠨ ᠡᠷᠬᠢᠯᠡᠭ᠌ᠴᠢ ᠯᠠᠮᠠ ᠮᠦᠷᠡᠨ ᠤᠤᠯ᠎ᠤᠨ ᠪᠢᠴᠢᠮᠡᠯ ᠵᠢᠷᠤᠭ᠎ᠢ ᠬᠠᠳᠭᠤᠮᠠᠯᠯᠠᠨ ᠪᠦᠳᠦᠭᠡᠯᠭᠡᠬᠦ᠌᠎ᠪᠠᠷ ᠵᠢᠷᠦᠭᠡ ᠭᠠᠴᠠᠭᠠᠨ᠎ᠤ ᠬᠠᠳᠭᠤᠮᠠᠯᠴᠢᠨ᠎ᠤ ᠨᠡᠢᠭᠡᠮᠯᠢᠭ᠎ᠲᠤ ᠨᠠᠢᠳᠠᠵᠠᠢ᠃ ᠡᠨᠡ ᠬᠦ᠌ ᠭᠠᠵᠠᠷ᠎ᠤᠨ ᠵᠢᠷᠤᠭ᠎ᠲᠤ ᠠᠷᠤ ᠬᠤᠷᠴᠢᠨ᠎ᠤ ᠨᠡᠷᠡᠲᠦ ᠠᠭᠤᠯᠠ ᠤᠰᠤ᠂ ᠰᠦᠮ᠎ᠡ ᠬᠡᠢᠳ᠂ ᠠᠷᠤ ᠬᠤᠷᠴᠢᠨ᠎ᠤ 《ᠠᠷᠪᠠᠨ ᠭᠤᠷᠪᠠᠨ ᠬᠠᠨ ᠠᠭᠤᠯᠠ》᠂ 《ᠬᠠᠬᠢᠷ᠂ ᠳ᠋ᠠᠯᠠᠷ᠂ ᠰᠦᠵᠢ ᠭᠤᠷᠪᠠᠨ ᠭᠤᠤᠯ》᠂ 《ᠬᠤᠷᠢᠨ ᠲᠦᠷᠪᠡᠨ ᠰᠦᠮ᠎ᠡ ᠬᠡᠢᠳ》᠂ 《ᠦᠯᠵᠡᠢᠮᠦᠷᠡᠨ᠂ ᠤᠤ ᠮᠦᠷᠡᠨ᠂ ᠱᠢᠷᠠᠮᠦᠷᠡᠨ》᠂ 《ᠠᠯᠳᠠᠢ᠎ᠶ᠋ᠢᠨ ᠮᠠᠩᠬ᠎ᠠ᠂ ᠮᠠᠨᠵᠦ᠎ᠶ᠋ᠢᠨ ᠮᠠᠩᠬ᠎ᠠ》 ᠵᠡᠷᠭᠡ ᠲᠡᠥᠬᠡᠨ ᠲᠤᠮᠤᠭ᠍ᠳᠦ ᠭᠠᠵᠠᠷ ᠤᠰᠤᠨ᠎ᠤ ᠰᠤᠶᠤᠯ ᠢᠷᠭᠡᠨᠱᠢᠯ᠎ᠢ ᠬᠠᠳᠠᠭᠠᠯᠠᠭ᠍ᠰᠠᠨ ᠲᠡᠥᠬᠡᠳᠦ ᠦᠨ᠎ᠡ ᠴᠡᠨ᠎ᠡ ᠪᠦᠬᠦᠢ ᠬᠤᠪᠤᠷ ᠨᠠᠨᠳᠢᠨ ᠲᠡᠥᠬᠡᠨ ᠮᠠᠲ᠋ᠧᠷᠢᠶᠠᠯ᠎ᠢ ᠠᠮᠢᠯᠠᠭᠤᠯᠤᠨ ᠪᠦᠳᠦᠭᠡᠭ᠌ᠰᠡᠨ ᠪᠠᠢᠳᠠᠭ᠃ 

ᠡᠨᠡ ᠬᠦ᠌ ᠭᠠᠵᠠᠷ᠎ᠤᠨ ᠵᠢᠷᠤᠭ᠎ᠤᠨ ᠤᠤᠯ ᠡᠬᠡ᠎ᠨᠢ ᠦᠵᠢᠷᠡᠵᠦ᠍ ᠪᠠᠯᠠᠷᠠᠬᠤ ᠱᠢᠬᠠᠭ᠍ᠰᠠᠨ ᠪᠤᠯᠬᠤᠷ ᠨᠠᠷᠠᠨᠲᠤᠶᠠᠭ᠎ᠠ ᠬᠠᠳᠭᠤᠬᠤ ᠪᠤᠯᠭᠠᠨ ᠨᠠᠷᠢᠪᠴᠢᠯᠡᠨ ᠱᠢᠨᠵᠢᠵᠦ᠍᠂ ᠳᠠᠮᠠᠭᠠᠨ ᠳᠡᠭᠡᠷᠡᠬᠢ ᠮᠠᠨᠵᠦ᠍ ᠦᠰᠦᠭ᠎ᠢ ᠵᠦᠪ ᠤᠨᠤᠪᠴᠢᠳᠠᠢ ᠪᠠᠢᠯᠭᠠᠬᠤ᠎ᠶ᠋ᠢ ᠨᠤᠳᠠᠯᠠᠬᠤ᠎ᠪᠠᠷ ᠬᠦᠬᠡᠬᠤᠳᠠ᠎ᠳᠤ ᠬᠦᠷᠴᠤ᠌ ᠡᠷᠳᠡᠮᠳᠡᠨ ᠪᠢᠴᠢᠭ᠌ᠳᠡᠨ᠎ᠠᠴᠠ ᠠᠰᠠᠭᠤᠵᠦ᠍ ᠯᠠᠪᠯᠠᠭ᠍ᠰᠠᠨ᠎ᠢᠶᠠᠷ ᠪᠠᠷᠠᠬᠤ ᠦᠬᠡᠢ ᠪᠠᠰᠠ ᠲᠤᠯᠢ ᠪᠢᠴᠢᠭ ᠤᠷᠪᠠᠭᠤᠯᠤᠨ ᠠᠯᠢ ᠤᠯᠠᠨ ᠬᠦᠴᠢᠷᠳᠡᠯ᠎ᠢ ᠲᠤᠭᠤᠯᠵᠤ᠂ ᠪᠦᠳᠦᠭᠡᠯ᠎ᠢᠶᠠᠨ ᠨᠠᠷᠢᠨ ᠲᠤᠳᠤ᠂ ᠦᠩᠭᠡ ᠢᠯᠭᠠᠷᠠᠮ᠎ᠠ᠂ ᠦᠰᠦᠭ ᠵᠦᠪ ᠪᠠᠢᠬᠤ᠎ᠶ᠋ᠢ ᠪᠠᠳᠤᠯᠠᠵᠠᠢ᠃ 7 ᠨᠠᠰᠤᠨ᠎ᠠᠴᠠ᠎ᠪᠠᠨ ᠵᠡᠬᠦᠦ ᠤᠳᠠᠰᠤ᠎ᠲᠠᠢ ᠱᠢᠳᠠᠷᠯᠠᠵᠦ᠍᠂ ᠳᠠᠪᠢᠭᠠᠳ ᠵᠢᠯ ᠤᠶᠤᠳᠠᠯ ᠤᠶᠤᠵᠦ᠍ ᠶᠠᠪᠤᠭ᠍ᠰᠠᠨ ᠮᠠᠯᠴᠢᠨ ᠨᠠᠷᠠᠨᠲᠤᠶᠠᠭ᠎ᠠ ᠦᠪᠡᠷ᠎ᠤᠨ ᠠᠩᠬᠠᠨ᠎ᠤ ᠲᠤᠮᠤ ᠪᠦᠳᠦᠭᠡᠯ᠎ᠲᠠᠢ ᠪᠤᠯᠤᠭ᠍ᠰᠠᠨ᠎ᠳᠠᠭᠠᠨ ᠰᠡᠳᠭᠢᠯ ᠬᠠᠨᠤᠮᠵᠢᠳᠠᠢ ᠪᠠᠢᠯ᠎ᠠ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号