ᠤᠢ᠍ᠢᠷ᠎ᠠ᠎ᠳᠤ᠂ ᠥᠪᠥᠷ ᠮᠣᠩᠭᠤᠯ᠎ᠤᠨ ᠺᠢᠨᠣ᠋᠎ᠶ᠋ᠢᠨ ᠪᠦᠯᠦᠭ᠌ᠯᠡᠯ᠎ᠤᠨ ᠬᠢᠵᠠᠭᠠᠷᠲᠤ ᠺᠣᠮᠫᠠᠨᠢ᠂ ᠪᠥᠸᠧ ᠨᠠ ᠺᠢᠨᠣ᠋᠎ᠶ᠋ᠢᠨ ᠦᠢᠯᠡᠰ᠎ᠤᠨ ᠪᠦᠯᠦᠭ᠌ᠯᠡᠯ᠂ ᠲᠤᠮᠳᠠᠳᠦ ᠤᠯᠤᠰ᠎ᠤᠨ ᠺᠢᠨᠣ᠋᠎ᠶ᠋ᠢᠨ ᠺᠤᠮᠫᠠᠨᠢ ᠵᠡᠷᠭᠡ ᠪᠦᠯᠦᠭ᠌ᠯᠡᠯ ᠺᠤᠮᠫᠠᠨᠢ᠎ᠠᠴᠠ ᠬᠠᠮᠲᠤᠷᠠᠨ ᠦᠢᠯᠡᠳᠴᠤ᠌᠂ ᠡᠯ ᠳ᠋ᠦᠩ ᠱᠧᠩ ᠤᠳᠤᠷᠢᠳᠤᠭᠠᠯᠠᠵᠤ ᠴᠧᠨ ᠪᠦᠦ ᠭᠦᠸᠧ᠂ ᠮᠠ ᠰᠥ᠂ ᠠᠶᠤᠩᠭ᠎ᠠ᠂ ᠸᠠᠩ ᠴᠢᠶᠠᠩ᠂ ᠳ᠋ᠢᠩ ᠴᠧᠩ ᠱᠢᠨ ᠨᠡᠷ᠎ᠤᠨ ᠲᠣᠭ᠍ᠯᠠᠭ᠍ᠰᠠᠨ ᠺᠢᠨᠣ᠋ 《ᠲᠠᠯᠠᠢ᠎ᠶ᠋ᠢᠨ ᠲᠡᠷᠳᠡᠭᠡ ᠲᠠᠯ᠎ᠠ ᠨᠤᠳᠤᠭ》 ᠢ ᠤᠯᠠᠭᠠᠢ᠎ᠳᠤ ᠰᠡᠬᠦᠳᠡᠷᠯᠡᠵᠦ᠍ ᠳᠠᠭᠤᠰᠪᠠ᠃ ᠲᠤᠰ ᠺᠢᠨᠣ᠋ 2022 ᠤᠨ᠎ᠳᠤ ᠦᠵᠡᠭ᠌ᠴᠢᠳ᠎ᠲᠠᠢ ᠵᠤᠯᠭᠠᠬᠤ ᠪᠤᠯᠤᠨ᠎ᠠ᠃
《ᠲᠠᠯᠠᠢ᠎ᠶ᠋ᠢᠨ ᠲᠡᠷᠳᠡᠭᠡ ᠲᠠᠯ᠎ᠠ ᠨᠤᠳᠤᠭ》 ᠭᠡᠬᠦ᠌ ᠺᠢᠨᠣ᠋᠎ᠳᠤ 《ᠥᠪᠥᠷ ᠮᠣᠩᠭᠤᠯ᠎ᠤᠨ᠎ᠬᠢᠨ ᠭᠤᠷᠪᠠᠨ ᠮᠢᠩᠭᠠᠨ ᠥᠨᠥᠴᠢᠨ ᠬᠡᠦᠬᠡᠳ᠎ᠢ ᠦᠷᠡᠴᠢᠯᠡᠨ ᠲᠡᠵᠢᠬᠡᠭ᠌ᠰᠡᠨ》 ᠦᠨᠡᠨ ᠪᠣᠳᠠᠲᠠᠶ ᠲᠡᠦᠬᠡᠨ ᠬᠡᠷᠡᠭ ᠶᠠᠪᠤᠳᠠᠯ᠎ᠢ ᠦᠨᠳᠦᠰᠦᠯᠡᠨ ᠥᠭᠡᠷᠡᠴᠢᠯᠡᠨ ᠨᠠᠢᠷᠠᠭᠤᠯᠵᠤ᠂ 60 ᠵᠢᠯ᠎ᠤᠨ ᠡᠮᠦᠨᠡᠬᠢ ᠲᠡᠦᠬᠡ᠎ᠶ᠋ᠢᠨ ᠬᠥᠱᠢᠭᠡᠨ ᠳᠡᠭᠡᠷ᠎ᠡ ᠥᠨᠢᠳᠡ ᠰᠡᠢᠯᠦᠭ᠌ᠳᠡᠭ᠌ᠰᠡᠨ ᠦᠨᠳᠦᠰᠦᠳᠡᠨ᠎ᠤ ᠠᠭᠤᠤ ᠶᠡᠭᠡ ᠬᠠᠢᠷ᠎ᠠ᠎ᠶ᠋ᠢ ᠳᠠᠬᠢᠨᠲᠠ ᠢᠯᠡᠷᠡᠭᠦᠯᠵᠤ᠂ 1959 — 1963 ᠤᠨ᠎ᠳᠤ ᠱᠢᠨ᠎ᠠ ᠲᠤᠮᠳᠠᠳᠦ ᠤᠯᠤᠰ ᠬᠦᠨᠳᠦ ᠬᠡᠴᠡᠬᠦᠦ ᠪᠠᠢᠭᠠᠯᠢ᠎ᠶ᠋ᠢᠨ ᠭᠠᠮᠱᠢᠭ᠎ᠲᠤ ᠳᠠᠭᠠᠷᠢᠭ᠍ᠳᠠᠭ᠍ᠰᠠᠨᠠ᠂ ᠡᠮᠦᠨ᠎ᠡ ᠤᠷᠤᠨ᠎ᠤ 3000 ᠦᠨᠦᠴᠢᠨ ᠬᠡᠥᠬᠡᠳ᠎ᠢ ᠦᠪᠦᠷ ᠮᠤᠩᠭᠤᠯ᠎ᠳᠤ ᠲᠤᠰᠴᠤ᠌ ᠠᠪᠴᠢᠷᠠᠨ᠂ ᠮᠠᠯᠴᠢᠨ ᠲᠦᠮᠡᠨ 《ᠨᠢᠭᠡ᠎ᠶ᠋ᠢ ᠦᠷᠡᠴᠢᠯᠡᠪᠡᠯ ᠨᠢᠭᠡ᠎ᠶ᠋ᠢ ᠬᠦᠮᠦᠨ ᠪᠤᠯᠭᠠᠵᠦ᠍ ᠰᠠᠢᠬᠠᠨ ᠠᠮᠢᠳᠤᠷᠠᠭᠤᠯᠬᠤ》 ᠵᠠᠷᠴᠢᠮ᠎ᠢᠶᠠᠷ 《ᠤᠯᠤᠰ᠎ᠤᠨ ᠬᠡᠥᠬᠡᠳ》 ᠢ ᠦᠷᠡᠴᠢᠯᠡᠵᠦ᠍ ᠬᠦᠮᠦᠵᠢᠬᠦᠯᠦᠨ᠂ ᠦᠨᠳᠦᠰᠦᠳᠡᠨ᠎ᠤ ᠪᠦᠯᠬᠦᠮᠳᠡᠯ ᠨᠢᠭ᠍ᠳᠠᠷᠠᠯ᠂ ᠰᠠᠬᠢᠨ ᠪᠠᠷᠠᠯᠠᠵᠦ᠍ ᠬᠠᠷᠢᠯᠴᠠᠨ ᠬᠠᠪᠰᠤᠷᠤᠯᠴᠠᠭ᠍ᠰᠠᠨ ᠳᠠᠭᠤᠷᠢᠰᠭᠠᠯᠲᠠᠢ ᠲᠡᠥᠬᠡ᠎ᠶ᠋ᠢ ᠪᠢᠴᠢᠭ᠌ᠯᠡᠵᠠᠢ᠃
2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄tn@mgyxw.net 蒙ICP备10000005号