ᠬᠠᠮᠢᠶ᠎ᠠ ᠪᠦᠬᠦᠢ ᠰᠠᠯᠠᠭ᠎ᠠ ᠮᠦᠴᠢᠷ᠎ᠠᠴᠠ ᠤᠢᠢᠯᠠᠭᠠᠭ᠍ᠰᠠᠨᠢᠶᠠᠷ᠂ ᠤᠢᠢᠷ᠎ᠠ᠎ᠳᠤ ᠮᠠᠨ᠎ᠤ ᠣᠷᠣᠨ᠎ᠤ 22 ᠱᠢᠯᠢᠳᠡᠭ ᠬᠦᠳᠡᠭᠡ ᠲᠤᠰᠭᠤᠨ᠎ᠤ ᠪᠠᠭ᠍ᠰᠢ ᠳᠣᠯᠣᠳᠤᠭᠠᠷ ᠬᠤᠭᠤᠴᠠᠭᠠᠨ᠎ᠤ 《TCL ᠬᠦᠰᠡᠯ ᠢᠨᠵᠧᠨᠧᠷᠢᠩ᠎ᠤᠨ ᠱᠠᠩᠨᠠᠯ》 ᠢ ᠭᠥᠷᠳᠡᠪᠡ᠃
《TCL ᠬᠦᠰᠡᠯ ᠢᠨᠵᠧᠨᠧᠷᠢᠩ᠎ᠤᠨ ᠱᠠᠩᠨᠠᠯ᠎ᠤᠨ ᠲᠥᠯᠥᠪᠯᠡᠭᠡ》 ᠶ᠋ᠢ ᠳᠤᠮᠳᠠᠳᠤ ᠤᠯᠤᠰ᠎ᠤᠨ ᠵᠠᠯᠠᠭᠤᠴᠤᠳ ᠪᠠᠭᠠᠴᠤᠳ᠎ᠤᠨ ᠬᠥᠭ᠌ᠵᠢᠬᠦᠯᠦᠯᠲᠡ᠎ᠶ᠋ᠢᠨ ᠰᠠᠭᠤᠷᠢ ᠮᠥᠩᠭᠦᠨ᠎ᠤ ᠨᠡᠢᠢᠭᠡᠮᠯᠢᠭ ᠬᠢᠭᠡᠳ TCL ᠨᠡᠢᠲᠡ᠎ᠶ᠋ᠢᠨ ᠠᠰᠠᠷᠠᠮᠵᠢ᠎ᠶ᠋ᠢᠨ ᠰᠠᠭᠤᠷᠢ ᠮᠥᠩᠭᠦᠨ᠎ᠤ ᠨᠡᠢᠢᠭᠡᠮᠯᠢᠭ᠎ᠠᠴᠠ ᠬᠠᠮᠲᠤ᠎ᠪᠠᠷ ᠪᠠᠢᠭᠤᠯᠤᠭ᠍ᠰᠠᠨ ᠶᠤᠮ᠃ ᠲᠡᠷᠡ᠎ᠨᠢ ᠮᠠᠨ᠎ᠤ ᠤᠯᠤᠰ᠎ᠤᠨ ᠬᠥᠳᠡᠭᠡ ᠲᠣᠰᠭᠤᠨ᠎ᠤ ᠶᠠᠳᠠᠭᠤ ᠬᠦᠴᠢᠷᠳᠡᠯᠲᠡᠶ ᠭᠠᠵᠠᠷ ᠣᠷᠣᠨ᠎ᠤ ᠰᠠᠭᠤᠷᠢ ᠰᠤᠷᠭᠠᠨ ᠬᠥᠮᠦᠵᠢᠯ᠎ᠤᠨ ᠦᠶ᠋ᠯᠡᠰ᠎ᠲᠤ ᠲᠣᠪᠤᠢᠮ᠎ᠠ ᠵᠢᠳᠬᠦᠯ ᠦᠵᠡᠬᠦᠯᠦᠭ᠌ᠰᠡᠨ ᠬᠦᠳᠡᠭᠡ ᠲᠤᠰᠭᠤᠨ᠎ᠤ ᠪᠠᠭ᠎ᠠ ᠰᠤᠷᠭᠠᠭᠤᠯᠢ᠎ᠶ᠋ᠢᠨ ᠱᠢᠯᠢᠳᠡᠭ ᠪᠠᠭ᠍ᠰᠢ᠎ᠶ᠋ᠢ ᠲᠤᠰᠠᠯᠠᠨ ᠳᠡᠮᠵᠢᠵᠦ᠍᠂ ᠠᠷᠠᠳ᠎ᠤᠨ ᠪᠠᠭ᠍ᠰᠢ᠎ᠶ᠋ᠢᠨ ᠰᠤᠷᠭᠠᠨ ᠬᠥᠮᠦᠵᠢᠯ᠎ᠤᠨ ᠦᠶ᠋ᠯᠡᠰ᠎ᠲᠤ ᠠᠯᠢᠪᠠ᠎ᠪᠠᠨ ᠵᠣᠷᠢᠭᠤᠯᠬᠤ ᠡᠷᠬᠢᠮ ᠳᠡᠭᠡᠳᠦ ᠵᠣᠷᠢᠭ ᠰᠠᠨᠠᠭ᠎ᠠ᠎ᠶ᠋ᠢ ᠪᠠᠳᠠᠷᠠᠭᠤᠯᠤᠨ᠂ ᠪᠠᠭ᠍ᠰᠢ᠎ᠶ᠋ᠢ ᠬᠦᠨᠳᠦᠳᠭᠡᠨ ᠰᠤᠷᠭᠠᠨ ᠬᠥᠮᠦᠵᠢᠯ᠎ᠢ ᠴᠢᠬᠤᠯᠠᠴᠢᠯᠠᠬᠤ᠎ᠶ᠋ᠢ ᠰᠠᠨᠠᠭᠠᠴᠢᠯᠠᠵᠤ᠂ ᠬᠥᠳᠡᠭᠡ ᠲᠣᠰᠭᠤᠨ᠎ᠤ ᠶᠠᠳᠠᠭᠤ ᠬᠦᠴᠢᠷᠳᠡᠯᠲᠡᠶ ᠭᠠᠵᠠᠷ ᠣᠷᠣᠨ᠎ᠤ ᠰᠠᠭᠤᠷᠢ ᠰᠤᠷᠭᠠᠨ ᠬᠥᠮᠦᠵᠢᠯ᠎ᠤᠨ ᠬᠥᠭ᠌ᠵᠢᠯᠲᠡ᠎ᠶ᠋ᠢ ᠬᠠᠯᠠᠮᠵᠢᠯᠠᠨ ᠳᠡᠮᠵᠢᠬᠦ᠌ ᠨᠡᠢᠭᠡᠮ᠎ᠤᠨ ᠬᠡᠪ ᠰᠤᠷᠲᠠᠯ᠎ᠢ ᠪᠤᠢ ᠪᠤᠯᠭᠠᠬᠤ᠎ᠪᠠᠷ ᠵᠤᠷᠢᠯᠲᠠ᠎ᠪᠠᠨ ᠪᠤᠯᠭᠠᠵᠠᠢ᠃
2021 ᠣᠨ᠎ᠤ ᠳᠣᠯᠣᠳᠤᠭᠠᠷ ᠬᠤᠭᠤᠴᠠᠭᠠᠨ᠎ᠤ 《TCL ᠬᠦᠰᠡᠯ ᠢᠨᠵᠧᠨᠧᠷᠢᠩ᠎ᠤᠨ ᠱᠠᠩᠨᠠᠯ᠎ᠤᠨ ᠲᠥᠯᠥᠪᠯᠡᠭᠡ》 ᠨᠢ ᠳᠤᠮᠳᠠᠳᠤ ᠤᠯᠤᠰ᠎ᠤᠨ ᠵᠠᠯᠠᠭᠤᠴᠤᠳ ᠪᠠᠭᠠᠴᠤᠳ᠎ᠤᠨ ᠬᠦᠭ᠌ᠵᠢᠬᠦᠯᠦᠯᠳᠡ᠎ᠶ᠋ᠢᠨ ᠰᠠᠭᠤᠷᠢ ᠮᠥᠩᠭᠦᠨ᠎ᠤ ᠨᠡᠢᠭᠡᠮᠯᠢᠭ᠎ᠤᠨ ᠱᠢᠰᠲ᠋ᠧᠮ᠎ᠤᠨ ᠵᠣᠬᠢᠶᠠᠨ ᠪᠠᠢᠭᠤᠯᠤᠯᠲᠠ᠎ᠶ᠋ᠢᠨ ᠲᠠᠨᠢᠯᠴᠠᠭᠤᠯᠭ᠎ᠠ᠎ᠪᠠᠷ ᠳᠡᠮᠵᠢᠨ᠂ ᠪᠥᠬᠦ᠌ ᠤᠯᠤᠰ᠎ᠤᠨ 23 ᠮᠤᠵᠢ (ᠥᠪᠡᠷᠲᠡᠭᠡᠨ ᠵᠠᠰᠠᠬᠤ ᠣᠷᠣᠨ) ᠶ᠋ᠢᠨ ᠤᠯᠤᠰ᠎ᠤᠨ ᠬᠦᠳᠡᠭᠡ ᠲᠤᠰᠭᠤᠨ᠎ᠢ ᠬᠥᠭ᠌ᠵᠢᠭᠦᠯᠦᠨ ᠮᠠᠨᠳᠤᠭᠤᠯᠬᠤ 523 ᠭᠤᠤᠯᠳᠠᠯᠭ᠎ᠠ᠎ᠲᠠᠢ ᠬᠠᠪᠰᠤᠷᠤᠨ ᠲᠡᠳᠬᠦᠬᠦ᠌ ᠱᠢᠶᠠᠨ ᠪᠠ ᠬᠡᠷ᠎ᠲᠡᠭᠡᠨ ᠬᠤᠴᠣᠷᠤᠭ᠍ᠰᠠᠨ ᠬᠡᠤᠬᠡᠳ ᠬᠠᠷᠢᠴᠠᠩᠭᠤᠶ᠎ᠪᠠᠷ ᠲᠥᠪᠯᠡᠷᠡᠭ᠌ᠰᠡᠨ ᠱᠢᠶᠠᠨ᠎ᠳᠤ ᠬᠠᠨᠳᠤᠭᠤᠯᠤᠨ ᠬᠦᠳᠡᠭᠡ ᠲᠤᠰᠭᠤᠨ᠎ᠤ ᠱᠢᠯᠢᠳᠡᠭ ᠪᠠᠭ᠍ᠰᠢ᠎ᠶ᠋ᠢ ᠱᠢᠯᠢᠨ ᠰᠣᠩᠭᠤᠪᠠ᠃
2013 ᠣᠨ᠎ᠳᠤ 《TCL ᠬᠦᠰᠡᠯ ᠢᠨᠵᠧᠨᠧᠷᠢᠩ᠎ᠤᠨ ᠱᠠᠩᠨᠠᠯ᠎ᠤᠨ ᠲᠥᠯᠥᠪᠯᠡᠭᠡ》 ᠶ᠋ᠢ ᠪᠠᠢᠭᠤᠯᠤᠭ᠍ᠰᠠᠨ᠎ᠠᠴᠠ ᠨᠠᠭᠠᠰᠢ᠂ ᠮᠠᠨ᠎ᠤ ᠣᠷᠣᠨ᠎ᠤ ᠮᠠᠯᠵᠢᠬᠤ ᠲᠠᠷᠢᠶᠠᠯᠠᠬᠤ ᠣᠷᠣᠨ᠎ᠤ ᠰᠤᠷᠭᠠᠨ ᠬᠥᠮᠦᠵᠢᠯ᠎ᠤᠨ ᠨᠢᠭᠡᠳᠦᠭᠡᠷ ᠹᠷᠣᠨᠲ᠎ᠲᠤ ᠠᠵᠢᠯᠯᠠᠵᠤ ᠪᠠᠢᠭ᠎ᠠ 124 ᠱᠢᠯᠢᠳᠡᠭ ᠪᠠᠭ᠍ᠰᠢ ᠲᠣᠰ ᠱᠠᠩᠨᠠᠯ᠎ᠢ ᠭᠥᠷᠳᠡᠪᠡ᠃ ᠦᠪᠡᠷᠲᠡᠭᠡᠨ ᠵᠠᠰᠠᠬᠤ ᠤᠷᠤᠨ᠎ᠤ ᠵᠠᠯᠠᠭᠤᠴᠤᠳ ᠪᠠᠭᠠᠴᠤᠳ᠎ᠤᠨ ᠬᠦᠭ᠌ᠵᠢᠬᠦᠯᠦᠯᠳᠡ᠎ᠶ᠋ᠢᠨ ᠰᠠᠭᠤᠷᠢ ᠮᠦᠩᠬᠦᠨ᠎ᠤ ᠨᠡᠢᠢᠭᠡᠮᠯᠢᠭ᠎ᠤᠨ ᠬᠠᠮᠢᠶ᠎ᠠ ᠪᠦᠬᠦᠢ ᠬᠠᠷᠢᠭᠤᠴᠠᠯᠭᠠᠲᠠᠨ᠎ᠠᠴᠠ᠄ 《ᠱᠢᠨ᠎ᠡ ᠴᠠᠭ ᠦᠶ᠎ᠡ᠎ᠶ᠋ᠢᠨ ᠦᠪᠦᠷ ᠮᠤᠩᠭᠤᠯ᠎ᠤᠨ 〈ᠬᠦᠰᠡᠯ ᠢᠨᠵᠧᠨᠧᠷᠢᠩ〉 ᠴᠦ᠍ ᠥᠪᠡᠷᠲᠡᠭᠡᠨ ᠵᠠᠰᠠᠬᠤ ᠣᠷᠣᠨ᠎ᠤ ᠮᠠᠯᠵᠢᠬᠤ ᠲᠠᠷᠢᠶᠠᠯᠠᠬᠤ ᠣᠷᠣᠨ᠎ᠤ ᠰᠤᠷᠭᠠᠨ ᠬᠥᠮᠦᠵᠢᠯ᠎ᠤᠨ ᠦᠢᠯᠡᠰ᠎ᠤᠨ ᠬᠥᠭ᠌ᠵᠢᠯᠲᠡ᠎ᠶ᠋ᠢᠨ ᠱᠢᠨ᠎ᠡ ᠪᠠᠢᠳᠠᠯ᠎ᠳᠤ ᠵᠣᠬᠢᠴᠠᠵᠤ᠂ ᠦᠷᠭᠦᠯᠵᠢᠯᠡᠨ ᠬᠡᠯᠪᠡᠷᠢ᠎ᠶ᠋ᠢᠨ ᠱᠢᠨ᠎ᠡ᠎ᠶ᠋ᠢ ᠡᠭᠦᠳᠴᠦ᠍᠂ ᠪᠠᠭ᠍ᠰᠢ᠎ᠶ᠋ᠢᠨ ᠪᠣᠯᠪᠠᠰᠤᠷᠠᠭᠤᠯᠤᠯ᠎ᠢ ᠴᠢᠩᠭᠠᠳᠭᠠᠨ᠂ ᠰᠤᠷᠭᠠᠨ ᠬᠥᠮᠦᠵᠢᠯ᠎ᠤᠨ ᠨᠡᠢᠲᠡ᠎ᠶ᠋ᠢᠨ ᠠᠰᠠᠷᠠᠮᠵᠢ᠎ᠶ᠋ᠢᠨ ᠡᠬᠢ ᠪᠠᠶᠠᠯᠢᠭ᠎ᠤᠨ ᠬᠥᠳᠡᠭᠡ ᠲᠣᠰᠭᠤᠨ᠂ ᠬᠠᠷᠢᠴᠠᠩᠭᠤᠶ ᠶᠠᠳᠠᠭᠤ ᠬᠦᠴᠢᠷᠳᠡᠯᠲᠡᠶ ᠭᠠᠵᠠᠷ ᠣᠷᠣᠨ ᠳᠠᠢᠢᠰᠢ ᠱᠢᠯᠵᠢᠬᠦ᠌᠎ᠶ᠋ᠢ ᠠᠬᠢᠭᠤᠯᠵᠤ᠂ ᠨᠠᠩ ᠣᠯᠠᠨ ᠬᠡᠤᠬᠡᠳ᠎ᠲᠤ ᠨᠠᠩ ᠴᠢᠨᠠᠷ ᠰᠠᠢᠲᠠᠶ ᠨᠠᠩ ᠲᠥᠪ ᠭᠤᠤᠯᠴᠢ ᠰᠤᠷᠭᠠᠨ ᠬᠥᠮᠦᠵᠢᠯ ᠬᠦᠷᠲᠡᠭᠡᠬᠦ᠌᠎ᠪᠠᠷ ᠴᠢᠷᠮᠠᠢᠵᠤ᠂ ᠮᠠᠨ᠎ᠤ ᠣᠷᠣᠨ᠎ᠤ ᠬᠦᠳᠡᠭᠡ ᠲᠤᠰᠭᠤᠨ᠎ᠢ ᠬᠥᠭ᠌ᠵᠢᠭᠦᠯᠦᠨ ᠮᠠᠨᠳᠤᠭᠤᠯᠬᠤ᠎ᠳᠤ ᠬᠦᠴᠦᠨ ᠨᠡᠮᠡᠷᠢᠯᠡᠨ᠎ᠡ》 ᠬᠡᠵᠦ᠍ ᠬᠡᠯᠡᠪᠡ᠃