ᠬᠡᠪ ᠲᠠᠭᠤᠷᠢᠶᠠᠯ ᠪᠣᠯ ᠬᠠᠮᠤᠬ᠎ᠤᠨ ᠰᠠᠢᠨ ᠬᠦᠮᠦᠵᠢᠯ ᠮᠦᠨ
2021-08-30 16:12:15
ᠵᠣᠬᠢᠶᠠᠭ᠍ᠴᠢ᠄
ᠸᠠᠩ ᠱᠢᠶᠣᠣ ᠮᠢᠩ
ᠣᠩᠱᠢᠭ᠍ᠰᠠᠨ ᠣᠳᠠᠭ᠎ᠠ᠄
★★★☆☆

ᠦᠨᠦᠲᠦᠷ ᠬᠦᠮᠦᠰ ᠬᠡᠦᠬᠡᠳ᠎ᠤᠨ ᠬᠦᠮᠦᠵᠢᠯ᠎ᠤᠨ ᠲᠣᠬᠠᠢ ᠣᠯᠠᠮ᠎ᠠᠴᠠ ᠣᠯᠠᠮ ᠠᠩᠬᠠᠷᠣᠨ ᠰᠠᠨᠠᠭᠠᠱᠢᠷᠠᠬᠤ ᠪᠣᠯᠪᠠ᠃ ᠡᠨᠡ ᠴᠦ᠍ ᠶᠠᠭᠠᠬᠢᠬᠤ ᠪᠣᠢ᠂ ᠪᠠᠭ᠎ᠠ᠎ᠠᠴᠠ ᠬᠡᠯᠡᠪᠡᠯ ᠨᠢᠭᠡ ᠭᠡᠷ ᠪᠦᠯᠢ᠂ ᠶᠡᠭᠡ᠎ᠠᠴᠠ ᠦᠬᠦᠯᠡᠪᠡᠯ ᠣᠯᠣᠰ ᠦᠨᠳᠦᠰᠦᠲᠡᠨ᠎ᠤ ᠠᠯᠣᠰ ᠢᠷᠡᠭᠡᠲᠦᠢ᠎ᠲᠠᠢ ᠬᠤᠯᠪᠣᠬ᠍ᠲᠠᠬᠤ ᠲᠣᠮᠦ᠍ ᠶᠠᠪᠣᠲᠠᠯ ᠪᠣᠯᠬᠤ ᠲᠣᠯᠠ ᠬᠦᠮᠦᠨ ᠪᠣᠯᠭᠠᠨ ᠰᠠᠨᠠᠭᠠᠱᠢᠷᠠᠵᠣ ᠰᠡᠳᠭᠢᠯ ᠠᠯᠭᠠᠰᠠᠬᠤ᠎ᠨᠢ ᠵᠦᠢ᠃ ᠡᠢᠨ ᠬᠦ᠌ ᠦᠷ᠎ᠡ ᠬᠡᠦᠬᠡᠳ᠎ᠢᠶᠠᠨ ᠦᠭᠡᠷ᠎ᠡ ᠪᠣᠰᠣᠳ᠎ᠲᠠᠢ ᠮᠦᠷᠦ᠍ ᠵᠡᠷᠭᠡᠴᠡᠨ ᠲᠣᠯᠣᠭᠠᠢ ᠭᠡᠲᠡᠭᠡᠷ ᠶᠠᠪᠣᠭᠤᠯᠬᠤ᠎ᠶ᠋ᠢᠨ ᠲᠣᠰᠠᠲᠠ ᠣᠯᠠᠩᠬᠢ ᠭᠡᠷ᠎ᠤᠨ ᠠᠬᠠᠮᠠᠳ ᠢᠲᠡᠵᠦ᠍ ᠡᠮᠦᠰᠭᠦ᠎ᠪᠠᠨ ᠠᠷᠪᠢᠯᠠᠨ ᠪᠠᠢᠵᠦ᠍ ᠣᠯᠠᠨ ᠵᠦᠢᠯ ᠰᠣᠷᠭᠠᠵᠦ᠍᠂ 《ᠢᠩᠬᠢ ᠴᠢᠩᠬᠢ》 ᠭᠡᠳ ᠡᠳᠦᠷᠵᠢᠨ ᠦᠭᠡᠯᠡᠵᠦ᠍ ᠶᠠᠩᠱᠢᠨ ᠴᠢᠬᠢᠨ᠎ᠳᠤᠨᠢ ᠬᠤᠩᠬᠤ ᠵᠡᠬᠦᠯᠭᠡᠵᠦ᠍ ᠨᠣᠮᠯᠠᠲᠠᠬ ᠣᠴᠢᠷᠲᠠᠢ᠃

ᠶᠡᠷᠦ᠎ᠨᠢ ᠬᠡᠦᠬᠡᠳ᠎ᠤᠨ ᠦᠰᠦᠨ ᠪᠤᠢᠵᠢᠯᠲᠠ᠎ᠳᠤ ᠭᠡᠷ ᠪᠦᠯᠢ᠎ᠶ᠋ᠢᠨ ᠬᠦᠮᠦᠵᠢᠯ᠂ ᠰᠣᠷᠭᠠᠭᠤᠯᠢ᠎ᠶ᠋ᠢᠨ ᠬᠦᠮᠦᠵᠢᠯ᠂ ᠨᠡᠢᠭᠡᠮ᠎ᠤᠨ ᠬᠦᠮᠦᠵᠢᠯ ᠵᠡᠷᠭᠡ ᠣᠯᠠᠨ ᠲᠠᠯ᠎ᠠ ᠬᠤᠯᠪᠣᠬ᠍ᠲᠠᠲᠠᠬ᠃ ᠡᠬᠦᠨ᠎ᠳᠤ ᠭᠡᠷ ᠪᠦᠯᠢ᠎ᠶ᠋ᠢᠨ ᠬᠦᠮᠦᠵᠢᠯ᠂ ᠣᠨᠴᠠᠭᠠᠢᠯᠠᠨ ᠠᠪᠤ ᠡᠵᠢ᠎ᠶ᠋ᠢᠨ ᠦᠭᠡ ᠶᠠᠷᠢᠶ᠎ᠠ᠂ ᠦᠢᠯᠡ ᠠᠵᠢᠯᠯᠠᠭ᠎ᠠ᠂ ᠵᠠᠩ ᠲᠠᠳᠭᠠᠯ᠂ ᠲᠣᠷ᠎ᠠ ᠰᠣᠨᠢᠷᠬᠠᠯ ᠵᠡᠷᠭᠡ᠎ᠨᠢ ᠬᠡᠦᠬᠡᠳ᠎ᠤᠨ ᠦᠰᠦᠨ ᠪᠤᠢᠵᠢᠯᠲᠠ᠎ᠳᠤ ᠱᠢᠢᠳᠪᠦᠷᠢᠯᠡᠬᠦ᠌ ᠴᠢᠨᠠᠷᠲᠠᠢ ᠦᠢᠯᠡᠲᠦᠯ ᠦᠵᠡᠬᠦᠯᠲᠡᠭ ᠪᠢᠯᠡ᠃ ᠰᠡᠳᠭᠢᠴᠡ ᠵᠦᠢ᠎ᠶ᠋ᠢᠨ ᠰᠣᠲᠣᠯᠭᠠᠨ᠎ᠳᠤ ᠬᠠᠷᠠᠭᠤᠯᠣᠬ᠍ᠰᠠᠨ᠎ᠢᠶᠠᠷ᠂ ᠬᠡᠦᠬᠡᠳ ᠪᠠᠭᠠᠴᠣᠳ᠎ᠤᠨ ᠮᠡᠲᠡᠯᠭᠡ ᠪᠣᠯᠣᠨ ᠲᠣᠷᠱᠢᠯᠭ᠎ᠠ᠎ᠶ᠋ᠢᠨ ᠬᠤᠷᠠᠮᠲᠣᠭᠤᠯᠣᠯ ᠬᠤᠮᠰᠠ ᠵᠡᠷᠭᠡ᠎ᠠᠴᠠ ᠱᠢᠯᠲᠠᠭᠠᠯᠠᠨ ᠲᠡᠲᠡ ᠭᠤᠣᠯᠲᠠᠭᠤ ᠲᠠᠭᠤᠷᠢᠶᠠᠬᠤ ᠬᠡᠯᠪᠡᠷᠢ᠎ᠪᠠᠷ ᠲᠠᠮᠵᠢᠭᠤᠯᠣᠨ ᠬᠡᠷᠡᠭ ᠪᠣᠲᠠᠰ᠎ᠢ ᠲᠠᠨᠢᠵᠦ᠍ ᠣᠢᠯᠠᠭᠠᠲᠠᠬ ᠠᠵᠢ᠃ ᠢᠩᠬᠢᠬᠦ᠌᠎ᠳᠡᠭᠡᠨ ᠡᠳᠦᠷ ᠲᠣᠵᠢ ᠬᠠᠮᠲᠣ ᠪᠠᠢᠯᠴᠠᠬᠤ ᠡᠴᠢᠭᠡ ᠡᠭᠡᠴᠦᠦᠯ ᠪᠣᠯ ᠬᠡᠦᠬᠡᠳ᠎ᠤᠨ ᠬᠠᠮᠤᠬ ᠠᠩᠬᠠᠨ᠎ᠤ ᠪᠠᠭ᠍ᠰᠢ ᠪᠣᠯᠬᠤ᠎ᠨᠢ ᠲᠠᠮᠵᠢᠬ ᠦᠭᠡᠢ᠃ ᠬᠡᠦᠬᠡᠳ ᠦᠭᠡ ᠶᠠᠷᠢᠬᠤ᠎ᠠᠴᠠ ᠡᠬᠢᠯᠡᠨ ᠦᠢᠯᠡ ᠬᠦᠲᠡᠯᠦᠯ᠂ ᠣᠪᠣᠷ ᠰᠡᠳᠭᠢᠯᠭᠡ᠂ ᠵᠠᠩ ᠴᠢᠨᠠᠷ ᠬᠦᠷᠲᠡᠯ᠎ᠡ ᠲᠡᠷᠡ᠎ᠲᠠᠢ ᠲᠡᠷᠡ ᠦᠭᠡᠢ ᠠᠪᠤ ᠡᠵᠢ᠎ᠪᠠᠨ ᠠᠩᠬᠠᠷᠴᠦ᠍ ᠲᠠᠭᠤᠷᠢᠶᠠᠲᠠᠬ ᠪᠢᠯᠡ᠃ ᠠᠪᠤ ᠡᠵᠢ᠎ᠨᠢ ᠦᠨᠡᠨᠴᠢ ᠱᠢᠯᠣᠭᠤᠨ᠂ ᠪᠣᠯᠪᠠᠰᠣᠨ ᠶᠣᠰᠣᠷᠬᠠᠬ ᠪᠣᠯ ᠦᠷ᠎ᠡ ᠬᠡᠦᠬᠡᠳ᠎ᠨᠢ ᠴᠦ᠍ ᠲᠠᠭᠤᠷᠢᠶᠠᠵᠦ᠍ ᠴᠠᠢᠯᠭᠠᠨ ᠴᠠᠭᠠᠪᠣᠷ᠂ ᠪᠣᠯᠪᠠᠰᠣᠨ ᠮᠣᠷᠠᠯ᠎ᠲᠠᠢ ᠬᠦᠮᠦᠵᠢᠬᠦ᠌ ᠪᠦᠭᠡᠳ ᠡᠰᠡᠷᠬᠦ᠌᠎ᠪᠠᠷ ᠠᠭᠤᠷᠯᠠᠵᠦ᠍ ᠵᠠᠩᠨᠠᠨ᠂ ᠬᠡᠷᠡᠬᠦᠯ ᠱᠣᠣᠬᠢᠶᠠᠨ ᠲᠠᠰᠣᠷᠠᠬᠤ ᠦᠭᠡᠢ ᠭᠡᠷ ᠪᠦᠯᠢ᠎ᠶ᠋ᠢᠨ ᠣᠷᠴᠢᠨ᠎ᠳᠤ ᠦᠰᠦᠭ᠌ᠰᠡᠨ ᠬᠡᠦᠬᠡᠳ ᠴᠦ᠍ ᠮᠠᠷᠵᠠᠩ ᠵᠠᠩ᠎ᠲᠠᠢ᠂ ᠵᠣᠵᠢᠬ ᠵᠦᠷᠢᠬᠦᠳ ᠬᠦᠮᠦᠵᠢᠬᠦ᠌᠎ᠨᠢ ᠮᠡᠲᠡᠭᠡᠵᠢ᠃ ᠮᠣᠩᠭᠤᠯ ᠠᠷᠠᠳ᠎ᠤᠨ ᠦᠭᠡᠨ᠎ᠳᠤ ᠶᠠᠷᠢᠬ᠍ᠰᠠᠨᠴᠢᠯᠠᠨ 《ᠬᠡᠭᠡᠷ ᠠᠯᠠᠬ᠎ᠠᠴᠠ ᠱᠢᠬᠢᠷ᠎ᠠ ᠠᠯᠠᠬ᠂ ᠬᠡᠯᠲᠡᠩ ᠬᠡᠬᠦᠦ᠎ᠠᠴᠠ ᠱᠣᠪᠲᠣᠩ ᠣᠨᠠᠭ᠎ᠠ》᠂ 《ᠣᠮᠪᠠᠭᠠᠴᠢ᠎ᠶ᠋ᠢᠨ ᠬᠦᠦ ᠱᠣᠮᠪᠠᠭᠠᠴᠢ》 ᠭᠡᠵᠦ᠍ ᠶᠠᠬ ᠡᠨᠡ ᠣᠳᠭ᠎ᠠ᠎ᠶ᠋ᠢ ᠵᠢᠭᠠᠬ᠍ᠰᠠᠨ ᠬᠡᠯᠲᠡᠢ᠃

ᠬᠡᠦᠬᠡᠳ᠎ᠢ᠎ᠨᠢ ᠬᠠᠷᠠᠵᠦ᠍ ᠡᠵᠢ ᠠᠪᠤ᠎ᠶ᠋ᠢ᠎ᠨᠢ ᠲᠣᠯᠢᠲᠠᠲᠠᠬ᠃ ᠶᠣᠰᠣ ᠰᠣᠷᠲᠠᠬᠤᠨ ᠪᠣᠯ ᠨᠢᠭᠡ ᠵᠦᠢᠯ᠎ᠤᠨ ᠦᠷᠲᠡᠭ᠎ᠤᠨ ᠬᠡᠮᠵᠢᠬᠦᠷ ᠪᠣᠯᠬᠤ᠎ᠪᠠᠷ ᠪᠠᠷᠠᠬᠤ ᠦᠬᠡᠢ ᠦᠢᠯᠡ ᠠᠵᠢᠯᠯᠠᠭ᠎ᠠ᠎ᠶ᠋ᠢᠨ ᠲᠦᠷᠢᠮᠵᠢᠯ ᠪᠠᠢᠵᠦ᠍᠂ ᠭᠡᠷ ᠪᠦᠯᠢ᠎ᠶ᠋ᠢᠨ ᠣᠷᠴᠢᠨ ᠲᠣᠭᠤᠷᠢᠨ ᠪᠣᠯᠣᠨ ᠠᠪᠤ ᠡᠵᠢ᠎ᠶ᠋ᠢᠨ ᠦᠭᠡ ᠶᠠᠷᠢᠶ᠎ᠠ ᠦᠢᠯᠡ ᠠᠵᠢᠯᠯᠠᠭ᠎ᠠ᠎ᠨᠢ ᠬᠡᠦᠬᠡᠳ᠎ᠢ ᠱᠢᠭᠤᠳ ᠨᠦᠯᠦᠭᠡᠯᠡᠵᠦ᠍ ᠲᠣᠰᠭᠠᠬ᠍ᠲᠠᠲᠠᠬ᠃ ᠲᠡᠭᠡᠬᠦ᠌᠎ᠳᠡᠭᠡᠨ ᠦᠷ᠎ᠡ ᠬᠡᠦᠬᠡᠳ᠎ᠢᠶᠠᠨ ᠬᠦᠮᠦᠵᠢᠬᠦᠯᠬᠦ᠌᠎ᠶ᠋ᠢᠨ ᠲᠣᠰᠠᠲᠠ ᠡᠵᠢ ᠠᠪᠤ ᠪᠣᠯᠣᠬ᠍ᠰᠠᠳ ᠣᠷᠢᠳ᠎ᠢᠶᠠᠷ ᠦᠪᠡᠷ᠎ᠢ᠎ᠪᠠᠨ ᠴᠢᠮᠪᠠᠢ ᠰᠠᠢᠨ ᠬᠦᠮᠦᠵᠢᠬᠦᠯᠬᠦ᠌ ᠬᠡᠷᠡᠭ᠌ᠲᠡᠢ᠃ ᠡᠩ᠎ᠤᠨ ᠴᠠᠬ᠎ᠲᠤ ᠲᠦᠷᠢᠮ ᠲᠣᠬ᠍ᠲᠠᠭᠠᠯ ᠲᠣᠬ᠍ᠲᠠᠭᠠᠵᠦ᠍᠂ ᠵᠢᠷᠣᠮᠯᠠᠵᠦ᠍ ᠰᠠᠬᠢᠬᠤ᠎ᠶ᠋ᠢ ᠣᠯᠠᠮᠵᠢᠯᠠᠬᠤ᠎ᠪᠠᠷ ᠪᠠᠷᠠᠬᠤ ᠦᠭᠡᠢ ᠦᠪᠡᠷ᠎ᠢᠶᠠᠨ ᠴᠦ᠍ ᠲᠡᠷᠡ ᠶᠣᠰᠣᠭᠠᠷ ᠬᠢᠵᠦ᠍ ᠬᠦᠢᠴᠡᠳᠭᠡᠬᠦ᠌᠎ᠨᠢ ᠴᠢᠬᠤᠯᠠ᠃ ᠬᠡᠦᠬᠡᠳ᠎ᠢ ᠠᠯᠪᠠᠲᠠᠵᠦ᠍ ᠨᠣᠮ ᠣᠩᠱᠢᠬᠤ ᠲᠠᠳᠭᠠᠯ᠎ᠲᠠᠢ ᠪᠣᠯᠭᠠᠨ ᠬᠦᠮᠦᠵᠢᠬᠦᠯᠬᠦ᠌ ᠭᠡᠳ ᠦᠪᠡᠰᠦᠪᠡᠨ ᠬᠠᠷᠢᠨ ᠡᠳᠦᠷᠵᠢᠨ ᠭᠠᠷ ᠣᠲᠠᠰᠣ ᠱᠠᠭᠠᠢᠵᠦ᠍᠂ ᠲᠧᠯᠧᠢᠰ ᠰᠦᠯᠵᠢᠶ᠎ᠠ᠎ᠠᠴᠠ ᠰᠠᠯᠵᠦ᠍ ᠴᠢᠲᠠᠬᠤ ᠦᠭᠡᠢ ᠪᠣᠯ ᠱᠠᠯ ᠲᠡᠮᠡᠢ ᠬᠡᠷᠡᠭ ᠪᠣᠯᠣᠨ᠎ᠠ᠃ ᠢᠩᠬᠢᠵᠦ᠍ ᠦᠭᠡᠯᠡᠵᠦ᠍ ᠨᠣᠮᠯᠠᠬᠤ ᠪᠠ ᠦᠢᠯᠡ ᠠᠵᠢᠯᠯᠠᠭ᠎ᠠ᠎ᠶ᠋ᠢ ᠨᠢᠭᠡᠲᠦᠬᠦᠯᠵᠦ᠍᠂ ᠦᠪᠡᠰᠦᠪᠡᠨ ᠲᠦᠷᠦᠬᠦᠯᠡᠨ ᠬᠡᠪ ᠲᠠᠭᠤᠷᠢᠶᠠᠯ ᠦᠵᠡᠬᠦᠯᠵᠦ᠍᠂ ᠬᠡᠦᠬᠡᠳ᠎ᠢ ᠬᠦᠮᠦᠵᠢᠬᠦᠯᠪᠡᠯ ᠰᠠᠶᠢ ᠨᠡᠩ ᠶᠡᠭᠡ ᠢᠲᠡᠭᠡᠬᠦᠯᠬᠦ᠌ ᠬᠦᠴᠦᠨ ᠪᠠ ᠨᠦᠯᠦᠭᠡᠯᠡᠬᠦ᠌ ᠬᠦᠴᠦᠨ᠎ᠲᠠᠢ ᠪᠣᠯᠬᠤ ᠶᠣᠮ᠃

ᠬᠡᠦᠬᠡᠳ ᠬᠦᠮᠦᠵᠢᠬᠦᠯᠦᠨ᠎ᠠ ᠭᠡᠳ ᠬᠦᠵᠦᠬᠦᠦ ᠰᠣᠩᠭᠠᠵᠦ᠍ ᠵᠢᠳᠭᠦᠭ᠌ᠰᠡᠨ ᠭᠡᠷ᠎ᠤᠨ ᠠᠬᠠᠮᠠᠳ ᠣᠷᠢᠳ᠎ᠢᠶᠠᠷ ᠦᠪᠡᠷ᠎ᠢ᠎ᠪᠠᠨ ᠬᠦᠮᠦᠵᠢᠬᠦᠯᠵᠦ᠍᠂ ᠬᠡᠦᠬᠡᠳ᠎ᠲᠡᠭᠡᠨ ᠬᠡᠪ ᠲᠠᠭᠤᠷᠢᠶᠠᠯ ᠦᠵᠡᠬᠦᠯᠬᠦ᠌᠎ᠶ᠋ᠢ ᠬᠢᠴᠢᠶᠡᠵᠦ᠍ ᠰᠡᠳᠭᠢᠬᠦᠱᠢᠲᠡᠢ᠃ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号