
ᠤᠷᠠᠯᠢᠭ᠎ᠤᠨ ᠴᠢᠯᠦᠭᠡᠳᠦ ᠬᠠᠷᠭᠤᠢ᠎ᠳᠤ ᠤᠷ᠎ᠠ ᠤᠬᠠᠭᠠᠨ᠎ᠢᠶᠠᠨ ᠰᠤᠷᠢᠵᠤ ᠶᠠᠪᠤᠭ᠎ᠠ ᠤᠷᠠᠨ ᠪᠢᠴᠢᠯᠭᠡᠳᠡᠨ ᠪᠦᠦ ᠪᠦᠦ ᠵᠦ᠍ (ᠳᠤᠯᠭᠠᠭᠤᠷᠢ)᠂ 1971 ᠣᠨ᠎ᠳᠤ ᠬᠢᠩᠭᠠᠨ ᠠᠢᠮᠠᠭ᠎ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠱᠢᠭᠤᠨ᠎ᠤ ᠪᠠᠶᠠᠨᠮᠠᠩᠬ᠎ᠠ ᠰᠤᠮᠤᠨ᠎ᠳᠤ ᠳᠦᠷᠦᠵᠡᠶ᠃ ᠲᠡᠷᠡ 1994 ᠣᠨ᠎ᠤ 9 ᠰᠠᠷ᠎ᠠ᠎ᠳᠤ ᠬᠠᠢᠯᠠᠷ᠎ᠤᠨ ᠪᠠᠭ᠍ᠰᠢ᠎ᠶ᠋ᠢᠨ ᠲᠤᠰᠭᠠᠶ ᠮᠡᠷᠭᠡᠵᠢᠯ᠎ᠤᠨ ᠰᠤᠷᠭᠠᠭᠤᠯᠢ᠎ᠶ᠋ᠢᠨ ᠮᠣᠩᠭᠤᠯ ᠬᠡᠯᠡ ᠤᠳᠭ᠎ᠠ ᠵᠣᠬᠢᠶᠠᠯ᠎ᠤᠨ ᠰᠠᠯᠪᠤᠷᠢ᠎ᠠᠴᠠ ᠲᠡᠭᠦᠰᠴᠦ᠍᠂ 2001 ᠣᠨ᠎ᠳᠤ ᠥᠪᠥᠷ ᠮᠣᠩᠭᠤᠯ᠎ᠤᠨ ᠦᠨᠳᠦᠰᠦᠲᠡᠨ᠎ᠤ ᠶᠡᠭᠡ ᠰᠤᠷᠭᠠᠭᠤᠯᠢ᠎ᠶ᠋ᠢᠨ ᠮᠣᠩᠭᠤᠯ ᠬᠡᠯᠡ ᠤᠳᠭ᠎ᠠ ᠵᠣᠬᠢᠶᠠᠯ᠎ᠤᠨ ᠰᠠᠯᠪᠤᠷᠢ᠎ᠠᠴᠠ ᠲᠡᠭᠦᠰᠴᠡᠶ᠃ ᠲᠡᠷᠡ᠎ᠪᠠᠷ ᠤᠳᠤ ᠥᠪᠥᠷ ᠮᠣᠩᠭᠤᠯ᠎ᠤᠨ ᠤᠷᠠᠨ ᠪᠢᠴᠢᠯᠬᠡᠴᠢᠳ᠎ᠤᠨ ᠨᠡᠢᠭᠡᠮᠯᠢᠭ᠎ᠤᠨ ᠭᠡᠱᠢᠭᠦᠨ᠂ ᠬᠥᠯᠥᠨ ᠪᠤᠢᠷ ᠬᠤᠳᠠ᠎ᠶ᠋ᠢᠨ ᠤᠷᠠᠨ ᠪᠢᠴᠢᠯᠬᠡᠴᠢᠳ᠎ᠤᠨ ᠨᠡᠢᠭᠡᠮᠯᠢᠭ᠎ᠤᠨ ᠳᠡᠳ᠋ ᠲᠡᠷᠢᠭᠦᠯᠡᠭ᠌ᠴᠢ᠂ ᠬᠥᠯᠥᠨ ᠪᠤᠢᠷ ᠬᠤᠳᠠ᠎ᠶ᠋ᠢᠨ ᠰᠣᠶᠣᠯ᠎ᠢ ᠠᠬᠢᠭᠤᠯᠬᠤ ᠨᠡᠢᠭᠡᠮᠯᠢᠭ᠎ᠤᠨ ᠬᠡᠷᠡᠭ ᠡᠷᠬᠢᠯᠡᠭ᠌ᠴᠢ᠂ ᠵᠡᠷᠬᠡ ᠨᠠᠢᠬᠡᠮ᠎ᠤᠨ ᠡᠬᠦᠷᠬᠡ ᠲᠤᠱᠢᠶᠠᠯ᠎ᠢ ᠬᠠᠷᠢᠭᠤᠴᠠᠵᠤ᠂ ᠤᠷᠠᠨ ᠪᠢᠴᠢᠯᠭᠡ᠎ᠪᠠᠷ᠎ᠢᠶᠠᠨ ᠤᠯᠤᠰ ᠤᠷᠤᠨ᠎ᠤ ᠱᠠᠩᠨᠠᠯ ᠬᠦᠬᠢᠬᠦᠯᠦᠯ᠎ᠢ ᠤᠯᠠᠨᠳᠠ ᠬᠦᠷᠳᠡᠭ᠌ᠰᠡᠨ ᠬᠦᠯᠦᠨ ᠪᠤᠢᠷ ᠬᠤᠳᠠ᠎ᠶ᠋ᠢᠨ ᠮᠤᠩᠭᠤᠯ ᠤᠷᠠᠨ ᠪᠢᠴᠢᠯᠭᠡ᠎ᠶ᠋ᠢᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠤᠯᠠᠮᠵᠢᠯᠠᠭ᠍ᠴᠢ ᠪᠤᠯᠬᠤ ᠶᠤᠮ᠃


ᠪᠤᠤ ᠪᠤᠤ ᠵᠦ᠍ ᠭᠡᠷ ᠪᠦᠯᠢ᠎ᠶ᠋ᠢᠨ ᠨᠦᠯᠦᠭᠡ ᠪᠤᠯᠤᠨ ᠦᠪᠡᠷ᠎ᠤᠨ ᠤᠷ᠎ᠠ ᠠᠪᠢᠶᠠᠰᠢᠶᠠᠷᠢᠶᠠᠨ ᠪᠢᠷ ᠪᠡᠬᠡᠰ᠎ᠲᠠᠢ ᠨᠦᠬᠦᠷᠯᠡᠨ ᠮᠣᠩᠭᠤᠯ ᠤᠷᠠᠨ ᠪᠢᠴᠢᠯᠭᠡ᠂ ᠲᠠᠮᠠᠭ᠎ᠠ ᠰᠡᠢᠯᠦᠮᠡᠯ᠎ᠤᠨ ᠤᠷᠠᠯᠢᠭ᠎ᠤᠨ ᠬᠠᠷᠭᠤᠢ᠎ᠪᠠᠷ ᠵᠤᠷᠢᠭ᠍ᠳᠠᠢ ᠲᠡᠮᠡᠤᠯᠵᠦ᠍᠂ ᠤᠷᠠᠨ ᠪᠢᠴᠢᠯᠭᠡ᠎ᠶ᠋ᠢᠨ ᠬᠦᠷᠢᠶ᠎ᠠ ᠴᠠᠷᠠᠭ᠎ᠠ᠎ᠳᠤ ᠠᠮᠵᠢᠯᠳᠠ᠎ᠪᠠᠷ ᠭᠠᠨᠵᠤᠭ᠎ᠠ ᠲᠦᠭᠦᠷᠡᠩ ᠪᠠᠢᠭ᠎ᠠ ᠶᠤᠮ᠃ ᠲᠡᠷᠡ᠎ᠪᠠᠷ 《ᠬᠠᠷᠠᠨᠳᠠ ᠪᠤᠯᠤᠳ ᠪᠢᠷ᠎ᠤᠨ ᠲᠠᠪᠤᠨ ᠱᠤᠭᠤᠮᠳᠥ ᠪᠠᠷᠢᠮᠵᠢᠶᠠᠳᠥ ᠪᠢᠴᠢᠯᠬᠡ》 ᠪᠠ 《ᠮᠤᠩᠭᠤᠯ ᠦᠰᠥᠨ ᠪᠢᠷ᠎ᠤᠨ ᠬᠢᠴᠢᠶᠠᠩᠬᠦᠢ ᠲᠢᠭ》 ᠭᠡᠬᠦ᠌ ᠬᠤᠶᠠᠷ ᠵᠢᠭᠠᠬᠤ ᠮᠠᠲ᠋ᠧᠷᠢᠶᠠᠯ᠎ᠢ ᠨᠠᠢᠷᠠᠭᠤᠯᠤᠨ ᠪᠢᠴᠢᠪᠡ᠃ 《ᠬᠠᠸᠠᠩᠵᠠᠪ᠎ᠤᠨ ᠲᠦᠪ ᠪᠢᠴᠢᠯᠬᠡ》᠂ 《ᠪᠣᠣᠱᠠᠨᠤ ᠲᠦᠪ ᠪᠢᠴᠢᠯᠬᠡ》᠂ 《ᠡᠷᠳᠡᠨᠢᠪᠦ᠋ᠭᠡᠶ᠋ᠢᠨ ᠲᠦᠪ ᠪᠢᠴᠢᠯᠬᠡ》 ᠵᠡᠷᠭᠡ 《ᠮᠣᠩᠭᠤᠯ ᠰᠤᠳᠤᠨ ᠤᠷᠠᠨ ᠪᠢᠴᠢᠯᠬᠡ᠎ᠶ᠋ᠢᠨ ᠲᠠᠭᠤᠷᠢᠶᠠᠮᠠᠯ ᠪᠢᠴᠢᠯᠬᠡ᠎ᠶ᠋ᠢᠨ ᠴᠤᠪᠤᠷᠠᠯ》 ᠢ ᠡᠮᠬᠢᠳᠭᠡᠨ ᠨᠠᠢᠷᠠᠭᠤᠯᠵᠤ᠂ ᠬᠥᠯᠥᠨ ᠪᠤᠢᠷ ᠶᠡᠭᠡ ᠰᠤᠷᠭᠠᠭᠤᠯᠢ᠎ᠶ᠋ᠢᠨ ᠤᠷᠠᠨ ᠵᠢᠷᠤᠭ᠎ᠤᠨ ᠲᠠᠬᠡᠳᠤ ᠰᠤᠷᠭᠠᠭᠤᠯᠢ᠎ᠶ᠋ᠢᠨ ᠮᠣᠩᠭᠤᠯ ᠤᠷᠠᠨ ᠪᠢᠴᠢᠯᠭᠡ᠎ᠶ᠋ᠢᠨ ᠠᠩᠬᠢ᠎ᠶ᠋ᠢᠨ ᠵᠢᠭᠠᠬᠤ ᠮᠠᠲ᠋ᠧᠷᠢᠶᠠᠯ ᠪᠤᠯᠭᠠᠨ ᠬᠡᠷᠡᠭ᠌ᠯᠡᠵᠡᠢ᠃
ᠦᠢᠷ᠎ᠠ᠎ᠳᠤ ᠪᠤᠤ ᠪᠤᠤ ᠵᠦ᠍ ᠨᠦᠬᠦᠷ ᠪᠠᠰᠠ ᠨᠠᠮ ᠪᠠᠢᠭᠤᠯᠤᠭ᠍ᠳᠠᠭ᠍ᠰᠠᠨ ᠵᠠᠭᠤᠨ ᠵᠢᠯ᠎ᠤᠨ ᠤᠢ᠎ᠳᠤ ᠵᠤᠷᠢᠭᠤᠯᠤᠨ 《ᠳᠤᠮᠳᠠᠲᠤ᠎ᠶ᠋ᠢᠨ ᠰᠠᠢᠬᠠᠨ ᠰᠤᠷᠲᠠᠯ ᠰᠤᠳᠤᠨ ᠰᠤᠷᠭᠠᠯ》 ᠪᠠ 《ᠲᠤᠮᠳᠠᠳᠤ ᠤᠯᠤᠰ᠎ᠤᠨ ᠡᠪ ᠬᠠᠮᠳᠤ ᠨᠠᠮ ᠪᠠᠢᠭᠤᠯᠤᠭ᠍ᠳᠠᠭ᠍ᠰᠠᠨ ᠵᠠᠭᠤᠨ ᠵᠢᠯ᠎ᠤᠨ ᠤᠬᠠᠭᠤᠯᠭ᠎ᠠ᠎ᠶ᠋ᠢᠨ ᠤᠷᠢᠶ᠎ᠠ ᠯᠤᠽᠦᠩ》 ᠭᠡᠬᠦ᠌ ᠬᠤᠶᠠᠷ ᠨᠤᠮ᠎ᠢ ᠪᠢᠴᠢᠵᠦ᠍ ᠭᠠᠷᠭᠠᠪᠠ᠃ ᠡᠭᠦᠨ᠎ᠳᠤ᠂ 《ᠳᠤᠮᠳᠠᠲᠤ᠎ᠶ᠋ᠢᠨ ᠰᠠᠢᠬᠠᠨ ᠰᠤᠷᠲᠠᠯ ᠰᠤᠳᠤᠨ ᠰᠤᠷᠭᠠᠯ》 ᠭᠡᠬᠦ᠌ ᠨᠤᠮ᠎ᠨᠢ ᠭᠤᠤᠯᠳᠠᠭᠤ ᠳᠤᠮᠳᠠᠲᠤ᠎ᠶ᠋ᠢᠨ ᠦᠨᠳᠦᠰᠦᠲᠡᠨ᠎ᠤ ᠬᠡᠳᠦᠨ ᠮᠢᠩᠭᠠᠨ ᠵᠢᠯ᠎ᠤᠨ ᠬᠤᠭᠤᠴᠠᠭᠠᠨ᠎ᠤ ᠦᠢᠯᠡᠳᠦᠯᠭᠡ ᠠᠮᠢᠳᠤᠷᠠᠯ᠎ᠤᠨ ᠳᠤᠮᠳᠠ ᠪᠦᠷᠢᠯᠳᠦᠵᠦ᠍ ᠬᠦᠭ᠌ᠵᠢᠭ᠌ᠰᠡᠨ ᠰᠤᠶᠤᠯ᠂ ᠲᠡᠤᠬᠡ᠂ ᠬᠦᠨ ᠤᠬᠠᠭᠠᠨ᠂ ᠤᠯᠤᠰ ᠲᠦᠷᠦ᠍ ᠵᠡᠷᠭᠡ ᠤᠯᠠᠨ ᠬᠦᠷᠢᠶ᠎ᠡ ᠬᠡᠪᠴᠢᠶ᠎ᠡ᠎ᠶ᠋ᠢ ᠬᠠᠮᠤᠷᠤᠭ᠍ᠰᠠᠨ ᠰᠤᠩᠭᠤᠳᠠᠭ ᠰᠤᠷᠭᠠᠯ ᠦᠬᠦᠯᠡᠪᠦᠷᠢ᠎ᠶ᠋ᠢ ᠰᠤᠩᠭᠤᠨ ᠤᠷᠤᠭᠤᠯᠵᠤ᠂ ᠮᠤᠷᠠᠯ᠎ᠤᠨ ᠬᠦᠮᠦᠵᠢᠯ᠎ᠤᠨ ᠳᠡᠰ ᠳᠠᠷᠠᠭ᠎ᠠ᠎ᠪᠠᠷ ᠮᠠᠷᠠᠢᠯᠳᠠ ᠴᠢᠷᠮᠠᠢᠯᠳᠠ᠂ ᠦᠨᠡᠨᠴᠢ ᠢᠳᠡᠭᠡᠯ᠂ ᠦᠷᠦᠱᠢᠶᠡᠯ ᠵᠢᠷᠤᠮ᠂ ᠪᠢᠯᠢᠭ ᠪᠠᠭᠠᠳᠤᠷ᠂ ᠲᠦᠪ ᠰᠤᠷᠲᠠᠯ᠂ ᠠᠴᠢᠯᠠᠯ ᠡᠨᠡᠷᠢᠯ᠂ ᠴᠡᠪᠡᠷ ᠢᠴᠢᠮᠡᠳᠡᠭᠡᠢ᠂ ᠶᠤᠰᠤᠯᠠᠯ ᠬᠦᠨᠳᠤᠯᠠᠯ᠂ ᠠᠵᠢᠯᠴᠢ ᠠᠷᠪᠢᠴᠢ᠂ ᠠᠮᠤᠭᠤᠯᠠᠩ ᠨᠠᠢᠷᠠᠮᠳᠠᠭᠤ ᠬᠡᠵᠦ᠍ ᠠᠷᠪᠠᠨ ᠪᠦᠯᠦᠭ ᠬᠤᠪᠢᠶᠠᠵᠠᠢ᠃ ᠪᠦᠯᠦᠭ ᠪᠦᠷᠢ᠎ᠳᠤ ᠲᠤᠬᠠᠢ᠎ᠶ᠋ᠢᠨ ᠲᠡᠥᠬᠡᠨ ᠴᠠᠭ ᠦᠶ᠎ᠡ᠎ᠶ᠋ᠢᠨ ᠲᠠᠮᠠᠭ᠎ᠠ᠎ᠶ᠋ᠢ ᠰᠡᠢᠯᠵᠤ᠂ ᠬᠢᠲᠠᠳ ᠮᠤᠩᠭᠤᠯ ᠬᠤᠶᠠᠷ ᠬᠡᠯᠡ᠎ᠪᠠᠷ ᠪᠢᠴᠢᠵᠤ ᠨᠠᠢᠷᠠᠭᠤᠯᠤᠭ᠍ᠰᠠᠨ ᠪᠠᠢᠨ᠎ᠠ᠃
— ᠲᠤᠰ ᠨᠤᠮ᠎ᠳᠤ ᠰᠤᠩᠭᠤᠨ ᠤᠷᠤᠭᠤᠯᠤᠭ᠍ᠰᠠᠨ ᠵᠠᠭᠤᠨ ᠵᠤᠷᠪᠤᠰ ᠰᠤᠳᠤᠨ ᠰᠤᠷᠭᠠᠯ᠎ᠨᠢ ᠨᠡᠢᠬᠡᠮ ᠨᠡᠢᠲᠡ᠎ᠳᠤ ᠠᠯᠳᠠᠷᠳᠠᠢ ᠳᠡᠤᠬᠡ ᠰᠤᠶᠤᠯ᠎ᠤᠨ ᠡᠷᠳᠡᠮᠳᠡᠨ ᠨᠠᠷ ᠰᠤᠩᠭᠤᠨ ᠳᠠᠢᠯᠪᠤᠷᠢᠯᠠᠵᠠᠢ᠃ ᠡᠢᠮᠤ᠎ᠠᠴᠠ ᠳᠤᠰ ᠨᠤᠮ ᠪᠤᠯ ᠤᠯᠤᠰ᠎ᠤᠨ ᠠᠯᠪᠠᠳᠠᠨ᠂ ᠵᠠᠯᠠᠭᠤ ᠪᠠᠭᠠᠴᠤᠳ ᠪᠤᠯᠤᠨ ᠡᠯ᠎ᠡ ᠡᠳᠡᠭᠡᠳ᠎ᠤᠨ ᠬᠦᠮᠦᠰ᠎ᠤᠨ ᠳᠤᠮᠳᠠᠳᠤ᠎ᠶ᠋ᠢᠨ ᠤᠯᠠᠮᠵᠢᠯᠠᠯᠳᠤ ᠰᠠᠢᠬᠠᠨ ᠰᠤᠷᠳᠠᠯ᠎ᠢ ᠰᠤᠷᠤᠯᠴᠠᠨ ᠦᠢᠯᠡᠳᠦᠯᠭᠡᠵᠢᠬᠦᠯᠬᠦ᠂ ᠲᠦᠭᠡᠮᠡᠯᠵᠢᠬᠦᠯᠬᠦ᠌ ᠴᠢᠨᠠᠷᠳᠠᠢ ᠤᠩᠱᠢᠬᠤ ᠪᠢᠴᠢᠭ ᠪᠤᠯᠤᠨ᠎ᠠ᠂ ᠲᠤᠮᠳᠠᠳᠤ ᠪᠠᠭ᠎ᠠ ᠰᠤᠷᠭᠠᠭᠤᠯᠢ᠎ᠶ᠋ᠢᠨ ᠪᠠᠭ᠍ᠰᠢ ᠨᠠᠷ ᠵᠢᠭᠠᠨ ᠰᠤᠷᠭᠠᠯᠳᠠ᠎ᠳᠠᠭᠠᠨ ᠯᠠᠪᠯᠠᠯᠳᠠ ᠪᠤᠯᠭᠠᠵᠤ ᠴᠦ᠍ ᠪᠤᠯᠤᠨ᠎ᠠ ᠭᠡᠵᠤ ᠪᠤᠤ ᠪᠤᠤ ᠵᠦ᠍ ᠲᠠᠢᠯᠪᠤᠷᠢᠯᠠᠨ᠎ᠠ᠃
《ᠵᠠᠭᠤᠨ ᠵᠢᠯ᠎ᠤᠨ ᠤᠬᠠᠭᠤᠯᠭ᠎ᠠ᠎ᠶ᠋ᠢᠨ ᠤᠷᠢᠶ᠎ᠠ ᠯᠤᠽᠦᠩ》 ᠭᠡᠰᠡᠨ ᠨᠤᠮ᠎ᠳᠤ ᠵᠠᠭᠤᠨ ᠤᠷᠢᠶ᠎ᠠ ᠯᠤᠽᠦᠩᠢ ᠨᠠᠢᠷᠠᠭᠤᠯᠵᠤ ᠪᠢᠴᠢᠪᠡ᠃ ᠲᠤᠰ ᠨᠤᠮ᠎ᠢ ᠪᠠᠰᠠ ᠬᠢᠲᠠᠳ ᠮᠤᠩᠭᠤᠯ ᠬᠤᠶᠠᠷ ᠬᠡᠯᠡ᠎ᠪᠠᠷ ᠪᠢᠴᠢᠵᠦ᠍᠂ ᠭᠤᠤᠯᠳᠠᠭᠤ ᠳᠤᠮᠳᠠᠲᠤ ᠤᠯᠤᠰ᠎ᠤᠨ ᠡᠪ ᠬᠠᠮᠲᠤ ᠨᠠᠮ᠎ᠤᠨ ᠵᠠᠭᠤᠨ ᠵᠢᠯ᠎ᠤᠨ ᠬᠦᠭ᠌ᠵᠢᠯᠲᠡ᠎ᠶ᠋ᠢᠨ ᠶᠠᠪᠤᠴᠠ᠎ᠳᠤ ᠪᠦᠷᠢᠯᠳᠦᠵᠦ᠍ ᠬᠦᠭ᠌ᠵᠢᠭ᠌ᠰᠡᠨ ᠳᠤᠮᠳᠠᠲᠤ᠎ᠶ᠋ᠢᠨ᠂ ᠮᠦᠨ ᠴᠦ᠍ ᠡᠪ ᠬᠠᠮᠲᠤ ᠨᠠᠮ᠎ᠤᠨ ᠰᠤᠶᠤᠯ᠎ᠤᠨ ᠤᠬᠢ ᠰᠤᠳᠤ᠎ᠶ᠋ᠢ ᠪᠢᠴᠢᠪᠡ᠃ ᠲᠤᠰ ᠨᠤᠮ᠎ᠢ ᠪᠢᠴᠢᠬᠦ᠌᠎ᠪᠠᠷ ᠳᠠᠮᠵᠢᠨ ᠳᠤᠮᠳᠠᠲᠤ᠎ᠶ᠋ᠢᠨ ᠡᠪ ᠬᠠᠮᠲᠤ ᠨᠠᠮ᠎ᠤᠨ ᠵᠠᠭᠤᠨ ᠵᠢᠯ᠎ᠤᠨ ᠬᠦᠭ᠌ᠵᠢᠯᠲᠡ᠎ᠶ᠋ᠢᠨ ᠶᠠᠪᠤᠴᠠ᠎ᠳᠤ ᠠᠷᠠᠳ ᠲᠦᠮᠡᠨ᠎ᠤ ᠲᠦᠯᠦᠭᠡ ᠴᠦᠬᠦᠷᠡᠰᠢ ᠦᠭᠡᠢ ᠴᠢᠷᠮᠠᠢᠨ ᠵᠢᠳᠬᠦᠵᠦ᠍᠂ ᠠᠷᠠᠳ ᠲᠦᠮᠡᠨ᠎ᠢ ᠤᠳᠤᠷᠢᠳᠴᠤ᠌ ᠤᠯᠤᠰ ᠤᠷᠤᠨ᠎ᠢᠶᠠᠨ ᠰᠠᠢᠲᠤᠷ ᠪᠦᠳᠦᠭᠡᠨ ᠪᠠᠢᠭᠤᠯᠤᠭ᠍ᠰᠠᠨ᠎ᠢ ᠮᠠᠭ᠍ᠲᠠᠨ ᠳᠠᠭᠤᠯᠠᠵᠠᠢ᠃
ᠪᠤᠤ ᠪᠤᠤ ᠵᠦ᠍ ᠨᠦᠬᠦᠷ ᠮᠤᠩᠭᠤᠯ ᠰᠤᠶᠤᠯ᠎ᠢᠶᠠᠨ ᠰᠠᠢᠲᠤᠷ ᠤᠯᠠᠮᠵᠢᠯᠠᠭ᠍ᠰᠠᠨ ᠰᠠᠭᠤᠷᠢᠨ ᠳᠡᠭᠡᠷ᠎ᠡ ᠤᠳᠤ ᠳᠤᠮᠳᠠᠲᠤ᠎ᠶ᠋ᠢᠨ ᠰᠠᠢᠬᠠᠨ ᠰᠤᠷᠲᠠᠯ ᠰᠤᠷᠭᠠᠯ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠱᠢᠯᠢᠳᠡᠭ ᠰᠤᠶᠤᠯ᠎ᠢ ᠤᠯᠠᠮ ᠨᠢᠭᠡ ᠠᠯᠬᠤᠮ ᠬᠦᠭ᠌ᠵᠢᠭᠦᠯᠵᠤ ᠪᠠᠶᠠᠯᠢᠬ᠍ᠵᠢᠭᠤᠯᠬᠤ᠎ᠪᠠᠷ ᠬᠠᠷᠠᠯᠳᠠ ᠪᠤᠯᠭᠠᠨ ᠴᠢᠷᠮᠠᠢᠵᠤ ᠪᠠᠢᠨ᠎ᠠ᠃ ᠪᠠᠭ᠍ᠰᠢ ᠪᠤᠯᠤᠭ᠍ᠰᠠᠨ᠎ᠤ ᠬᠤᠪᠢ᠎ᠳᠤ ᠲᠡᠷᠡ ᠳᠡᠤᠬᠡ ᠰᠤᠶᠤᠯ᠎ᠢ ᠤᠷᠠᠨ ᠪᠢᠴᠢᠯᠭᠡ᠎ᠲᠠᠢ ᠤᠶᠠᠯᠳᠤᠭᠤᠯᠤᠨ ᠳᠤᠮᠳᠠᠳᠤ᠎ᠶ᠋ᠢᠨ ᠱᠢᠯᠢᠳᠡᠭ ᠰᠤᠶᠤᠯ ᠰᠤᠷᠳᠠᠯ᠎ᠢ ᠮᠤᠩᠭᠤᠯ ᠦᠨᠳᠤᠰᠤᠳᠠᠨ᠎ᠳᠤ᠂ ᠤᠨᠴᠠᠭᠠᠢᠯᠠᠨ ᠰᠤᠷᠤᠭ᠍ᠴᠢᠳ᠎ᠲᠤ ᠵᠢᠭᠠᠨ ᠰᠤᠷᠭᠠᠵᠤ᠂ ᠤᠯᠠᠮᠵᠢᠯᠠᠵᠤ ᠳᠡᠯᠭᠡᠷᠡᠭᠦᠯᠬᠦ᠌᠎ᠳᠤ ᠠᠱᠢᠭ᠍ᠲᠠᠢ ᠪᠤᠯᠭᠠᠬᠤ᠎ᠪᠠᠷ ᠴᠢᠷᠮᠠᠢᠳᠠᠭ᠂ ᠮᠦᠨ ᠴᠦ᠍ ᠨᠡᠢᠭᠡᠮ ᠵᠢᠷᠤᠮ᠎ᠤᠨ ᠭᠤᠤᠯᠯᠠᠭ᠍ᠴᠢ ᠦᠷᠲᠡᠭ᠎ᠤᠨ ᠦᠵᠡᠯ᠎ᠢ ᠲᠦᠬᠡᠮᠠᠯᠵᠢᠬᠦᠯᠵᠤ ᠭᠦᠨᠵᠡᠭᠡᠢᠷᠡᠭᠦᠯᠬᠦ᠌ ᠪᠠ ᠲᠤᠮᠳᠠᠳᠦ ᠤᠯᠤᠰ᠎ᠤᠨ ᠡᠪ ᠬᠠᠮᠲᠤ ᠨᠠᠮ᠎ᠤᠨ ᠲᠡᠥᠬᠡ ᠰᠤᠶᠤᠯ᠎ᠢ ᠤᠬᠠᠭᠤᠯᠵᠤ ᠰᠤᠷᠤᠯᠴᠠᠬᠤ᠎ᠶ᠋ᠢ ᠴᠢᠬᠤᠯᠠᠴᠢᠯᠠᠳᠠᠭ᠃ ᠮᠤᠩᠭᠤᠯ ᠰᠤᠶᠤᠯ᠎ᠢᠶᠠᠷ ᠳᠤᠮᠳᠠᠳᠤ᠎ᠶ᠋ᠢᠨ ᠱᠢᠯᠢᠳᠡᠭ ᠰᠤᠶᠤᠯ ᠰᠤᠷᠳᠠᠯ᠎ᠢ ᠪᠢᠴᠢᠵᠤ ᠢᠯᠡᠳᠭᠡᠬᠦ᠌᠎ᠨᠢ ᠳᠤᠮᠳᠠᠳᠤ᠎ᠶ᠋ᠢᠨ ᠰᠤᠶᠤᠯ᠎ᠢ ᠤᠯᠠᠮ ᠨᠢᠭᠡ ᠠᠯᠬᠤᠮ ᠤᠯᠠᠮᠵᠢᠯᠠᠵᠤ ᠬᠦᠭ᠌ᠵᠢᠭᠦᠯᠬᠦ᠌᠎ᠶ᠋ᠢᠨ ᠬᠠᠮᠳᠤ᠂ ᠦᠶ ᠤᠯᠠᠨ ᠵᠠᠯᠠᠭᠤᠴᠤᠳ ᠬᠡᠤᠬᠡᠳ᠎ᠲᠤ ᠤᠯᠤᠰ᠎ᠢᠶᠠᠨ ᠬᠠᠢᠷᠠᠯᠠᠬᠤ᠂ ᠡᠬᠡ ᠤᠷᠤᠨ᠎ᠢᠶᠠᠨ ᠬᠠᠢᠷᠠᠯᠠᠬᠤ ᠰᠠᠢᠨ ᠰᠠᠢᠬᠠᠨ ᠬᠦᠮᠦᠵᠢᠯ ᠬᠦᠷᠳᠡᠭᠡᠭᠦ᠎ᠪᠠᠷ ᠴᠢᠷᠮᠠᠢᠳᠠᠭ ᠪᠠᠢᠯ᠎ᠠ᠃
— ᠮᠢᠨᠤ ᠤᠳᠤ᠎ᠶ᠋ᠢᠨ ᠬᠠᠮᠤᠭ ᠶᠡᠭᠡ ᠬᠦᠰᠡᠯ ᠪᠤᠯ ᠮᠦᠽᠸᠢ ᠪᠠᠢᠭᠤᠯᠵᠤ ᠦᠪᠡᠷ᠎ᠤᠨ ᠪᠢᠴᠢᠭ᠌ᠰᠡᠨ᠂ ᠬᠢᠭ᠌ᠰᠡᠨ᠂ ᠪᠦᠳᠦᠭᠡᠭ᠌ᠰᠡᠨ ᠵᠦᠢᠯ᠎ᠢᠶᠠᠨ ᠦᠨ᠎ᠡ ᠲᠦᠯᠦᠪᠦᠷᠢ ᠦᠬᠡᠢ᠎ᠪᠠᠷ ᠤᠯᠠᠨ᠎ᠳᠤ ᠳᠡᠯᠭᠡᠨ ᠰᠤᠨᠢᠷᠬᠠᠭᠤᠯᠵᠤ᠂ ᠨᠡᠩ ᠤᠯᠠᠨ ᠬᠦᠮᠦᠰ᠎ᠲᠤ ᠰᠡᠭᠡᠭᠡᠷᠡᠯᠲᠡ ᠪᠠ ᠮᠡᠳᠡᠯᠭᠡ ᠬᠦᠷᠭᠡᠭᠦ᠌ ᠶᠠᠪᠤᠳᠠᠯ ᠪᠤᠯᠤᠨ᠎ᠠ》 ᠭᠡᠵᠦ᠍ ᠪᠤᠤ ᠪᠤᠤ ᠵᠦ᠍ ᠰᠡᠳᠭᠢᠯ ᠳᠤᠭ᠍ᠳᠤᠯᠤᠨ ᠶᠠᠷᠢᠯ᠎ᠠ᠃ ᠪᠤᠤ ᠪᠤᠤ ᠵᠦ᠍ ᠨᠦᠬᠦᠷ ᠳᠤᠮᠳᠠᠲᠤ᠎ᠶ᠋ᠢᠨ ᠱᠢᠯᠢᠳᠡᠭ ᠰᠤᠶᠤᠯ᠎ᠤᠨ ᠦᠷᠨᠢᠨ ᠬᠦᠭ᠌ᠵᠢᠯᠳᠡ᠎ᠳᠤ ᠦᠪᠡᠷ᠎ᠤᠨ ᠬᠦᠴᠦ᠎ᠪᠠᠨ ᠨᠡᠮᠡᠷᠢᠯᠡᠨ ᠴᠢᠷᠮᠠᠢᠵᠤ ᠶᠠᠪᠤᠨ᠎ᠠ᠃