ᠠᠮᠵᠢᠯᠳᠠ ᠪᠢᠴᠢᠭ᠌ᠯᠡᠭ᠌ᠰᠡᠨ ᠢᠷᠡᠭᠤ ᠨᠠᠢᠷᠠᠭ᠍ᠴᠢ ᠳ᠋ᠣ · ᠭᠠᠯᠰᠠᠩᠳᠤᠯᠮ᠎ᠠ
2021-09-27 09:56:40
ᠵᠣᠬᠢᠶᠠᠭ᠍ᠴᠢ᠄
ᠪᠢᠴᠢᠨ
ᠣᠩᠱᠢᠭ᠍ᠰᠠᠨ ᠣᠳᠠᠭ᠎ᠠ᠄
★★★☆☆

ᠱᠢᠨᠡᠬᠡᠨ ᠨᠤᠳᠤᠭ᠎ᠤᠨ ᠢᠷᠠᠭᠤ ᠠᠯᠳᠠᠷ᠎ᠢ ᠡᠷᠭᠦᠨ᠂ ᠤᠷᠠᠨ ᠵᠤᠬᠢᠶᠠᠯ᠎ᠤᠨ ᠠᠭᠤᠳᠠᠮ ᠬᠠᠷᠭᠤᠢ᠎ᠳᠤ ᠦᠪᠡᠷ᠎ᠤᠨ ᠤᠷ᠎ᠠ ᠠᠪᠢᠶᠠᠰ᠎ᠢᠶᠠᠨ ᠭᠠᠢᠬᠠᠭᠤᠯᠵᠤ ᠶᠠᠪᠤᠭ᠎ᠠ ᠢᠷᠠᠭᠤ ᠨᠠᠢᠷᠠᠭ᠍ᠴᠢ ᠳ᠋ᠣ · ᠭᠠᠯᠰᠠᠩᠳᠤᠯᠮ᠎ᠠ ᠪᠤᠯ ᠬᠦᠯᠦᠨ ᠪᠤᠢᠷ ᠬᠤᠳᠠ᠎ᠶ᠋ᠢᠨ ᠡᠸᠡᠩᠬᠢ ᠬᠤᠱᠢᠭᠤᠨ᠎ᠤ ᠱᠢᠨᠡᠬᠡᠨ ᠪᠠᠷᠠᠭᠤᠨ ᠰᠤᠮᠤᠨ᠎ᠤ ᠬᠤᠯᠪᠤᠭ᠎ᠠ ᠭᠠᠴᠠᠭ᠎ᠠ᠎ᠪᠠᠷ ᠨᠤᠳᠤᠭ᠎ᠲᠠᠢ᠂ ᠡᠳᠦᠭᠡ ᠡᠸᠡᠩᠬᠢ ᠬᠤᠱᠢᠭᠤᠨ᠎ᠤ ᠤᠳᠭ᠎ᠠ ᠤᠷᠠᠯᠢᠭ᠎ᠤᠨ ᠬᠤᠯᠪᠤᠭᠠᠨ᠎ᠳᠤ ᠠᠵᠢᠯ ᠠᠯᠪᠠ᠎ᠲᠠᠢ᠃


QQ截图20210927094755.png


                                   ᠠᠯᠪᠠᠨ ᠭᠡᠷ᠎ᠲᠡᠭᠡᠨ


ᠲᠡᠷᠡ᠎ᠪᠠᠷ ᠬᠠᠷᠠᠬᠠᠨ ᠪᠠᠭ᠎ᠠ᠎ᠠᠴᠠ᠎ᠪᠠᠨ ᠦᠯᠢᠬᠡᠷ ᠳᠠᠭᠤᠤ᠎ᠳᠤ ᠳᠤᠷ᠎ᠠ᠎ᠲᠠᠢ᠂ ᠰᠤᠷᠭᠠᠭᠤᠯᠢ ᠰᠤᠶᠤᠯ᠎ᠤᠨ ᠮᠦᠷ ᠬᠦᠭᠡᠭᠡᠵᠦ᠍ ᠶᠠᠪᠤᠬᠤ᠎ᠳᠠᠭᠠᠨ ᠨᠤᠮ ᠰᠤᠳᠤᠷ᠎ᠢ ᠤᠯᠠᠨ ᠤᠩᠱᠢᠵᠤ ᠱᠢᠯᠦᠭ ᠵᠤᠬᠢᠶᠠᠯ᠎ᠳᠤ ᠪᠠᠬ᠎ᠠ᠎ᠲᠠᠢ ᠤᠴᠢᠷ᠎ᠠᠴᠠ ᠪᠠᠭ᠍ᠰᠢ᠎ᠶ᠋ᠢᠨ ᠵᠢᠯᠤᠭᠤᠳᠤᠮᠵᠢ᠎ᠶ᠋ᠢ ᠬᠦᠷᠳᠡᠵᠦ᠍ ᠤᠷᠠᠨ ᠵᠤᠬᠢᠶᠠᠯ᠎ᠤᠨ ᠵᠠᠮ᠎ᠢᠶᠠᠨ ᠡᠬᠢᠯᠡᠬᠦᠯᠦᠭ᠌ᠰᠡᠨ ᠪᠠᠢᠨ᠎ᠠ᠃ ᠦᠩᠭᠡᠷᠡᠭ᠌ᠰᠡᠨ ᠵᠠᠭᠤᠨ᠎ᠤ ᠨᠠᠶᠠᠭᠠᠳ ᠤᠨ᠎ᠤ ᠡᠬᠢ᠎ᠪᠠᠷ 《ᠦᠪᠦᠷ ᠮᠤᠩᠭᠤᠯ᠎ᠤᠨ ᠰᠤᠷᠭᠠᠨ ᠬᠦᠮᠦᠵᠢᠯ》 ᠰᠡᠳᠬᠦᠯ᠎ᠳᠤ 《ᠴᠠᠭᠠᠨ》 ᠬᠡᠬᠦ᠌ ᠠᠩᠬᠠᠨ᠎ᠤ ᠱᠢᠯᠦᠭ᠎ᠢᠶᠠᠨ ᠨᠡᠢᠳᠡᠯᠡᠬᠦᠯᠦᠭ᠌ᠰᠡᠨ᠎ᠠᠴᠠ ᠤᠳᠤ ᠪᠤᠯᠳᠠᠯ᠎ᠠ᠂ ᠠᠢᠮᠠᠭ ᠬᠤᠳᠠ ᠤᠷᠤᠨ᠎ᠤ ᠳᠡᠰ᠎ᠤᠨ ᠡᠯ᠎ᠡ ᠰᠤᠨᠢᠨ ᠰᠡᠳᠬᠦᠯ᠎ᠳᠤ ᠱᠢᠯᠦᠭ ᠪᠠ ᠨᠠᠢᠷᠠᠭᠤᠯᠤᠯ ᠮᠡᠳᠡᠭᠡᠯᠡᠯ᠎ᠢ ᠨᠡᠯᠢᠶᠡᠳ ᠤᠯᠠᠨ ᠨᠠᠢᠳᠠᠯᠠᠬᠦᠯᠵᠡᠢ᠃ ᠲᠦᠯᠦᠭᠡᠯᠡᠬᠦ᠌ ᠪᠦᠳᠦᠭᠡᠯ᠎ᠠᠴᠠ᠎ᠨᠢ ᠳᠤᠷᠠᠳᠪᠠᠯ 《ᠤᠴᠢᠵᠤ ᠦᠵᠡᠭᠡ ᠦᠬᠡᠢ ᠤᠨᠤᠨ》᠂ 《ᠲᠦᠮᠡᠨ ᠱᠢᠪᠠᠭᠤᠨ᠎ᠤ ᠨᠡᠭᠦᠳᠡᠯ》᠂ 《ᠡᠬᠦᠷᠢᠳᠡ᠎ᠶ᠋ᠢᠨ ᠢᠯᠠᠭ᠍ᠴᠢ ᠦᠭᠦᠯ ᠮᠢᠨᠤ》᠂ 《ᠬᠦᠢᠳᠡᠨ᠎ᠤ ᠵᠤᠰᠠᠯᠠᠩ》᠂ 《ᠬᠠᠳᠠᠭᠤ ᠶᠠᠰᠤᠳᠠᠨ — ᠪᠤᠷᠢᠶᠠᠳ》᠂ 《ᠳᠤᠮᠤᠭ ᠦᠨᠡᠨ᠎ᠤ ᠨᠤᠳᠤᠭ — ᠳᠡᠯᠢᠭᠦᠨ ᠪᠤᠯᠳᠤᠭ》 ᠵᠡᠷᠭᠡ ᠪᠤᠢ᠃ 2008 ᠤᠨ᠎ᠳᠤ 《ᠬᠦᠢᠳᠡᠨ᠎ᠤ ᠵᠤᠰᠠᠯᠠᠩ》 ᠬᠡᠬᠦ᠌ ᠠᠩᠬᠠᠨ᠎ᠤ ᠱᠢᠯᠦᠭ᠎ᠤᠨ ᠳᠡᠭᠦᠪᠤᠷᠢ᠎ᠪᠠᠨ ᠬᠡᠪᠯᠡᠭᠦᠯᠵᠤ᠂ 2010 ᠤᠨ᠎ᠳᠤ ᠳᠤᠰ ᠱᠢᠯᠦᠭ᠎ᠤᠨ ᠳᠡᠭᠦᠪᠦᠷᠢ᠎ᠨᠢ ᠬᠦᠯᠦᠨ ᠪᠤᠢᠷ ᠬᠤᠳᠠ᠎ᠶ᠋ᠢᠨ ᠵᠠᠰᠠᠭ᠎ᠤᠨ ᠤᠷᠳᠤᠨ᠎ᠤ ᠤᠳᠭ᠎ᠠ ᠤᠷᠠᠯᠢᠭ᠎ᠤᠨ ᠵᠤᠬᠢᠶᠠᠨ ᠪᠦᠳᠦᠭᠡᠯᠬᠡ᠎ᠶ᠋ᠢᠨ 《ᠠᠵᠢᠨᠠᠢ ᠬᠦᠯᠦᠭ》 ᠱᠠᠩᠨᠠᠯ ᠬᠦᠷᠳᠡᠵᠡᠢ᠃ 2012 ᠤᠨ᠎ᠤ ᠤᠯᠠᠨ ᠤᠯᠤᠰ᠎ᠤᠨ ᠪᠤᠷᠢᠶᠠᠳ ᠮᠤᠩᠭᠤᠯᠴᠤᠳ᠎ᠤᠨ ᠰᠣᠶᠣᠯ ᠤᠷᠠᠯᠢᠭ᠎ᠤᠨ 《ᠠᠯᠲᠠᠷᠭᠠᠨ᠎ᠠ》 ᠨᠠᠭᠠᠳᠣᠮ᠎ᠳᠤ 《ᠠᠯᠲᠠᠷᠭᠠᠨ᠎ᠠ》 ᠬᠡᠮᠡᠬᠦ᠌ ᠱᠢᠯᠦᠭ᠎ᠢᠶᠠᠷ᠎ᠢᠶᠠᠨ ᠬᠦᠷᠡᠯ ᠮᠧᠳᠠᠯ ᠲᠤᠰᠴᠣ᠂ ᠨᠠᠢᠷᠠᠭ᠎ᠤᠨ ᠠᠶᠠᠨ᠎ᠤ ᠭᠠᠨᠵᠤᠭ᠎ᠠ᠎ᠪᠠᠨ ᠮᠢᠯᠢᠶᠠᠭ᠍ᠰᠠᠨ ᠪᠢᠯᠡ᠃

ᠳ᠋ᠣ · ᠭᠠᠯᠰᠠᠩᠳᠤᠯᠮ᠎ᠠ ᠡᠮᠦᠨᠡᠬᠡᠨ ᠡᠸᠡᠩᠬᠢ ᠬᠤᠱᠢᠭᠤᠨ᠎ᠤ 1991 — 2005 ᠤᠨ᠎ᠤ ᠤᠢᠯᠠᠯᠭ᠎ᠠ᠎ᠶ᠋ᠢ ᠤᠷᠴᠢᠭᠤᠯᠵᠤ᠂ ᠳᠠᠬᠢᠨ ᠬᠦᠯᠦᠨ ᠪᠤᠢᠷ ᠤᠳᠭ᠎ᠠ ᠤᠷᠠᠯᠢᠭ᠎ᠤᠨ ᠬᠤᠯᠪᠤᠭᠠᠨ᠎ᠤ᠎ᠬᠢᠨ᠎ᠤ ᠬᠦᠯᠦᠨ ᠪᠦᠢᠷ ᠠᠷᠠᠳ᠎ᠤᠨ ᠳᠠᠭᠤᠤ᠎ᠶ᠋ᠢᠨ ᠡᠮᠬᠢᠳᠭᠡᠬᠦ᠌ ᠠᠵᠢᠯ᠎ᠳᠤ ᠳᠠᠳᠠᠭ᠍ᠳᠠᠨ ᠪᠤᠷᠢᠶᠠᠳ ᠠᠷᠠᠳ᠎ᠤᠨ ᠳᠠᠭᠤᠤ᠎ᠶ᠋ᠢ ᠴᠤᠭ᠍ᠯᠠᠭᠤᠯᠵᠤ ᠠᠵᠢᠯ᠎ᠢᠶᠠᠨ ᠠᠮᠵᠢᠯᠳᠠ᠎ᠲᠠᠢ ᠲᠦᠬᠦᠷᠭᠡᠭ᠌ᠰᠡᠨ ᠪᠠᠢᠪᠠ᠃ ᠡᠳᠦᠬᠡ ᠡᠸᠡᠩᠬᠢ ᠨᠡᠭᠦᠳᠡᠯ ᠰᠤᠶᠤᠯ᠎ᠤᠨ ᠳᠡᠮᠳᠡᠭ᠌ᠯᠡᠯ ᠪᠤᠯᠬᠤ 《ᠳᠠᠯ᠎ᠠ ᠨᠤᠳᠤᠭ᠎ᠤᠨ ᠨᠡᠭᠦᠳᠡᠯ ᠮᠠᠯᠵᠢᠯ᠎ᠤᠨ ᠰᠤᠶᠤᠯ᠎ᠤᠨ ᠳᠡᠮᠳᠡᠭ》 ᠬᠡᠬᠦ᠌ ᠨᠤᠮ᠎ᠤᠨ ᠪᠤᠷᠢᠶᠠᠳ ᠮᠤᠩᠭᠤᠯ ᠰᠤᠶᠤᠯ᠎ᠤᠨ ᠭᠡᠰᠡᠭ᠎ᠤᠨ ᠠᠭᠤᠯᠭ᠎ᠠ᠎ᠶ᠋ᠢ ᠨᠠᠢᠷᠠᠭᠤᠯᠵᠤ ᠪᠢᠴᠢᠬᠦ᠌ ᠠᠵᠢᠯ᠎ᠢ ᠳᠠᠭᠠᠭᠠᠴᠢᠯᠠᠨ ᠠᠪᠤᠭ᠍ᠰᠠᠨ ᠪᠠᠢᠪᠠ᠃ ᠪᠢᠳᠡ ᠬᠦᠷᠭᠦ᠎ᠳᠤ ᠲᠡᠷᠡ ᠶᠠᠭ ᠰᠠᠢᠬᠠᠨ ᠠᠯᠪᠠᠨ ᠭᠡᠷ᠎ᠲᠡᠭᠡᠨ ᠮᠠᠲ᠋ᠧᠷᠢᠶᠠᠯ᠎ᠢᠶᠠᠨ ᠡᠮᠬᠢᠳᠭᠡᠵᠦ᠍ ᠪᠠᠢᠪᠠ᠃ 《ᠨᠡᠬᠦᠳᠡᠯ ᠰᠤᠶᠤᠯ᠎ᠳᠤ ᠠᠭᠤᠯᠤᠭ᠍ᠲᠠᠬᠤ ᠠᠭᠤᠯᠭ᠎ᠠ ᠳᠤᠩ ᠤᠯᠠᠨ᠂ ᠪᠢ ᠪᠤᠷᠢᠶᠠᠳ ᠠᠷᠠᠳ᠎ᠤᠨ ᠳᠠᠭᠤᠤ᠂ ᠪᠤᠷᠢᠶᠠᠳ ᠪᠦᠬᠡ᠂ ᠪᠤᠷᠢᠶᠠᠳ ᠰᠤᠷ ᠬᠠᠷᠪᠤᠭ᠎ᠠ᠂ ᠪᠤᠷᠢᠶᠠᠳ᠎ᠤᠨ ᠱᠠᠭ᠎ᠠ ᠨᠠᠭᠠᠳᠤᠮ᠂ ᠪᠤᠷᠢᠶᠠᠳ ᠭᠤᠳᠤᠯ ᠬᠢᠬᠦ᠌ ᠤᠷ᠎ᠠ᠂ ᠪᠤᠷᠢᠶᠠᠳ ᠮᠤᠩᠭᠤᠯᠴᠤᠳ᠎ᠤᠨ ᠤᠯᠠᠭᠠᠨ ᠢᠳᠡᠭᠡ᠂ ᠴᠠᠭᠠᠨ ᠢᠳᠡᠭᠡ ᠵᠡᠷᠬᠡ ᠠᠷᠪᠠᠨ ᠬᠤᠶᠠᠷ ᠳᠠᠯ᠎ᠠ᠎ᠪᠠᠷ ᠡᠮᠬᠢᠳᠭᠡᠨ ᠨᠠᠢᠷᠠᠭᠤᠯᠵᠤ ᠪᠤᠢ ᠪᠠᠢᠨ᠎ᠠ᠃ ᠡᠳᠡᠭᠡᠷ ᠰᠤᠶᠤᠯ᠎ᠤᠨ ᠲᠠᠯ᠎ᠠ᠎ᠪᠠᠷ ᠪᠢ ᠨᠠᠯᠢᠶᠡᠳ ᠤᠢ᠍ᠢᠯᠠᠭᠠᠳᠠᠭ ᠪᠤᠯᠪᠠᠴᠤ᠌ ᠵᠠᠷᠢᠮ ᠵᠦᠢᠯᠡᠰ᠎ᠲᠤ ᠨᠠᠷᠢᠯᠢᠭ ᠳᠤᠭᠠᠴᠢᠯᠠᠯᠳᠠ ᠬᠢᠬᠦ᠌ ᠬᠡᠷᠡᠭ᠌ᠳᠡᠢ ᠪᠤᠯᠬᠤᠷ ᠤᠯᠠᠨ ᠭᠠᠵᠠᠷ᠎ᠢᠶᠠᠷ ᠶᠠᠪᠤᠵᠤ ᠰᠤᠷᠪᠤᠯᠵᠢᠯᠠᠭ᠎ᠠ ᠠᠪᠬᠤ ᠴᠢᠬᠤᠯᠠᠳᠠᠢ ᠪᠠᠢᠳᠠᠭ》 ᠭᠡᠵᠤ ᠲᠡᠷᠡ ᠲᠠᠨᠢᠯᠴᠠᠭᠤᠯᠵᠤ ᠬᠡᠯᠡᠯ᠎ᠡ᠃


QQ截图20210927092318.png


ᠢᠷᠠᠭᠤ ᠨᠠᠢᠷᠠᠭ᠍ᠴᠢ ᠳ᠋ᠣ · ᠭᠠᠯᠰᠠᠩᠳᠤᠯᠮ᠎ᠠ᠎ᠶ᠋ᠢᠨ ᠤᠷᠴᠢᠮ᠎ᠤᠨ ᠵᠢᠯ᠎ᠤᠳ᠎ᠲᠤ ᠵᠤᠬᠢᠶᠠᠭ᠍ᠰᠠᠨ 《ᠬᠤᠯᠪᠤᠭ᠎ᠠ ᠨᠤᠲᠤᠭ᠎ᠤᠨ ᠲᠦᠮᠡᠨ ᠮᠢᠨᠢ》᠂ 《ᠪᠠᠭ᠎ᠠ᠎ᠶ᠋ᠢᠨ ᠨᠦᠬᠦᠳ》᠂ 《ᠱᠠᠭ᠎ᠠ ᠨᠠᠭᠠᠳᠤᠮ》᠂ 《ᠲᠤᠤᠽᠠ᠎ᠲᠠᠢ ᠲᠤᠬᠤᠢ᠎ᠲᠠᠢ ᠱᠢᠨᠡᠬᠡᠨ》 ᠵᠡᠷᠭᠡ ᠨᠤᠲᠤᠭ᠎ᠤᠨ ᠦᠨᠦᠷ ᠠᠮᠲᠠ᠎ᠲᠠᠢ ᠠᠶ᠎ᠠ ᠳᠠᠭᠤᠤ᠎ᠨᠤᠭᠤᠳ᠎ᠨᠢ ᠠᠷᠠᠳ ᠵᠤᠨ᠎ᠤ᠎ᠪᠠᠨ ᠰᠤᠨᠤᠷ᠎ᠢ ᠮᠢᠯᠢᠶᠠᠨ᠂ ᠨᠠᠢᠷᠠᠭ᠎ᠤᠨ ᠲᠦᠷᠦᠭᠡ᠎ᠶ᠋ᠢ᠎ᠨᠢ ᠨᠡᠩ ᠬᠤᠯᠠ᠎ᠶ᠋ᠢᠨ ᠠᠶᠠᠨ᠎ᠳᠤ ᠵᠢᠭᠢᠯᠭᠡᠵᠦ᠍ ᠪᠠᠢᠨ᠎ᠠ᠃

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号