ᠡᠢᠮᠦ ᠨᠢᠭᠡ ᠡᠪᠡᠳᠴᠢᠲᠡᠨ ᠪᠠᠢᠨ᠎ᠠ᠂ ᠪᠡᠶ᠎ᠡ ᠨᠢ ᠡᠪ ᠡᠴᠡᠩᠬᠡᠶ᠂ ᠬᠡᠬᠦ᠎ᠳᠡᠭᠡᠨ
ᠴᠢᠰᠤᠨ᠎ᠤ ᠥᠭᠡᠬᠦ᠌ ᠨᠢ ᠮᠠᠰᠢ ᠥᠨᠳᠥᠷ᠂ ᠡᠭᠦᠨ᠎ᠦ ᠳᠣᠲᠣᠷ᠎ᠠ ᠳᠤᠤᠷ᠎ᠠ ᠨᠢᠭ᠍ᠲᠠᠴᠠ᠎ᠲᠠᠶ ᠥᠭᠡᠬᠦ᠌᠎ᠶ᠋ᠢᠨ ᠤᠭᠤᠷᠠᠭ
ᠨᠢ 7.8 mmol / L ᠥᠨᠳᠥᠷ ᠲᠦ᠍ ᠬᠦᠷᠴᠦ᠂ ᠲᠡᠭᠦᠨ᠎ᠢ ᠶᠡᠬᠡ ᠪᠡᠷ ᠵᠤᠪᠠᠭᠠᠵᠠᠢ᠃ ᠡᠨᠡ ᠨᠢ ᠶᠠᠮᠠᠷ ᠱᠢᠯᠲᠠᠭᠠᠨ ᠡᠴᠡ
ᠪᠤᠯᠤᠭᠰᠠᠨ ᠪᠤᠯ?

ᠡᠩ ᠲᠡᠷᠢᠭᠦᠨ᠎ᠳᠦ᠂ ᠤᠳᠤᠮᠱᠢᠯ᠎ᠲᠠᠶ ᠬᠤᠯᠪᠤᠭ᠎ᠠ ᠲᠡᠢ᠃ ᠬᠡᠷᠪᠡ ᠭᠡᠷ
ᠪᠦᠯᠢ ᠵᠢᠨ ᠪᠦᠷᠢᠯᠳᠦᠬᠦᠨ ᠪᠤᠶᠤ ᠲᠥᠷᠥᠯ ᠰᠠᠳᠤᠨ ᠨᠢ ᠴᠢᠰᠤᠨ ᠥᠭᠡᠬᠦ᠌ ᠥᠨᠳᠥᠷ ᠪᠣᠯ᠂ ᠦᠷ᠎ᠡ ᠬᠤᠢᠴᠢ ᠵᠢᠨ ᠬᠢᠨᠢ
ᠴᠢᠰᠤᠨ᠎ᠤ ᠥᠭᠡᠬᠦ᠌ ᠥᠨᠳᠥᠷᠵᠢᠬᠦ᠌ ᠨᠣᠷᠮ᠎ᠠ ᠨᠢ ᠥᠨᠳᠥᠷ ᠪᠠᠢᠳᠠᠭ᠃ ᠲᠡᠭᠡᠷᠡᠬᠢ ᠡᠪᠡᠳᠴᠢᠲᠡᠨ ᠳᠠᠷᠤᠢ《ᠤᠳᠤᠮᠰᠢᠯ᠎ᠤᠨ ᠴᠢᠨᠠᠷᠲᠠᠢ ᠥᠨᠳᠥᠷ ᠰᠥᠰᠥᠨᠦ ᠭᠤᠨᠠᠨ ᠠᠯᠺᠣᠣᠯ᠎ᠤᠨ ᠴᠢᠰᠤᠨ ᠭᠡᠮ》 ᠳ᠋ᠦ ᠪᠠᠭ᠍ᠲᠠᠵᠤ᠂ ᠤᠷᠲᠤ ᠬᠤᠭᠤᠴᠠᠭ᠎ᠠ᠎ᠪᠠᠷ ᠥᠭᠡᠬᠦ᠌᠎ᠶ᠋ᠢ ᠪᠠᠭᠤᠷᠠᠭᠤᠯᠬᠤ ᠡᠮ᠎ᠢ ᠬᠠᠮᠲᠤᠷᠠᠭᠤᠯᠤᠨ
ᠬᠡᠷᠡᠭ᠌ᠯᠡᠪᠡᠯ ᠰᠠᠶᠢ ᠪᠠᠷᠢᠮᠵᠢᠶ᠎ᠠ᠎ᠳᠤ ᠬᠦᠷᠴᠦ᠍ ᠴᠢᠳᠠᠨ᠎ᠠ᠃ ᠡᠢᠮᠦᠷᠬᠦᠦ ᠬᠥᠮᠦᠨ ᠵᠠᠯᠠᠭᠤ᠎ᠳᠠᠭᠠᠨ ᠥᠰᠥᠯᠲᠡ᠎ᠶ᠋ᠢᠨ
ᠰᠣᠯᠢᠯᠴᠠᠭ᠎ᠠ ᠰᠠᠢᠨ ᠤᠴᠢᠷ᠎ᠠᠴᠠ ᠴᠢᠰᠤᠨ᠎ᠤ ᠥᠭᠡᠬᠦ᠌ ᠬᠠᠷᠢᠴᠠᠩᠭᠤᠶ ᠳᠣᠣᠷ᠎ᠠ ᠪᠠᠢᠳᠠᠭ᠃ ᠨᠠᠰᠤ ᠨᠡᠮᠡᠭ᠌ᠳᠡᠬᠦ᠌᠎ᠶ᠋ᠢ
ᠳᠠᠭᠠᠯᠳᠤᠨ᠂ ᠴᠢᠰᠤᠨ᠎ᠤ ᠥᠭᠡᠬᠦ᠌᠎ᠶ᠋ᠢ ᠠᠷᠢᠯᠭᠠᠬᠤ ᠬᠤᠷᠳᠤᠴᠠ ᠨᠢ ᠪᠠᠭᠤᠷᠠᠪᠠᠯ ᠴᠢᠰᠤᠨ᠎ᠤ ᠥᠭᠡᠬᠦ᠌ ᠠᠮᠠᠷᠬᠠᠨ ᠥᠨᠳᠥᠷᠵᠢᠨᠡ᠃
ᠳᠠᠷᠠᠭᠠᠯᠠᠪᠠᠯ᠂ ᠬᠡᠲᠦᠷᠬᠡᠶ ᠠᠷᠪᠢᠨ ᠢᠯᠴᠢ ᠱᠢᠩᠭᠡᠭᠡᠬᠦ᠌᠃ ᠢᠳᠡᠬᠦ᠌
ᠠᠷᠪᠢᠨ᠂ ᠬᠥᠳᠡᠯᠭᠡᠭᠡᠨ ᠪᠠᠭ᠎ᠠ ᠪᠤᠯᠬᠤ;ᠡᠩ᠎ᠦᠨ ᠦᠶ᠎ᠡ᠎ᠳᠦ
ᠲᠣᠰᠣᠨ᠎ᠳᠤ ᠪᠤᠴᠠᠯᠭᠠᠬᠤ᠂ ᠲᠣᠰᠣᠯᠢᠭ ᠢᠳᠡᠭᠡᠨ᠎ᠢ ᠠᠷᠪᠢᠨ ᠢᠳᠡᠵᠤ᠂ ᠬᠡᠮᠵᠢᠶ᠎ᠡ ᠡᠴᠡ ᠪᠠᠨ ᠬᠡᠳᠦᠷᠡᠵᠦ ᠮᠡᠳᠡᠨ᠎ᠠ᠃
ᠬᠡᠳᠦᠢᠪᠡᠷ ᠵᠠᠷᠢᠮ ᠬᠥᠮᠦᠨ ᠢᠳᠡᠭᠡᠳ ᠮᠠᠷᠢᠶᠠᠯᠠᠬᠤ ᠦᠭᠡᠢ ᠪᠣᠯᠪᠠᠴᠤ᠌᠂ ᠡᠨᠡ ᠨᠢ ᠴᠢᠰᠤᠨ᠎ᠤ ᠥᠭᠡᠬᠦ᠌ ᠦᠨᠳᠦᠷᠵᠢᠬᠦ
ᠦᠭᠡᠢ ᠭᠡᠰᠡᠨ ᠦᠭᠡ ᠪᠢᠰᠢ᠃ ᠰᠥᠰᠥᠨᠦ ᠭᠤᠨᠠᠨ ᠠᠯᠺᠣᠣᠯ ᠪᠠ ᠭᠯᠢᠽᠸᠷᠢᠨ ᠭᠤᠷᠪᠠᠴᠢ ᠡᠰᠲᠸᠷᠢ ᠤᠷᠲᠤ ᠬᠤᠭᠤᠴᠠᠭ᠎ᠠ᠎ᠪᠠᠷ
ᠪᠡᠶ᠎ᠡ᠎ᠳᠡᠭᠡᠨ ᠣᠪᠣᠭᠠᠯᠠᠭᠰᠠᠨ ᠡᠴᠡ ᠪᠤᠯᠵᠤ᠂ ᠠᠭᠠᠵᠢᠮ᠎ᠢᠶᠠᠷ
ᠴᠢᠰᠤᠨ᠎ᠤ ᠥᠭᠡᠬᠦ᠌ ᠠᠮᠠᠷᠬᠠᠨ ᠥᠨᠳᠥᠷᠵᠢᠨᠡ᠃
ᠬᠠᠮᠤᠭ᠎ᠤᠨ ᠰᠡᠭᠦᠯ᠎ᠳᠦ᠂ ᠪᠡᠶ᠎ᠡ᠎ᠶ᠋ᠢᠨ ᠪᠤᠰᠤᠳ ᠪᠠᠢᠳᠠᠯ᠃ ᠪᠡᠶ᠎ᠡ
ᠵᠢᠨ ᠴᠢᠰᠤᠨ᠎ᠤ ᠥᠭᠡᠬᠦ᠌ ᠡᠷᠡᠭᠦᠯ ᠪᠤᠰᠤ ᠨᠢ ᠪᠠᠰᠠ ᠬᠦᠮᠦᠨ᠎ᠤ ᠪᠡᠶ᠎ᠡ᠎ᠶ᠋ᠢᠨ ᠪᠤᠰᠤᠳ ᠠᠰᠠᠭᠤᠳᠠᠯ᠎ᠲᠠᠶ ᠬᠣᠯᠪᠣᠭ᠎ᠠ᠎ᠲᠠᠶ
ᠪᠠᠢᠵᠤ ᠮᠡᠳᠡᠨ᠎ᠡ᠂ ᠵᠢᠱ᠌ᠢᠶᠡᠯᠡᠪᠡᠯ ᠱᠢᠬᠢᠷ ᠱᠢᠵᠢᠩ ᠡᠪᠡᠳᠴᠢᠨ᠂ ᠴᠢᠰᠤᠨ ᠳᠠᠷᠤᠯᠲᠠ ᠥᠨᠳᠥᠷ ᠵᠡᠷᠭᠡ᠎ᠡᠴᠡ ᠪᠣᠯᠵᠤ
ᠬᠣᠶᠠᠳᠠᠭ᠍ᠴᠢ ᠴᠢᠨᠠᠷᠲᠠᠢ ᠴᠢᠰᠤᠨ᠎ᠤ ᠥᠭᠡᠬᠦ᠌ ᠡᠷᠡᠭᠦᠯ ᠪᠤᠰᠤ ᠪᠣᠯᠵᠤ᠂ ᠴᠢᠰᠤᠨ᠎ᠤ ᠥᠭᠡᠬᠦ᠌ ᠥᠨᠳᠥᠷᠵᠢᠬᠦ᠌
ᠪᠣᠯᠤᠨ᠎ᠠ᠃
(ᠰᠦᠯᠵᠢᠶᠡᠨ ᠡᠴᠡ ᠤᠷᠴᠢᠭᠤᠯᠤᠨ ᠨᠠᠢᠷᠠᠭᠤᠯᠪᠠ)