ᠱᠢᠨ᠎ᠡ ᠡᠨᠧᠷᠭᠢ᠎ᠶ᠋ᠢᠨ ᠮᠠᠱᠢᠨ ᠲᠡᠷᠭᠡ ᠶᠡᠬᠡ ᠬᠡᠮᠵᠢᠶ᠎ᠡ᠎ᠪᠡᠷ ᠪᠤᠷᠤᠯᠠᠭᠤᠯᠤᠭᠳᠠᠭᠰᠠᠨ ᠨᠢ ᠶᠠᠮᠠᠷ ᠤᠴᠢᠷ ᠪᠤᠯᠪᠠ ?
2022-01-17 15:38:47
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠤᠯᠤᠰ᠎ᠤᠨ ᠬᠤᠯᠪᠤᠭᠳᠠᠯ ᠪᠦᠬᠦᠢ ᠲᠦᠷᠦ ᠵᠢᠨ ᠪᠤᠳᠤᠯᠭ᠎ᠠ ᠵᠢ ᠦᠨᠳᠦᠰᠦᠯᠡᠪᠡᠯ᠂ 2022 ᠤᠨ᠎ᠤ ᠰᠢᠨ᠎ᠡ ᠡᠨ᠋ᠸᠷᠬᠢ ᠵᠢᠨ ᠮᠠᠰᠢᠨ ᠲᠡᠷᠭᠡᠨ᠎ᠤ ᠤᠯᠤᠰ᠎ᠤᠨ ᠨᠦᠬᠦᠪᠦᠷᠢ ᠨᠢ 2021 ᠤᠨ᠎ᠤ ᠨᠦᠬᠦᠪᠦᠷᠢ ᠵᠢᠨ ᠰᠠᠭᠤᠷᠢᠨ ᠲᠡᠭᠡᠷ᠎ᠡ ᠲᠠᠬᠢᠨ 30% ᠪᠡᠷ ᠪᠠᠭᠤᠷᠠᠭᠤᠯᠬᠤ ᠪᠤᠯᠤᠭᠰᠠᠨ ᠡᠴᠡ ᠴᠦᠬᠡᠨ ᠪᠤᠰᠤ ᠭᠡᠷᠡᠭᠯᠡᠭᠴᠢᠳ ᠬᠠᠷᠠᠭᠠᠯᠵᠠᠯ᠎ᠢᠶᠡᠨ ᠤᠷᠢᠳᠴᠢᠯᠠᠨ ᠡᠳ᠋ᠯᠡᠬᠦ ᠵᠢ ᠪᠤᠳᠤᠯᠬᠢᠯᠠᠬᠤ ᠪᠤᠯᠪᠠ᠃ ᠡᠨᠡ ᠨᠢ ᠪᠠᠰᠠ ᠤᠢᠷ᠎ᠠ ᠵᠢᠨ ᠬᠤᠭᠤᠴᠠᠭᠠᠨ᠎ᠤ ᠰᠢᠨ᠎ᠡ ᠡᠨ᠋ᠸᠷᠬᠢ ᠵᠢᠨ ᠮᠠᠰᠢᠨ ᠲᠡᠷᠭᠡᠨ᠎ᠤ ᠵᠠᠬ᠎ᠠ ᠲᠡᠯᠭᠡᠬᠦᠷ᠎ᠤᠨ ᠪᠤᠷᠤᠯᠠᠭᠤᠯᠤᠯᠳᠠ ᠵᠢ ᠲᠠᠢᠴᠢᠯᠠᠭᠰᠠᠨ ᠪᠠᠢᠨ᠎ᠠ᠃


QQ图片20220117151158.png


ᠪᠡᠭᠡᠵᠢᠩ᠎ᠳᠦ ᠠᠮᠢᠳᠤᠷᠠᠳᠠᠭ ᠯᠢᠦ ᠠᠪᠤᠭᠠᠶ ᠱᠢᠨ᠎ᠡ ᠡᠨᠧᠷᠭᠢ᠎ᠶ᠋ᠢᠨ ᠮᠠᠱᠢᠨ ᠲᠡᠷᠭᠡᠨ᠎ᠦ ᠣᠷᠣᠨ ᠲᠣᠭ᠎ᠠ᠎ᠶ᠋ᠢ ᠣᠯᠤᠭᠠᠳ ᠬᠠᠭᠠᠰ ᠵᠢᠯ ᠭᠠᠷᠤᠶ ᠪᠣᠯᠵᠣ ᠪᠠᠢᠨ᠎ᠠ᠂ ᠡᠨᠡ ᠬᠤᠭᠤᠴᠠᠭᠠᠨ᠎ᠳᠤ ᠲᠡᠷᠡ ᠬᠡᠳᠦᠨ ᠨᠠᠷᠠᠲᠤ ᠲᠡᠮᠳᠡᠭ᠌ᠲᠦ ᠮᠠᠱᠢᠨ ᠲᠡᠷᠭᠡ ᠵᠢ ᠬᠠᠷᠢᠴᠠᠭᠤᠯᠵᠤ ᠦᠵᠡᠭᠡᠳ ᠶᠡᠷᠦᠨᠢ ᠵᠢᠭᠠᠬᠠᠨ ᠡᠷᠡᠭᠡᠯᠵᠡᠭᠡ ᠲᠡᠢ ᠪᠤᠯᠵᠠᠢ᠃ 12 ᠰᠠᠷ᠎ᠠ᠎ᠶ᠋ᠢᠨ ᠡᠬᠢ᠎ᠪᠡᠷ ᠪᠣᠷᠣᠯᠠᠭᠤᠯᠭ᠎ᠠ᠎ᠶ᠋ᠢᠨ ᠠᠵᠢᠯᠲᠠᠨ ᠲᠡᠭᠦᠨ᠎ᠳᠦ ᠢᠷᠡᠬᠦ᠌ ᠵᠢᠯ᠎ᠦᠨ ᠱᠢᠨ᠎ᠡ ᠡᠨᠧᠷᠭᠢ᠎ᠶ᠋ᠢᠨ ᠮᠠᠱᠢᠨ ᠲᠡᠷᠭᠡᠨ᠎ᠦ ᠨᠥᠬᠥᠪᠥᠷᠢ ᠪᠠᠭᠠᠰᠴᠤ᠌ ᠮᠡᠳᠡᠨ᠎ᠡ ᠭᠡᠵᠤ ᠬᠡᠯᠡᠭᠰᠡᠨ ᠨᠢ ᠯᠢᠦ ᠠᠪᠤᠭᠠᠶ᠎ᠶ᠋ᠢ ᠮᠠᠰᠢᠨ ᠲᠡᠷᠭᠡ ᠬᠤᠳᠠᠯᠳᠤᠨ ᠠᠪᠤᠭᠤᠯᠬᠤ᠎ᠪᠠᠷ ᠵᠣᠷᠢᠭ ᠱᠢᠭᠤᠳᠤᠭᠤᠯᠵᠠᠶ᠃

ᠰᠤᠷᠪᠤᠯᠵᠢᠯᠠᠭ᠍ᠴᠢ ᠪᠡᠭᠡᠵᠢᠩ᠎ᠦᠨ ᠴᠤᠤ ᠶᠠᠩ ᠲᠣᠭᠣᠷᠢᠭ᠎ᠤᠨ ᠰᠠᠨ ᠯᠢ ᠳᠦᠨ᠎ᠦ ᠨᠢᠭᠡᠨ ᠡᠭᠦᠳᠡᠨ ᠳᠡᠯᠭᠡᠭᠦᠷ᠎ᠤᠨ ᠨᠢᠭᠡ ᠲᠤᠮᠤ ᠳᠡᠯᠭᠡᠨ ᠦᠵᠡᠭᠦᠯᠬᠦ᠌ ᠲᠢᠩᠬᠢᠮ᠎ᠳᠦ ᠵᠥᠪᠬᠡᠨ ᠨᠢᠭᠡ ᠯᠡ ᠳᠡᠯᠭᠡᠨ ᠦᠵᠡᠭᠦᠯᠭᠡ ᠲᠡᠷᠭᠡ ᠵᠤᠭᠰᠤᠵᠤ᠂ ᠤᠤᠯ ᠳᠡᠯᠭᠡᠭᠦᠷ᠎ᠦᠨ 4 ᠳᠡᠯᠭᠡᠨ ᠦᠵᠡᠭᠦᠯᠬᠦ᠌ ᠲᠡᠷᠭᠡ᠎ᠶ᠋ᠢᠨ 3 ᠨᠢ ᠰᠠᠷ᠎ᠠ᠎ᠶ᠋ᠢᠨ ᠡᠬᠢᠨ᠎ᠳᠦ ᠨᠢᠭᠡᠨᠲᠡ ᠪᠣᠷᠣᠯᠠᠭᠤᠯᠤᠭ᠍ᠳᠠᠵᠤ ᠂ ᠣᠳᠣᠬᠠᠨ᠎ᠳᠤ ᠪᠠᠰᠠ ᠪᠠᠷᠠᠭ᠎ᠠ᠎ᠪᠠᠨ ᠨᠥᠬᠥᠭᠡᠳᠦᠢ ᠪᠠᠢᠭ᠎ᠠ ᠵᠢ ᠤᠯᠵᠤ ᠮᠡᠳᠡᠵᠡᠢ᠃

ᠪᠣᠷᠣᠯᠠᠭᠤᠯᠭ᠎ᠠ᠎ᠶ᠋ᠢᠨ ᠠᠵᠢᠯᠲᠠᠨ ᠰᠤᠷᠪᠤᠯᠵᠢᠯᠠᠭ᠍ᠴᠢ᠎ᠳᠤ ᠬᠡᠯᠡᠬᠦ᠌᠎ᠳᠡᠭᠡᠨ᠂ ᠲᠡᠳᠡᠨ᠎ᠳᠦ ᠨᠡᠢᠲᠡ 25 ᠠᠳᠠᠯᠢ ᠪᠤᠰᠤ ᠬᠡᠯᠪᠡᠷᠢ ᠮᠠᠶᠢᠭ ᠪᠣᠯᠤᠨ ᠪᠣᠷᠣᠯᠠᠭᠤᠯᠵᠤ ᠪᠠᠢᠭ᠎ᠠ ᠲᠡᠷᠭᠡᠨ᠎ᠦ ᠬᠡᠯᠪᠡᠷᠢ ᠮᠠᠶᠢᠭ ᠪᠠᠢᠵᠤ᠂ ᠡᠭᠦᠨ᠎ᠦ ᠳᠣᠲᠣᠷᠠᠬᠢ 21 ᠬᠡᠯᠪᠡᠷᠢ ᠮᠠᠶᠢᠭ ᠨᠢ ᠴᠥᠮ ᠤᠯᠤᠰ᠎ᠤᠨ ᠨᠥᠬᠥᠪᠥᠷᠢ᠎ᠶ᠋ᠢ ᠭᠥᠷᠳᠡᠵᠦ᠍᠂ ᠨᠥᠬᠥᠪᠥᠷᠢ᠎ᠶ᠋ᠢᠨ ᠲᠣᠭ᠎ᠠ ᠨᠢ ᠨᠡᠢᠳᠡᠮ᠎ᠳᠡᠭᠡᠨ 18000 ᠲᠥᠭᠥᠷᠢᠭ ᠣᠷᠴᠢᠮ ᠪᠠᠢᠳᠠᠭ᠂ ᠡᠭᠦᠨ᠎ᠡᠴᠡ ᠭᠠᠳᠠᠨ᠎ᠠ᠂ ᠵᠠᠷᠢᠮ ᠬᠡᠯᠪᠡᠷᠢ ᠮᠠᠶᠢᠭ᠎ᠲᠤ ᠪᠠᠰᠠ ᠢᠯᠡᠭᠦᠦ ᠨᠥᠬᠥᠪᠥᠷᠢ ᠪᠠᠢᠳᠠᠭ᠂ ᠡᠬᠦᠨ ᠡᠴᠡ ᠪᠤᠯᠵᠤ ᠣᠢᠷ᠎ᠠ᠎ᠶ᠋ᠢᠨ ᠬᠤᠭᠤᠴᠠᠭᠠᠨ᠎ᠳᠤ ᠠᠰᠠᠭᠤᠨ ᠯᠠᠪᠯᠠᠬᠤ᠎ᠪᠠᠷ ᠢᠷᠡᠭ᠌ᠰᠡᠨ ᠬᠡᠷᠡᠭ᠌ᠯᠡᠭ᠌ᠴᠢᠳ ᠢᠯᠡᠳᠲᠡ ᠨᠡᠮᠡᠭ᠌ᠳᠡᠭᠰᠡᠨ ᠪᠠᠢᠨ᠎ᠠ ᠭᠡᠵᠡᠶ᠃

ᠱᠢᠶᠤᠤ ᠫᠸᠩ ᠮᠠᠱᠢᠨ ᠲᠡᠷᠭᠡᠨ᠎ᠦ ᠺᠣᠮᠫᠠᠨᠢ᠎ᠶ᠋ᠢᠨ ᠰᠠᠨ ᠯᠢ ᠳᠦᠨ ᠳᠡᠯᠭᠡᠭᠦᠷ᠎ᠦᠨ ᠳᠡᠭᠡᠳᠦ ᠲᠠᠰ᠎ᠤᠨ ᠦᠶ᠋ᠯᠡᠳᠬᠦᠨ᠎ᠦ ᠲᠤᠰᠭᠠᠶ ᠲᠤᠱᠢᠶᠠᠯᠲᠠᠨ ᠴᠧᠩ ᠫᠸᠩ᠄ ᠣᠲᠣ ᠲᠡᠷᠭᠡ ᠵᠠᠬᠢᠶᠠᠯᠠᠪᠠᠯ ᠵᠢᠯ᠎ᠦᠨ ᠳᠠᠷᠠᠭ᠎ᠠ ᠰᠠᠶᠢ ᠲᠡᠷᠭᠡ ᠠᠪᠴᠤ᠌ ᠪᠣᠯᠤᠨ᠎ᠡ᠂ ᠬᠠᠷᠢᠴᠠᠩᠭᠤᠶ᠎ᠪᠠᠷ ᠬᠡᠯᠡᠪᠡᠯ᠂ ᠲᠡᠷᠭᠡ ᠲᠤᠱᠢᠶᠠᠬᠤ ᠬᠤᠭᠤᠴᠠᠭ᠎ᠠ᠎ᠶ᠋ᠢ ᠨᠢᠭᠡ᠎ᠡᠴᠡ ᠬᠣᠶᠠᠷ ᠭᠠᠷᠠᠭ ᠬᠣᠢᠱᠢᠯᠠᠭᠤᠯᠵᠠᠶ᠂ ᠬᠡᠷᠪᠡ ᠢᠷᠡᠬᠦ᠌ ᠵᠢᠯ ᠨᠥᠬᠥᠪᠥᠷᠢ ᠮᠥᠩᠭᠥ᠌ ᠨᠢ 30 % ᠪᠡᠷ ᠪᠠᠭᠤᠷᠠᠬᠤ᠎ᠳᠦ ᠬᠦᠷᠪᠡᠯ᠂ ᠳᠠᠷᠠᠭ᠎ᠠ ᠵᠢᠯ ᠲᠡᠷᠭᠡ ᠬᠤᠳᠠᠯᠳᠤᠨ ᠠᠪᠬᠤ᠎ᠳᠤ ᠬᠠᠮᠤᠭ ᠥᠨᠳᠥᠷ᠎ᠲᠡᠬᠡᠨ 5400 ᠲᠥᠭᠥᠷᠢᠭ ᠢᠯᠡᠭᠦᠦ ᠲᠤᠱᠢᠶᠠᠬᠤ ᠬᠡᠷᠡᠭ᠌ᠲᠡᠶ᠃ ᠰᠤᠷᠪᠤᠯᠵᠢᠯᠠᠭ᠍ᠴᠢ᠎ᠶ᠋ᠢᠨ ᠣᠢᠯᠠᠭᠠᠭ᠍ᠰᠠᠨ᠎ᠢᠶᠠᠷ᠂ ᠤᠳᠤᠬᠠᠨ᠎ᠳᠤ ᠵᠠᠷᠢᠮ ᠨᠠᠷᠠᠲᠤ ᠲᠡᠮᠳᠡᠭ᠌ᠲᠦ᠍᠎ᠨᠢ ᠪᠠᠰᠠ ᠴᠠᠭ ᠬᠢᠵᠠᠭᠠᠷᠯᠠᠨ ᠦᠨ᠎ᠡ ᠵᠢ ᠪᠠᠲᠤᠯᠠᠬᠤ ᠲᠥᠷᠥ᠎ᠶ᠋ᠢᠨ ᠪᠣᠳᠣᠯᠭ᠎ᠠ ᠨᠡᠢᠲᠡᠯᠡᠵᠦ᠍᠂ ᠬᠡᠷᠪᠡ 2022 ᠣᠨ᠎ᠤ ᠶᠠᠮᠠᠷ ᠨᠢᠭᠡᠨ ᠵᠢᠭᠠᠨ ᠲᠣᠭ᠍ᠲᠠᠭᠠᠭ᠍ᠰᠠᠨ ᠡᠳᠦᠷ ᠬᠤᠭᠤᠴᠠᠭ᠎ᠠ᠎ᠠᠴᠠ ᠡᠮᠦᠨ᠎ᠡ ᠪᠣᠯᠵᠣᠭᠠᠨ᠎ᠤ ᠮᠥᠩᠭᠥ᠌ ᠲᠤᠰᠢᠶᠠᠪᠠᠯ᠂ ᠨᠥᠬᠥᠪᠥᠷᠢ ᠥᠭ᠌ᠭᠦᠭ᠌ᠰᠡᠨ᠎ᠦ ᠳᠠᠷᠠᠭᠠᠬᠢ ᠦᠨ᠎ᠡ ᠬᠠᠩᠰᠢ᠎ᠶ᠋ᠢ ᠮᠥᠨ ᠬᠦ᠌ ᠡᠳ᠋ᠯᠡᠵᠦ᠍ ᠪᠣᠯᠤᠨ᠎ᠠ ᠭᠡᠵᠡᠢ᠃ ᠭᠡᠪᠡᠴᠦ᠍ ᠮᠠᠰᠢ ᠣᠯᠠᠨ ᠱᠢᠨ᠎ᠡ ᠡᠨᠧᠷᠭᠢ᠎ᠶ᠋ᠢᠨ ᠮᠠᠱᠢᠨ ᠲᠡᠷᠭᠡ ᠪᠣᠷᠣᠯᠠᠭᠤᠯᠵᠤ ᠪᠠᠢᠭ᠎ᠠ ᠬᠥᠮᠦᠰ᠎ᠦᠨ ᠬᠡᠯᠡᠬᠦ᠌᠎ᠪᠡᠷ᠂ ᠬᠡᠷᠪᠡ ᠮᠠᠱᠢᠨ ᠲᠡᠷᠭᠡ ᠭᠠᠷᠭᠠᠵᠤ ᠠᠪᠬᠤ ᠦᠶ᠎ᠡ᠎ᠳᠦ ᠨᠦᠬᠦᠪᠦᠷᠢ ᠪᠠᠭᠤᠷᠠᠬᠤ ᠪᠣᠳᠠᠲᠠᠶ ᠲᠥᠷᠥ᠎ᠶ᠋ᠢᠨ ᠪᠣᠳᠣᠯᠭ᠎ᠠ᠎ᠶ᠋ᠢ ᠬᠡᠷᠡᠭ᠌ᠵᠢᠭᠦᠯᠦᠭᠡᠳᠦᠢ ᠪᠣᠯ ᠮᠥᠨ ᠬᠦ᠌ ᠡᠮᠦᠨᠡᠬᠢ ᠦᠨ᠎ᠡ᠎ᠪᠡᠷ ᠵᠣᠭᠣᠰ ᠲᠤᠰᠢᠶᠠᠨ᠎ᠠ᠂ ᠡᠨᠡ ᠨᠢ ᠣᠳᠣᠬᠠᠨ᠎ᠤ ᠨᠥᠬᠥᠪᠥᠷᠢ᠎ᠶ᠋ᠢ 1 ᠰᠠᠷ᠎ᠠ᠎ᠶ᠋ᠢᠨ 1᠎ᠡᠴᠡ ᠡᠬᠢᠯᠡᠨ ᠬᠦᠴᠦᠨ ᠦᠭᠡᠶ ᠪᠣᠯᠭᠠᠨ᠎ᠠ ᠭᠡᠰᠡᠨ ᠦᠭᠡ ᠪᠢᠰᠢ ᠬᠡᠵᠡᠢ᠃

ᠳᠤᠮᠳᠠᠳᠤ ᠤᠯᠤᠰ᠎ᠤᠨ ᠮᠠᠱᠢᠨ ᠲᠡᠷᠭᠡᠨ᠎ᠦ ᠭᠦᠶ᠋ᠯᠭᠡᠭᠡᠨ᠎ᠦ ᠨᠡᠢᠭᠡᠮᠯᠢᠭ᠎ᠦᠨ ᠮᠠᠱᠢᠨ ᠲᠡᠷᠭᠡᠨ᠎ᠦ ᠵᠠᠬ᠎ᠠ ᠳᠡᠯᠭᠡᠭᠦᠷ᠎ᠦᠨ ᠰᠤᠳᠤᠯᠭᠠᠨ᠎ᠤ ᠬᠤᠪᠢᠶᠠᠷᠢ ᠨᠡᠢᠭᠡᠮᠯᠢᠭ᠎ᠦᠨ ᠨᠠᠷᠢᠨ ᠪᠢᠴᠢᠭ᠎ᠦᠨ ᠳᠠᠷᠤᠭ᠎ᠠ ᠼᠦᠢ ᠳ᠋ᠦᠩ ᠱᠦ᠍᠄ ᠢᠷᠡᠭᠡᠳᠦᠶ᠎ᠶ᠋ᠢᠨ ᠨᠥᠬᠥᠪᠥᠷᠢ᠎ᠶ᠋ᠢᠨ ᠱᠢᠨ᠎ᠡ ᠡᠨᠧᠷᠭᠢ᠎ᠶ᠋ᠢᠨ ᠮᠠᠱᠢᠨ ᠲᠡᠷᠭᠡᠨ᠎ᠦ ᠬᠥᠭ᠌ᠵᠢᠯᠲᠡ᠎ᠳᠦ ᠦᠵᠡᠭᠦᠯᠬᠦ᠌ ᠨᠥᠯᠥᠭᠡ ᠪᠤᠶᠤ ᠠᠬᠢᠭᠤᠯᠬᠤ ᠦᠶ᠋ᠯᠡᠳᠦᠯ᠎ᠨᠢ ᠶᠡᠬᠡ᠎ᠪᠡᠷ ᠪᠠᠭᠠᠰᠴᠤ᠌ ᠪᠠᠢᠨ᠎ᠠ᠂ ᠮᠠᠱᠢᠨ ᠲᠡᠷᠭᠡᠨ᠎ᠦ ᠠᠵᠤ ᠠᠬᠤᠢᠯᠠᠯ᠎ᠤᠨ᠎ᠬᠢᠨ ᠰᠡᠭᠦᠯᠴᠢ᠎ᠶ᠋ᠢᠨ ᠨᠥᠬᠥᠪᠥᠷᠢ᠎ᠶ᠋ᠢᠨ ᠴᠠᠭ ᠦᠶ᠎ᠡ᠎ᠳᠦ ᠵᠠᠬ᠎ᠠ ᠳᠡᠯᠭᠡᠭᠦᠷ᠎ᠲᠦ ᠪᠦᠷᠢᠮᠦᠰᠦᠨ ᠲᠦᠱᠢᠭ᠌ᠯᠡᠨ ᠱᠢᠨ᠎ᠡ ᠡᠨᠧᠷᠭᠢ᠎ᠶ᠋ᠢᠨ ᠮᠠᠱᠢᠨ ᠲᠡᠷᠭᠡᠨ᠎ᠦ ᠨᠡᠮᠡᠭ᠌ᠳᠡᠯ᠎ᠢ ᠠᠬᠢᠭᠤᠯᠬᠤ ᠴᠢᠭ᠌ᠯᠡᠯ᠎ᠢ ᠪᠣᠳᠣᠯᠬᠢᠯᠠᠵᠤ᠂ ᠱᠢᠨ᠎ᠡ ᠡᠨᠧᠷᠭᠢ᠎ᠶ᠋ᠢᠨ ᠮᠠᠱᠢᠨ ᠲᠡᠷᠭᠡᠨ᠎ᠦ ᠦᠶ᠋ᠯᠡᠳᠬᠦᠨ᠎ᠦ ᠷᠢᠳᠢ ᠱᠢᠳᠢ᠎ᠶ᠋ᠢ ᠨᠡᠮᠡᠭ᠌ᠳᠡᠭᠦᠯᠬᠦ᠌ ᠬᠡᠷᠡᠭ᠌ᠲᠡᠶ ᠭᠡᠵᠤ ᠶᠠᠷᠢᠭᠰᠠᠨ ᠪᠠᠢᠨ᠎ᠠ᠃


ᠢᠷᠡᠯᠳᠡ᠄ ᠲᠤᠮᠳᠠᠳᠦ ᠤᠯᠤᠰ᠎ᠤᠨ ᠠᠵᠤ ᠠᠬᠤᠢ ᠰᠦᠯᠵᠢᠶ᠎ᠡ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号