ᠬᠡᠮᠡᠷᠯᠢᠭ ᠳᠤᠭ ᠁
2022-01-10 10:37:13
ᠵᠣᠬᠢᠶᠠᠭ᠍ᠴᠢ᠄
ᠤᠷᠭᠤᠮᠠᠯ
ᠣᠩᠱᠢᠭ᠍ᠰᠠᠨ ᠣᠳᠠᠭ᠎ᠠ᠄
★★★☆☆

2021 ᠣᠨ᠎ᠤ 12 ᠰᠠᠷ᠎ᠠ᠎ᠶ᠋ᠢᠨ 15 ᠎ᠤ᠋ ᠡᠳᠦᠷ᠂ ᠬᠦᠬᠡᠬᠤᠳᠠ᠎ᠵᠢᠨ ᠮᠤᠩᠭᠤᠯ ᠬᠢᠳᠠᠳ ᠡᠮᠨᠡᠯᠭᠡ᠎ᠵᠢᠨ ᠬᠤᠷᠢᠶᠠᠨ᠎ᠤ ᠮᠣᠩᠭᠣᠯ ᠡᠮᠨᠡᠯᠭᠡ᠎ᠶ᠋ᠢᠨ ᠶᠠᠰᠤᠨ᠎ᠤ ᠭᠡᠮᠲᠦᠯ᠎ᠦᠨ ᠰᠠᠯᠠᠭᠠᠨ᠎ᠤ ᠠᠯᠪᠠᠨ ᠭᠡᠷ ᠲᠦ᠍ ᠬᠡᠳᠦᠨ ᠡᠮᠴᠢ ᠦᠪᠡᠷ᠎ᠦᠪᠡᠷ᠎ᠤᠨ ᠠᠵᠢᠯ᠎ᠳᠠᠭᠠᠨ ᠶᠠᠭᠠᠷᠠᠵᠠᠭᠠᠨ᠎ᠠ᠂ ᠰᠤᠷᠤᠨ᠎ᠠ ᠡᠮᠴᠢ ᠴᠦ᠍ ᠡᠪᠡᠳᠴᠢᠳᠡᠨ᠎ᠤ ᠪᠡᠨ ᠡᠮᠨᠡᠬᠦᠯᠦᠭᠰᠡᠨ ᠲᠡᠦᠬᠡ᠎ᠵᠢ ᠬᠢᠨᠠᠮᠠᠭᠠᠢ ᠪᠢᠴᠢᠵᠦ ᠰᠠᠭᠤᠨ᠎ᠠ᠂ ᠬᠠᠭᠠᠯᠭ᠎ᠠ ᠲᠤᠭᠰᠢᠬᠤ ᠳᠠᠭᠤᠨ᠎ᠵᠢᠡᠷ ᠲᠤᠯᠤᠭᠠᠢ ᠦᠨᠳᠡᠢᠬᠦ ᠎ᠳᠦ᠂ ᠨᠢᠭᠡᠨᠳᠡ ᠢᠯᠡᠷᠢᠰᠢᠵᠦ ᠡᠮᠨᠡᠯᠭᠡ ᠡᠴᠡ ᠭᠠᠷᠤᠭᠰᠠᠨ ᠡᠪᠡᠳᠴᠢᠲᠡᠨ ᠸᠠᠩ ᠣᠪᠣᠭ᠍ᠲᠤ ᠬᠡᠮᠡᠷᠯᠢᠭ ᠲᠤᠭ᠎ᠵᠢᠡᠨ ᠬᠢᠴᠢᠶᠡᠩᠬᠦᠢᠯᠡᠨ ᠪᠠᠷᠢᠭᠰᠠᠭᠠᠷ᠄《ᠪᠢ ᠰᠦ᠍ᠷᠤᠨ᠎ᠠ ᠡᠮᠴᠢ᠎ᠳᠤ ᠲᠠᠯᠠᠷᠬᠠᠬᠤ ᠪᠡᠷ ᠢᠷᠡᠯ᠎ᠡ᠂ ᠡᠨᠡ ᠮᠠᠭᠤ ᠬᠦᠯ᠎ᠢ ᠤᠯᠠᠨ ᠭᠠᠵᠠᠷ ᠡᠮᠨᠡᠬᠦᠯᠦᠭᠰᠡᠨ ᠪᠤᠯᠪᠠᠴᠤ ᠳᠤᠰᠠ ᠭᠠᠷᠤᠭᠰᠠᠨ ᠦᠭᠡᠢ᠂ ᠰᠦ᠍ᠷᠤᠨ᠎ᠠ ᠡᠮᠴᠢ᠎ᠪᠡᠷ ᠬᠠᠭᠠᠰ ᠰᠠᠷ᠎ᠠ ᠡᠮᠨᠡᠬᠦᠯᠦᠭᠰᠡᠨ ᠴᠢᠨᠢ ᠠᠯᠬᠤᠬᠤ᠎ᠳᠦ ᠬᠦᠯ ᠠᠶ᠎ᠠ ᠪᠡᠷ ᠵᠠᠷᠤᠭᠳᠠᠵᠦ᠂ ᠰᠠᠨᠳᠤᠷᠤᠭᠰᠠᠭᠠᠷ ᠪᠢ ᠴᠢᠨᠢ ᠪᠠᠰᠠ ᠭᠠᠷᠤᠭᠠᠳ ᠬᠦᠶᠦᠴᠢᠬᠡᠨ᠎ᠡ》ᠭᠡᠵᠦ ᠪᠠᠶᠠᠷᠯᠠᠬᠤ᠎ᠳᠠᠭᠠᠨ ᠨᠢᠯᠪᠤᠰᠤ ᠠᠰᠬᠠᠷᠠᠭᠤᠯᠤᠭᠰᠠᠭᠠᠷ ᠬᠡᠮᠡᠷᠯᠢᠭ ᠲᠤᠭ᠎ᠵᠢᠡᠨ ᠰᠤᠷᠤᠨ᠎ᠠ ᠡᠮᠴᠢ᠎ᠳᠦ ᠬᠢᠴᠢᠶᠡᠩᠬᠦᠢᠯᠡᠨ ᠭᠠᠷᠳᠠᠭᠤᠯᠤᠨ᠎ᠠ᠃


QQ图片20220110095309.png


《ᠰᠤᠷᠤᠨ᠎ᠠ ᠡᠮᠴᠢ᠎ᠵᠢᠨ ᠡᠪᠡᠳᠴᠢᠳᠡᠨ ᠨᠢ ᠪᠠᠰᠠ ᠬᠡᠮᠡᠷᠯᠢᠭ ᠲᠤᠭ ᠬᠦᠷᠭᠡᠵᠤ ᠢᠷᠡᠵᠠᠢ ᠁》ᠬᠡᠵᠦ ᠬᠠᠮᠳᠦ ᠠᠵᠢᠯᠯᠠᠭᠰᠠᠳ ᠨᠢ ᠬᠤᠭᠤᠷᠤᠨᠳᠦ ᠪᠡᠨ ᠬᠡᠯᠡᠯᠴᠡᠨ᠎ᠡ᠃

ᠲᠡᠢᠮᠦ ᠡ᠂ ᠡᠨᠡ ᠦᠵᠡᠭᠳᠡᠯ ᠡᠨᠳᠡ ᠳᠠᠩᠳᠠ ᠢᠯᠡᠷᠡᠳᠡᠭ᠃ ᠰᠤᠷᠤᠨ᠎ᠠ ᠡᠮᠴᠢ ᠠᠵᠢᠯ᠎ᠤᠨ ᠭᠠᠷᠤᠭ᠎ᠠ ᠪᠡᠨ ᠠᠪᠤᠭᠰᠠᠨ ᠡᠴᠡ ᠨᠠᠭᠠᠰᠢ ᠨᠢᠭᠡᠨᠳᠡ ᠠᠷᠪᠡᠨ ᠬᠡᠳᠦᠨ ᠬᠡᠮᠡᠷᠯᠢᠭ ᠲᠤᠭ ᠲᠤᠰᠤᠭᠰᠠᠨ ᠪᠠᠢᠪᠠ᠃

ᠰᠤᠷᠤᠨ᠎ᠠ ᠪᠣᠯ ᠬᠥᠬᠡᠬᠣᠲᠠ᠎ᠶ᠋ᠢᠨ ᠮᠣᠩᠭᠣᠯ ᠬᠢᠲᠠᠳ ᠡᠮᠨᠡᠯᠭᠡ᠎ᠶ᠋ᠢᠨ ᠬᠣᠷᠢᠶᠠᠨ᠎ᠤ ᠮᠣᠩᠭᠣᠯ ᠡᠮᠨᠡᠯᠭᠡ᠎ᠶ᠋ᠢᠨ ᠶᠠᠰᠤᠨ᠎ᠤ ᠭᠡᠮᠲᠦᠯ᠎ᠦᠨ ᠰᠠᠯᠠᠭᠠᠨ᠎ᠤ ᠡᠮᠴᠢ᠃ 2017 ᠣᠨ᠎ᠳᠤ᠂ ᠥᠪᠥᠷ ᠮᠣᠩᠭᠣᠯ᠎ᠤᠨ ᠠᠨᠠᠭᠠᠬᠤ ᠤᠬᠠᠭᠠᠨ᠎ᠤ ᠶᠡᠬᠡ ᠰᠤᠷᠭᠠᠭᠤᠯᠢ᠎ᠶ᠋ᠢᠨ ᠠᠰᠫᠢᠷᠠᠨᠲ᠎ᠤᠨ ᠳᠡᠭᠡᠳᠦ ᠰᠤᠷᠭᠠᠭᠤᠯᠢ᠎ᠠᠴᠠ ᠲᠡᠭᠦᠰᠴᠦ᠍᠂ ᠲᠤᠰ ᠵᠢᠯ᠎ᠦᠨ 9 ᠰᠠᠷ᠎ᠠ᠎ᠳᠤ ᠬᠥᠬᠡᠬᠣᠲᠠ᠎ᠶ᠋ᠢᠨ ᠮᠣᠩᠭᠣᠯ ᠬᠢᠲᠠᠳ ᠡᠮᠨᠡᠯᠭᠡ᠎ᠶ᠋ᠢᠨ ᠬᠣᠷᠢᠶᠠᠨ᠎ᠤ ᠮᠣᠩᠭᠣᠯ ᠡᠮᠨᠡᠯᠭᠡ᠎ᠶ᠋ᠢᠨ ᠶᠠᠰᠤᠨ᠎ᠤ ᠭᠡᠮᠲᠦᠯ᠎ᠦᠨ ᠰᠠᠯᠠᠭ᠎ᠠ᠎ᠳᠤ ᠠᠵᠢᠯ᠎ᠤᠨ ᠭᠠᠷᠤᠭ᠎ᠠ ᠪᠡᠨ ᠡᠬᠢᠯᠡᠭᠦᠯᠪᠠ᠃ ᠲᠡᠷᠡ ᠶᠠᠰᠤᠨ᠎ᠤ ᠰᠠᠯᠠᠭ᠎ᠠ᠎ᠶ᠋ᠢᠨ ᠪᠠᠢᠩᠭᠤ ᠲᠣᠬᠢᠶᠠᠯᠳᠤᠳᠠᠭ ᠶᠠᠰᠤᠨ᠎ᠤ ᠦᠶ᠎ᠡ᠎ᠶ᠋ᠢᠨ ᠡᠪᠡᠳᠴᠢᠨ᠎ᠢ ᠣᠨᠣᠱᠢᠯᠠᠨ ᠵᠠᠰᠠᠬᠤ ᠵᠢᠴᠢ ᠶᠠᠰᠤᠨ᠎ᠤ ᠡᠳ᠋ ᠰᠡᠢᠷᠡᠭ᠌ᠵᠢᠬᠦ᠌᠎ᠶ᠋ᠢ ᠣᠨᠣᠱᠢᠯᠠᠨ ᠵᠠᠰᠠᠬᠤ ᠠᠵᠢᠯ᠎ᠢ ᠪᠣᠯᠪᠠᠰᠤᠷᠠᠩᠭᠤᠢ ᠡᠵᠡᠮᠱᠢᠵᠦ᠍᠂ ᠤᠯᠤᠰ᠂ ᠥᠪᠡᠷᠲᠡᠭᠡᠨ ᠵᠠᠰᠠᠬᠤ ᠣᠷᠣᠨ᠎ᠤ ᠲᠡᠰ᠎ᠤᠨ ᠤᠯᠠᠨ ᠵᠦᠢᠯ᠎ᠦᠨ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠲᠦᠷᠦᠯ ᠵᠦᠢᠯ᠎ᠳᠦ ᠣᠷᠣᠯᠴᠠᠵᠤ᠂ ᠥᠪᠡᠷᠲᠡᠭᠡᠨ ᠵᠠᠰᠠᠬᠤ ᠣᠷᠣᠨ᠎ᠤ ᠮᠣᠩᠭᠣᠯ ᠡᠮᠨᠡᠯᠭᠡ᠎ᠶ᠋ᠢᠨ ᠤᠨᠴᠠᠯᠢᠬ᠍ᠳᠤ ᠳᠠᠪᠠᠭᠤᠯᠢᠭᠳᠦ ᠭᠣᠣᠯᠳᠠᠯᠭ᠎ᠠ᠎ᠲᠠᠶ ᠲᠤᠰᠭᠠᠢ ᠰᠠᠯᠠᠭᠠᠨ᠎ᠤ ᠪᠦᠳᠦᠭᠡᠨ ᠪᠠᠢᠭᠤᠯᠤᠯᠲᠠ᠎ᠶ᠋ᠢᠨ ᠠᠵᠢᠯ᠂ ᠬᠥᠬᠡᠬᠣᠲᠠ᠎ᠶ᠋ᠢᠨ ᠮᠣᠩᠭᠣᠯ ᠬᠢᠲᠠᠳ ᠡᠮᠨᠡᠯᠭᠡ᠎ᠶ᠋ᠢᠨ ᠬᠣᠷᠢᠶᠠᠨ᠎ᠤ ᠮᠣᠩᠭᠣᠯ ᠡᠮᠨᠡᠯᠭᠡ᠎ᠶ᠋ᠢᠨ ᠶᠠᠰᠤᠨ᠎ᠤ ᠡᠳ᠋ ᠰᠡᠢᠷᠡᠭ᠌ᠵᠢᠬᠦ᠌᠎ᠶ᠋ᠢ ᠡᠮᠨᠡᠨ ᠵᠠᠰᠠᠬᠤ ᠤᠯᠠᠨ ᠤᠯᠤᠰ᠎ᠤᠨ ᠬᠠᠮᠲᠤᠷᠠᠯᠴᠠᠭᠠᠨ᠎ᠤ ᠠᠺᠠᠳᠧᠮᠢᠴᠢ᠎ᠶ᠋ᠢᠨ ᠲᠤᠰᠭᠠᠢ ᠮᠡᠷᠭᠡᠵᠢᠯᠲᠡᠨ᠎ᠦ ᠦᠷᠳᠡᠭᠡ᠎ᠶ᠋ᠢᠨ ᠪᠦᠳᠦᠭᠡᠨ ᠪᠠᠢᠭᠤᠯᠤᠯᠲᠠ᠎ᠶ᠋ᠢᠨ ᠠᠵᠢᠯ᠎ᠳᠦ ᠭᠤᠤᠯ ᠤᠷᠤᠯᠴᠠᠵᠤ ᠪᠠᠢᠬᠤ ᠪᠦᠬᠡᠳ ᠮᠣᠩᠭᠣᠯ ᠡᠮᠨᠡᠯᠭᠡ᠎ᠶ᠋ᠢᠨ ᠶᠠᠰᠤᠨ᠎ᠤ ᠭᠡᠮᠲᠦᠯ᠎ᠦᠨ ᠲᠣᠭᠠᠴᠢᠯᠠᠭ᠍ᠰᠠᠨ ᠠᠨᠠᠭᠠᠬᠤ ᠤᠬᠠᠭᠠᠨ᠎ᠤ ᠰᠤᠳᠤᠯᠭᠠᠨ᠎ᠤ ᠲᠥᠪ᠎ᠦᠨ ᠲᠤᠷᠱᠢᠯᠲᠠ᠎ᠶ᠋ᠢᠨ ᠲᠠᠰᠤᠭ᠎ᠤᠨ ᠡᠷᠬᠢᠯᠡᠭ᠌ᠴᠢ᠎ᠶ᠋ᠢᠨ ᠲᠤᠱᠢᠶᠠᠯ᠎ᠢ ᠬᠠᠷᠢᠭᠤᠴᠠᠪᠠ᠃

ᠶᠠᠰᠤᠨ᠎ᠤ᠋ ᠬᠡᠮᠳᠦᠯ᠎ᠤᠨ ᠰᠠᠯᠠᠭ᠎ᠠ᠎ᠳᠤ ᠠᠵᠢᠯᠯᠠᠭ᠍ᠰᠠᠨ 4 ᠵᠢᠯ᠎ᠭᠠᠷᠤᠢ ᠵᠢᠨ ᠲᠤᠷᠰᠢ᠂ ᠲᠡᠷᠡ ᠪᠡᠷ ᠡᠪᠡᠳᠴᠢᠲᠡᠨ ᠨᠢᠭᠡᠪᠦᠷᠢ᠎ᠳᠤ ᠦᠪᠡᠷ᠎ᠤᠨ ᠡᠯᠢᠭᠡᠨ ᠰᠠᠳᠤᠨ᠎ᠵᠢᠡᠨ ᠰᠢᠬ ᠡᠶᠡᠯᠳᠡᠭ ᠲᠤᠳᠤᠨᠤ ᠬᠠᠨᠳᠦᠵᠦ᠂ ᠡᠪᠡᠳᠴᠢᠲᠡᠨ᠎ᠦ ᠪᠡᠨ ᠢᠳᠡᠭᠡᠯ ᠬᠦᠨᠳᠦ᠎ᠵᠢ ᠤᠯᠤᠭᠰᠠᠨ ᠪᠠᠢᠨ᠎ᠠ᠃ ᠡᠳᠦᠷ ᠲᠤᠲᠤᠮ᠎ᠤᠨ ᠣᠨᠣᠱᠢᠯᠠᠨ ᠵᠠᠰᠠᠬᠤ ᠠᠵᠢᠯ᠎ᠳᠤᠮᠳᠠ ᠪᠡᠨ᠂ ᠰᠤᠷᠤᠨ᠎ᠠ ᠡᠮᠴᠢ ᠡᠪᠡᠳᠴᠢᠲᠡᠨ ᠨᠢᠭᠡᠪᠦᠷᠢ᠎ᠶ᠋ᠢᠨ ᠡᠪᠡᠳᠴᠢᠨ᠎ᠦ ᠪᠠᠢᠳᠠᠯ᠎ᠢ ᠬᠦᠯᠢᠴᠡᠩᠭᠦᠶ ᠪᠥᠭᠡᠳ ᠨᠢᠮᠪᠠᠢ ᠵᠠᠳᠠᠯᠵᠤ᠂ ᠲᠡᠳᠡᠨ ᠤ᠋ ᠡᠪᠡᠳᠴᠢᠨ᠎ᠦ ᠪᠠᠢᠳᠠᠯ᠂ ᠪᠡᠶ᠎ᠡ ᠮᠠᠬᠠᠪᠣᠳ᠎ᠢ ᠦᠨᠳᠦᠰᠦᠯᠡᠨ᠂ ᠲᠤᠰᠭᠠᠶ ᠮᠡᠷᠭᠡᠵᠢᠯ᠎ᠦᠨ ᠲᠠᠯ᠎ᠠ᠎ᠠᠴᠠ ᠡᠪᠡᠳᠴᠢᠨ᠎ᠤ ᠰᠢᠯᠳᠠᠭᠠᠨ᠎ᠢ ᠨᠠᠷᠢᠨ ᠬᠢᠨᠠᠮᠠᠭᠠᠶ ᠵᠠᠳᠠᠯᠤᠨ ᠱᠢᠨᠵᠢᠯᠡᠵᠦ᠍᠂ ᠡᠮᠨᠡᠨ ᠵᠠᠰᠠᠬᠤ ᠲᠥᠰᠦᠯ᠎ᠵᠢᠡᠨ ᠲᠣᠭ᠍ᠲᠠᠭᠠᠳᠠᠭ᠃

2021 ᠤᠨ᠎ᠦ 8 ᠰᠠᠷ᠎ᠠ ᠳ᠋ᠤ ᠳᠤᠬᠢᠶᠠᠯᠳᠤᠭᠰᠠᠨ ᠤᠴᠢᠷ ᠪᠢᠯᠡ᠃ 16 ᠨᠠᠰᠤᠲᠠᠢ ᠺᠦᠡᠭ ᠣᠪᠣᠭ᠍ᠲᠤ᠂ ᠬᠥᠳᠡᠯᠵᠦ ᠪᠠᠷᠢᠬᠤ᠎ᠳᠦᠨᠢ ᠰᠠᠭᠠᠳ ᠤᠴᠠᠷᠠᠵᠦ᠂ 20 ᠡᠳᠦᠷ᠎ᠦᠨ ᠬᠢᠨᠢ ᠳᠠᠷᠠᠭ᠎ᠠ ᠰᠤᠷᠤᠨ᠎ᠠ ᠡᠮᠴᠢ ᠪᠡᠷ ᠢᠷᠡᠵᠦ ᠡᠮᠨᠡᠬᠦᠯᠪᠡ᠃ ᠡᠭᠦᠨ᠎ᠡᠴᠡ ᠡᠮᠦᠨ᠎ᠡ ᠲᠤᠰ ᠡᠪᠡᠳᠴᠢᠳᠡᠨ ᠨᠢᠭᠡᠨᠳᠡ ᠪᠤᠰᠤᠳ ᠡᠮᠨᠡᠯᠭᠡ᠎ᠵᠢᠨ ᠬᠤᠷᠢᠶ᠎ᠠ᠎ᠵᠢᠨ ᠡᠭᠦᠳᠡᠨ ᠡᠮᠨᠡᠯᠭᠡ᠎ᠳᠦ ᠬᠦᠷᠴᠦ ᠬᠦᠵᠦᠭᠦᠦ ᠰᠡᠭᠡᠷ ᠴᠡᠭᠡᠵᠢᠨ᠎ᠤ ᠴᠥᠮ᠎ᠡ᠎ᠶ᠋ᠢᠨ ᠰᠣᠷᠢᠨᠵᠢᠨ᠎ᠤ ᠪᠠᠢᠴᠠᠭᠠᠯᠳᠠ᠂ ᠲᠣᠯᠣᠭᠠᠢ᠎ᠶ᠋ᠢᠨ ᠬᠡᠰᠡᠭ᠎ᠦᠨ CT ᠪᠠᠢᠴᠠᠭᠠᠯᠳᠠ ᠵᠢᠴᠢ ᠡᠯ᠎ᠡ ᠵᠦᠢᠯ᠎ᠦᠨ ᠭᠦᠢᠴᠡᠳᠭᠡᠬᠦ᠌ ᠲᠣᠭ᠎ᠠ᠎ᠶ᠋ᠢ ᠪᠠᠢᠴᠠᠭᠠᠭᠠᠳ ᠬᠡᠳᠦᠨ ᠮᠢᠩᠭᠠᠨ ᠲᠦᠭᠦᠷᠢᠭ ᠵᠠᠷᠤᠴᠠᠭᠤᠯᠤᠭᠠᠳ ᠪᠠᠰᠠ ᠤᠨᠤᠪᠴᠢᠳᠠᠢ ᠦᠷ᠎ᠡ ᠳ᠋ᠦᠩ ᠤᠯᠵᠦ ᠴᠢᠳᠠᠭᠰᠠᠨ ᠦᠭᠡᠢ᠂ ᠴᠠᠭᠠᠰᠢᠯᠠᠪᠠᠯ ᠡᠮᠴᠢ ᠡᠴᠡ ᠪᠤᠯᠴᠢᠡᠭ ᠮᠢᠬᠠᠨ ᠤ᠋ ᠠᠪᠴᠢᠯ ᠪᠠ ᠬᠠᠳᠠᠭᠤᠷᠠᠯ ᠡᠪᠡᠳᠴᠢᠨ(ᠶᠡᠷᠦᠳᠡᠬᠡᠨ ᠪᠠᠰᠠ ᠠᠭᠠᠵᠢᠮ ᠵᠢᠡᠷ ᠬᠦᠯᠳᠡᠬᠦ ᠡᠪᠡᠳᠴᠢᠨ)ᠭᠡᠵᠦ᠍ ᠮᠠᠭᠠᠳᠯᠠᠭᠠᠳ ᠪᠡᠭᠡᠵᠢᠩ᠎ᠳᠦ ᠣᠴᠢᠵᠤ ᠡᠮᠨᠡᠭᠦᠯᠬᠦ᠌᠎ᠵᠢ ᠰᠠᠨᠠᠭᠤᠯᠪᠠ᠃ ᠰᠤᠷᠤᠨ᠎ᠠ ᠡᠮᠴᠢ᠎ᠵᠢᠨ ᠤᠢᠯᠠᠭᠠᠭᠰᠠᠨ᠎ᠵᠢᠡᠷ᠂ ᠡᠨᠡ ᠬᠡᠦᠬᠡᠳ᠎ᠤᠨ ᠭᠡᠷ ᠨᠢ ᠬᠥᠳᠡᠭᠡ᠎ᠳᠦ ᠪᠠᠢᠳᠠᠭ᠂ ᠠᠪᠤ ᠡᠵᠢ᠎ᠨᠢ ᠦᠷᠭᠦᠯᠵᠢ ᠭᠠᠳᠠᠭ᠍ᠰᠢ ᠭᠠᠷᠴᠤ᠌ ᠬᠥᠯᠥᠰᠥᠨ ᠠᠵᠢᠯ ᠬᠢᠵᠦ᠂ ᠥᠪᠡᠷ᠎ᠢᠶᠡᠨ ᠬᠣᠭᠣᠯᠠ ᠬᠢᠵᠦ᠍ ᠴᠢᠳᠠᠬᠤ ᠥᠬᠡᠶ ᠪᠣᠯᠬᠣᠷ ᠳᠣᠯᠣᠭ᠎ᠠ ᠨᠠᠶ᠋ᠮᠠᠨ ᠨᠠᠰᠤᠨ᠎ᠠᠴᠠ ᠪᠡᠨ ᠡᠬᠢᠯᠡᠨ ᠡᠳᠦᠷ ᠪᠦᠷᠢ ᠲᠥᠬᠥᠮ ᠮᠢᠨᠲᠤᠤᠷ᠎ᠢᠶᠠᠷ ᠭᠤᠤᠯ ᠢᠳᠡᠭᠡᠨ ᠪᠣᠯᠭᠠᠵᠤ ᠢᠷᠡᠵᠠᠢ᠂ ᠡᠭᠦᠨ᠎ᠡᠴᠡ ᠡᠮᠦᠨ᠎ᠡ ᠦᠷᠭᠦᠯᠵᠢ ᠲᠣᠯᠣᠭᠠᠶ ᠡᠷᠭᠢᠬᠦ᠌ ᠵᠡᠷᠭᠡ ᠪᠠᠢᠳᠠᠯ ᠭᠠᠷᠳᠠᠭ᠂ ᠡᠨᠡ ᠤᠳᠠᠭ᠎ᠠ ᠡᠪᠡᠳᠴᠢᠯᠡᠬᠦ ᠡᠴᠡ ᠡᠮᠦᠨ᠎ᠡ ᠪᠠᠰᠠ ᠨᠢᠭᠡ ᠰᠦᠨᠢ ᠴᠤᠩᠬᠤ ᠪᠡᠨ ᠨᠡᠭᠡᠭᠡᠵᠦ ᠤᠨᠳᠠᠭᠠᠳ ᠬᠤᠯᠠᠭᠠᠢ ᠵᠢᠪᠠᠷ ᠲᠦ᠍ ᠴᠤᠬᠢᠭᠤᠯᠤᠭᠰᠠᠨ ᠮᠠᠭᠠᠳ ᠬᠡᠨ᠎ᠡ᠃ ᠡᠳᠡᠭᠡᠷ ᠪᠠᠢᠳᠠᠯ᠎ᠢ ᠣᠢᠯᠠᠭᠠᠭ᠍ᠰᠠᠨ ᠎ᠤ ᠳᠠᠷᠠᠭ᠎ᠠ᠂ ᠰᠤᠷᠤᠨ᠎ᠠ ᠡᠮᠴᠢ ᠡᠷᠭᠢᠨ ᠲᠣᠭᠣᠷᠢᠨ᠎ᠤ ᠬᠥᠮᠦᠰ᠎ᠦᠨ ᠤᠯᠠᠨᠳᠠ ᠢᠳᠭᠠᠭᠰᠠᠨ ᠳᠠᠷᠤᠯᠲᠠ ᠎ᠶ᠋ᠢᠨ ᠳᠤᠤᠷ᠎ᠠ ᠡᠪᠡᠳᠴᠢᠲᠡᠨ᠎ᠢ ᠬᠡᠳᠦᠨ ᠡᠳᠦᠷ ᠦᠯᠡᠳᠡᠭᠡᠨ ᠡᠮᠨᠡᠨ ᠵᠠᠰᠠᠬᠤ᠎ᠪᠠᠷ ᠰᠡᠳᠬᠢᠯ ᠰᠢᠭᠤᠳᠪᠠ᠃ ᠤᠴᠢᠷ᠎ᠨᠢ᠂ ᠬᠡᠷᠪᠡ ᠲᠡᠷᠡ ᠬᠦᠯᠢᠶᠡᠨ ᠠᠪᠴᠦ ᠡᠮᠨᠡᠨ ᠵᠠᠰᠠᠬᠤ ᠦᠭᠡᠢ ᠪᠤᠯ ᠡᠪᠡᠳᠴᠢᠲᠡᠨ ᠨᠠᠩ ᠣᠯᠠᠨ ᠵᠤᠭᠤᠰ ᠮᠦᠩᠬᠦ ᠵᠠᠷᠤᠴᠠᠭᠤᠯᠵᠤ᠂ ᠠᠮᠢᠳᠤᠷᠠᠯ᠎ᠳᠠᠭᠠᠨ ᠨᠡᠩ ᠶᠡᠬᠡ ᠳᠠᠷᠤᠭᠠᠰᠦ ᠠᠪᠴᠢᠷᠠᠬᠤ ᠡᠴᠡ ᠵᠤᠪᠠᠨᠢᠵᠦ᠂ ᠴᠢᠨᠠᠭ᠍ᠰᠢᠯᠠᠨ ᠡᠮᠨᠡᠬᠦᠯᠬᠦ ᠪᠡᠨ ᠵᠤᠭᠰᠤᠵᠦ ᠴᠸ᠋ ᠮᠡᠳᠡᠨ᠎ᠠ ᠭᠡᠳᠡᠭ᠎ᠢ ᠲᠡᠷᠡ ᠰᠠᠢᠨ ᠮᠡᠳᠡᠨ᠎ᠡ᠃《ᠰᠠᠢᠨ ᠰᠠᠨᠠᠭᠠᠨ᠎ᠤ ᠦᠵᠦᠬᠦᠷ ᠰᠦ》 ᠭᠡᠳᠡᠭᠴᠢᠯᠡᠨ᠂ ᠡᠳᠦᠷ ᠪᠦᠷᠢ ᠵᠡᠭᠦᠦ ᠲᠥᠭᠡᠨᠡᠯᠭᠡ᠂ ᠠᠬᠢ ᠡᠪᠡᠰᠦᠨ᠎ᠤ ᠲᠥᠭᠡᠨᠡᠯᠭᠡ᠎ᠶ᠋ᠢ ᠮᠣᠩᠭᠣᠯ ᠡᠮ ᠲᠠᠢ ᠤᠶᠠᠯᠳᠤᠭᠤᠯᠤᠨ ᠵᠠᠰᠠᠭᠰᠠᠨ ᠵᠢᠡᠷ ᠡᠪᠡᠳᠴᠢᠲᠡᠨ᠎ᠦ ᠡᠪᠡᠳᠬᠦ᠌ ᠨᠢ ᠮᠠᠰᠢ ᠲᠦᠷᠭᠡᠨ ᠨᠠᠮᠳᠠᠵᠤ᠂ ᠬᠡᠪ᠎ᠦᠨ ᠪᠠᠢᠳᠠᠯ᠎ᠢᠶᠠᠷ ᠶᠠᠪᠤᠵᠤ ᠰᠠᠭᠤᠵᠦ ᠴᠢᠳᠠᠬᠤ ᠪᠤᠯᠵᠠᠢ᠃ ᠡᠪᠡᠳᠴᠢᠨ ᠨᠢ ᠢᠯᠡᠷᠢᠰᠢᠵᠦ᠂ ᠡᠨᠡ ᠬᠡᠦᠬᠡᠳ ᠰᠤᠷᠤᠨ᠎ᠠ ᠡᠮᠴᠢ᠎ᠳᠦ ᠲᠠᠯᠠᠷᠬᠠᠭᠰᠠᠨ ᠰᠡᠳᠬᠢᠯᠭᠡ ᠪᠡᠨ ᠢᠯᠡᠳᠬᠡᠬᠦ ᠪᠡᠷ ᠬᠡᠮᠡᠷᠯᠢᠭ ᠲᠤᠭ ᠬᠦᠷᠭᠡᠵᠦ᠄ 《ᠪᠢ ᠡᠨᠳᠡ ᠢᠷᠡᠭᠡᠳ ᠳᠡᠮᠡᠢ ᠵᠣᠭᠣᠰ ᠵᠠᠷᠤᠴᠠᠭᠤᠯᠤᠭᠰᠠᠨ ᠦᠭᠡᠢ ᠪᠡᠷ ᠬᠠᠷᠢᠨ ᠡᠳᠡᠭᠡᠷᠡᠴᠢᠬᠡᠯ᠎ᠡ》ᠭᠡᠪᠡ᠃ ᠬᠡᠮᠡᠷᠯᠢᠭ ᠲᠤᠭ ᠲᠤᠰᠤᠭᠰᠠᠨ ᠰᠤᠷᠤᠨ᠎ᠠ ᠡᠮᠴᠢ ᠬᠠᠷᠢᠨ ᠪᠤᠳᠤᠯ᠎ᠳᠠᠭᠠᠨ ᠠᠪᠳᠠᠨ ᠳᠤᠭᠤᠢᠬᠠᠨ ᠰᠠᠭᠤᠨ᠎ᠠ᠂ ᠬᠠᠮᠳᠦ ᠠᠵᠢᠯᠯᠠᠭᠰᠠᠳ ᠨᠢ《ᠬᠡᠮᠡᠷᠯᠢᠭ ᠲᠤᠭ ᠲᠤᠰᠴᠢᠬᠠᠭᠠᠳ ᠶᠠᠭᠠᠬᠢᠭᠠᠳ ᠭᠡᠳᠡᠷᠬᠦ ᠪᠡᠨ ᠵᠤᠪᠠᠴᠢᠬᠠᠭᠰᠠᠨ ᠶᠤᠮ ᠪᠤᠢ》ᠭᠡᠵᠦ ᠭᠠᠢᠬᠠᠬᠤ ᠪᠡᠷ᠂ 《ᠭᠡᠷᠪᠡ ᠡᠨᠡ ᠬᠡᠦᠬᠡᠳ᠎ᠤᠨ ᠪᠡᠶ᠎ᠡ ᠮᠠᠬᠠᠪᠣᠳ᠂ ᠢᠳᠡᠭᠡᠨ ᠤᠮᠳᠠᠭᠠᠨ ᠵᠡᠷᠭᠡ ᠨᠢ ᠰᠠᠢᠵᠢᠷᠠᠬᠤ ᠦᠭᠡᠢ ᠪᠣᠯ ᠳᠠᠬᠢᠭᠠᠳ ᠡᠪᠡᠳᠴᠢᠯᠡᠬᠦ ᠪᠣᠯᠤᠯᠴᠠᠭ᠎ᠠ᠎ᠲᠠᠶ᠂ ᠮᠢᠨᠤ ᠮᠡᠷᠭᠡᠵᠢᠯ ᠠᠨᠠᠢ ᠡᠴᠡ ᠪᠤᠯᠵᠦ ᠡᠪᠡᠳᠴᠢᠨ᠎ᠢ ᠨᠢ ᠬᠤᠭ ᠦᠭᠡᠢ ᠡᠳᠡᠭᠡᠷᠡᠬᠦᠯᠵᠦ ᠴᠢᠳᠠᠭᠰᠠᠨ ᠦᠭᠡᠢ》 ᠭᠡᠵᠦ ᠬᠠᠷᠢᠨ ᠪᠡᠶ᠎ᠡ ᠪᠡᠨ ᠵᠢᠮᠡᠯᠡᠨ᠎ᠠ᠃

ᠡᠪᠡᠳᠴᠢᠲᠡᠨ᠎ᠢ ᠨᠡᠩ ᠰᠠᠢᠲᠤᠷ ᠡᠮᠨᠡᠨ ᠵᠠᠰᠠᠵᠤ᠂ ᠡᠪᠡᠳᠴᠢᠨ ᠵᠤᠪᠠᠯᠠᠩ ᠡᠴᠡ ᠨᠢ ᠰᠠᠯᠭᠠᠬᠤ᠎ᠶ᠋ᠢᠨ ᠲᠥᠯᠥᠭᠡ ᠰᠤᠷᠤᠨ᠎ᠠ ᠡᠮᠴᠢ ᠰᠤᠷᠤᠯᠴᠠᠯᠭ᠎ᠠ ᠪᠠᠨ ᠶᠠᠷᠤ ᠡᠴᠡ ᠪᠠᠷᠢᠮᠳᠠᠯᠠᠨ᠎ᠠ᠃ ᠲᠡᠷᠡ ᠥᠪᠡᠷ᠎ᠦᠨ ᠬᠠᠳᠠᠭᠠᠯᠠᠮᠵᠢ᠎ᠪᠠᠷ᠎ᠢᠶᠠᠨ ᠤᠷᠢᠳ ᠬᠣᠵᠢᠳ ᠱᠠᠩᠬᠠᠢ᠂ ᠬᠠᠷᠪᠢᠨ᠂ ᠯᠢᠨ ᠹᠸᠨ᠂ ᠵᠧᠩᠵᠧᠦ᠂ ᠢᠷᠭᠠᠢ ᠵᠡᠷᠭᠡ ᠭᠠᠵᠠᠷ᠎ᠲᠤ ᠬᠦᠷᠴᠦ᠍ ᠡᠪᠡᠳᠬᠦᠢ᠎ᠶ᠋ᠢᠨ ᠤᠬᠠᠭᠠᠨ᠂ ᠵᠥᠭᠡᠯᠡᠨ ᠨᠡᠬᠡᠳᠡᠰᠦ᠎ᠶ᠋ᠢᠨ ᠭᠠᠳᠠᠷ ᠡᠮᠨᠡᠯᠭᠡ᠎ᠵᠢᠨ ᠤᠬᠠᠭᠠᠨ᠂ ᠬᠥᠮᠦᠨ᠎ᠦ ᠪᠡᠶ᠎ᠡ᠎ᠶ᠋ᠢᠨ ᠲᠤᠶᠠᠴᠢᠯᠠᠯᠲᠠ ᠵᠡᠷᠭᠡ᠎ᠶ᠋ᠢ ᠰᠤᠷᠤᠯᠴᠠᠪᠠ; ᠪᠠᠰᠠ ᠠᠮᠠᠷᠠᠯᠲᠠ᠎ᠶ᠋ᠢᠨ ᠬᠤᠭᠤᠴᠠᠭ᠎ᠠ᠎ᠪᠠᠨ ᠠᠱᠢᠭ᠍ᠯᠠᠠ ᠲᠤᠶᠠᠴᠢᠬᠤ ᠳᠠᠰᠤᠭ᠎ᠲᠤ ᠣᠴᠢᠵᠤ ᠰᠤᠳᠤᠯᠤᠨ ᠰᠤᠷᠤᠯᠴᠠᠨ᠎ᠠ᠃

ᠰᠤᠷᠤᠨ᠎ᠠ ᠡᠮᠴᠢ᠎ᠳᠦ ᠠᠪᠴᠦ ᠬᠡᠯᠡᠪᠡᠯ᠂ ᠬᠡᠪ᠎ᠦᠨ ᠶᠣᠰᠣᠭᠠᠷ ᠠᠵᠢᠯ᠎ᠠᠴᠠ᠎ᠪᠠᠨ ᠪᠠᠭᠤᠵᠤ ᠳᠡᠢᠯᠬᠦ᠌ ᠦᠭᠡᠢ᠂ ᠪᠠᠶᠠᠷ ᠳᠤᠷᠠᠰᠭᠠᠯ ᠠᠮᠠᠷᠠᠯᠲᠠ᠎ᠶ᠋ᠢᠨ ᠡᠳᠦᠷ ᠴᠦ᠍ ᠠᠵᠢᠯ ᠳ᠋ᠠᠭᠠᠨ ᠶᠠᠭᠠᠷᠠᠬᠤ ᠨᠢ ᠬᠡᠪ᠎ᠦᠨ ᠶᠠᠪᠤᠳᠠᠯ ᠭᠡᠯᠳᠠᠢ᠃ 《ᠡᠬᠢᠯᠡᠵᠦ ᠠᠵᠢᠯᠯᠠᠭᠰᠠᠨ ᠬᠣᠶᠠᠷ ᠵᠢᠯ ᠭᠠᠷᠤᠢ ᠳ᠋ᠤ ᠪᠦᠷ ᠰᠦᠨᠢ ᠳᠤᠮᠳᠠ ᠪᠣᠯᠲᠠᠯ᠎ᠠ ᠠᠵᠢᠯᠯᠠᠳᠠᠭ᠂ ᠬᠡᠳᠦᠢᠪᠡᠷ ᠶᠠᠳᠠᠷᠠᠯᠲᠠᠢ ᠪᠣᠯᠪᠠᠴᠤ᠌᠂ ᠲᠤᠬᠠᠢᠯᠠᠭᠰᠠᠨ ᠠᠵᠢᠯ᠎ᠳᠠᠭᠠᠨ ᠨᠡᠩ ᠴᠠᠭᠠᠷᠠᠵᠠᠢ᠂ ᠲᠡᠢᠮᠦ ᠪᠤᠯᠬᠤᠷ ᠪᠢ ᠲᠤᠩ ᠰᠡᠳᠬᠢᠯ ᠬᠠᠨᠤᠮᠵᠢᠲᠠᠢ᠃ ᠡᠪᠡᠳᠴᠢᠲᠡᠨ᠎ᠤ ᠴᠢᠷᠠᠢ᠎ᠳᠦ ᠳᠤᠳᠤᠷᠠᠭᠰᠠᠨ ᠪᠠᠶᠠᠷ᠎ᠤᠨ ᠮᠦᠰᠢᠶᠡᠳᠦ ᠪᠤᠯ ᠳᠠᠷᠤᠢ ᠨᠠᠳᠠᠳᠤ ᠤᠯᠭᠤᠭᠰᠠᠨ ᠬᠠᠮᠤᠭ᠎ᠤᠨ ᠶᠡᠬᠡ ᠵᠣᠷᠢᠭ᠍ᠵᠢᠭᠤᠯᠤᠯ ᠪᠣᠯᠤᠨ᠎ᠠ》ᠭᠡᠵᠦ ᠰᠤᠷᠤᠨ᠎ᠠ ᠤᠴᠢᠷᠯᠠᠨ᠎ᠠ᠃

ᠠᠷᠠᠳ ᠲᠦᠮᠡᠨ᠎ᠢ ᠳᠡᠭᠡᠳᠦᠯᠡᠬᠦ᠌᠂ ᠠᠮᠢ ᠨᠠᠰᠤ᠎ᠶ᠋ᠢ ᠳᠡᠭᠡᠳᠦᠯᠡᠬᠦ᠌ ᠢᠲᠡᠭᠡᠯ ᠪᠢᠱᠢᠷᠡᠯ᠎ᠢ ᠴᠠᠭ ᠢᠮᠠᠭ᠍ᠲᠠ ᠪᠠᠲᠤ ᠰᠠᠬᠢᠵᠤ᠂ ᠤᠭ ᠰᠠᠨᠠᠭ᠎ᠠ᠎ᠪᠠᠨ ᠪᠠᠲᠤ ᠰᠠᠬᠢᠨ᠂ ᠠᠮᠢ ᠨᠠᠰᠤ᠎ᠵᠢ ᠬᠠᠢᠷᠠᠯᠠᠨ ᠬᠢᠮᠠᠭᠠᠳᠠᠬᠤ ᠪᠣᠯ ᠰᠤᠷᠤᠨ᠎ᠠ ᠡᠮᠴᠢ᠎ᠵᠢᠨ ᠡᠬᠦᠷᠢᠳᠡ᠎ᠵᠢᠨ ᠠᠨᠳᠠᠭᠠᠢ ᠲᠠᠩᠭᠠᠷᠢᠭ᠂ ᠨᠢᠭᠡ ᠨᠠᠰᠤᠨ᠎ᠤ ᠬᠢᠨᠢ ᠡᠷᠢᠯ ᠬᠦᠬᠡᠬᠡᠴᠡᠯᠳᠦᠯ ᠪᠢᠯᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠤᠶᠠᠨ᠌ᠦ᠌ᠨᠳᠦᠰᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号