ᠡᠦ ᠪᠥᠸᠧ ᠴᠧᠨ ᠣᠲᠣ ᠦᠶ᠎ᠡ᠎ᠶ᠋ᠢᠨ ᠲᠠᠪᠤᠨ ᠲᠦᠷᠦᠯ᠎ᠤᠨ ᠲᠠᠮᠢᠷ᠎ᠤᠨ ᠤᠷᠤᠯᠳᠤᠭᠠᠨ᠎ᠳᠤ ᠳᠠᠪᠤᠳᠤᠭᠠᠷ᠎ᠲᠤ ᠳᠤᠳᠤᠷᠠᠵᠠᠢ
2021-09-15 10:53:36
ᠵᠣᠬᠢᠶᠠᠭ᠍ᠴᠢ᠄
ᠨᠠᠷᠠᠨᠳᠤᠩᠭᠠᠯᠠᠭ
ᠣᠩᠱᠢᠭ᠍ᠰᠠᠨ ᠣᠳᠠᠭ᠎ᠠ᠄
★★★☆☆

ᠲᠤᠰ ᠰᠤᠨᠢᠨ᠎ᠤ ᠰᠢ ᠠᠨ᠎ᠤ ᠮᠡᠳᠡᠭᠡ   9 ᠰᠠᠷ᠎ᠠ᠎ᠶ᠋ᠢᠨ 13 ᠎ᠠᠴᠠ 14 ᠎ᠤ ᠡᠳᠦᠷ ᠪᠣᠯᠲᠠᠯ᠎ᠠ᠂ ᠠᠷᠪᠠᠨ ᠳᠥᠷᠪᠡᠳᠦᠭᠡᠷ ᠬᠤᠭᠤᠴᠠᠭᠠᠨ᠎ᠤ ᠪᠦᠬᠦ᠌ ᠤᠯᠤᠰ᠎ᠤᠨ ᠲᠠᠮᠢᠷ᠎ᠤᠨ ᠴᠤᠭ᠍ᠯᠠᠭᠠᠨ᠎ᠤ ᠣᠲᠣ ᠦᠶ᠎ᠡ᠎ᠶ᠋ᠢᠨ ᠲᠠᠪᠤᠨ ᠲᠦᠷᠦᠯ᠎ᠤᠨ ᠲᠠᠮᠢᠷ᠎ᠤᠨ ᠤᠷᠤᠯᠳᠤᠭᠠᠨ ᠱᠠᠨᠰᠢ ᠮᠤᠵᠢ᠎ᠶ᠋ᠢᠨ ᠰᠢ ᠠᠨ᠎ᠳᠤ ᠶᠠᠪᠤᠭ᠍ᠳᠠᠪᠠ᠃ ᠤᠷᠤᠯᠳᠤᠭᠠᠨ᠎ᠳᠤ ᠡᠷᠡᠭ᠌ᠲᠡᠶ᠎ᠶ᠋ᠢᠨ ᠬᠤᠪᠢ ᠬᠥᠮᠦᠨ᠎ᠤ ᠤᠷᠤᠯᠳᠤᠭᠠᠨ᠂ ᠡᠮᠡᠭ᠌ᠲᠡᠶ᠎ᠶ᠋ᠢᠨ ᠬᠤᠪᠢ ᠬᠥᠮᠦᠨ᠎ᠤ ᠤᠷᠤᠯᠳᠤᠭᠠᠨ ᠭᠡᠬᠦ᠌ ᠬᠤᠶᠠᠷ ᠵᠦᠢᠯ᠎ᠢ ᠲᠣᠬᠢᠷᠠᠭᠤᠯᠵᠤ᠂ ᠪᠦᠬᠦ᠌ ᠤᠯᠤᠰ᠎ᠤᠨ ᠡᠯ᠎ᠡ ᠮᠤᠵᠢ ᠣᠷᠣᠨ ᠬᠤᠲᠠ᠎ᠶ᠋ᠢᠨ 17 ᠲᠥᠯᠥᠭᠡᠯᠡᠭ᠌ᠴᠢᠳ᠎ᠤᠨ ᠠᠩᠭᠢ᠎ᠶ᠋ᠢᠨ 72 ᠲᠠᠮᠢᠷᠴᠢᠨ ᠣᠷᠣᠯᠴᠠᠵᠠᠢ᠃ ᠥᠪᠥᠷ ᠮᠣᠩᠭᠤᠯ᠎ᠤᠨ ᠲᠦᠯᠦᠭᠡᠯᠡᠭ᠌ᠴᠢᠳ᠎ᠤᠨ ᠠᠩᠭᠢ ᠨᠡᠢᠲᠡ 7 ᠲᠠᠮᠢᠷᠴᠢᠨ ᠲᠣᠮᠢᠯᠠᠨ ᠤᠷᠤᠯᠳᠤᠭᠠᠨ᠎ᠳᠤ ᠣᠷᠣᠯᠴᠠᠭᠤᠯᠪᠠ᠃

ᠣᠳᠣ ᠦᠶ᠎ᠡ᠎ᠶ᠋ᠢᠨ ᠲᠠᠪᠤᠨ ᠲᠦᠷᠦᠯ᠎ᠤᠨ ᠲᠠᠮᠢᠷ᠎ᠤᠨ ᠤᠷᠤᠯᠳᠤᠭᠠᠨ᠎ᠳᠤ ᠤᠮᠪᠠᠯᠲᠠ᠂ ᠰᠡᠯᠡᠮ᠎ᠡ᠎ᠶ᠋ᠢᠨ ᠲᠡᠮᠡᠴᠡᠭᠡᠨ᠂ ᠮᠣᠷᠢᠨ ᠮᠡᠷᠭᠡᠵᠢᠯ᠂ ᠫᠤᠤᠳᠠᠯᠭ᠎ᠠ ᠪᠠ ᠬᠦᠶᠦᠯᠲᠡ ᠵᠡᠷᠭᠡ ᠲᠠᠪᠤᠨ ᠲᠦᠷᠦᠯ᠎ᠤᠨ ᠤᠷᠤᠯᠳᠤᠭᠠᠨ᠎ᠢ ᠪᠠᠭ᠍ᠲᠠᠭᠠᠵᠤ ᠪᠤᠢ᠃ ᠠᠷᠪᠠᠨ ᠳᠥᠷᠪᠡᠳᠦᠭᠡᠷ ᠬᠤᠭᠤᠴᠠᠭᠠᠨ᠎ᠤ ᠲᠠᠮᠢᠷ᠎ᠤᠨ ᠴᠤᠭ᠍ᠯᠠᠭᠠᠨ ᠪᠤᠯ ᠠᠩᠬ᠎ᠠ ᠤᠳᠠᠭ᠎ᠠ 《ᠲᠠᠪᠤᠨ ᠲᠦᠷᠦᠯ᠎ᠤᠨ ᠤᠷᠤᠯᠳᠤᠭᠠᠨ᠎ᠢ ᠨᠢᠭᠡᠳᠭᠡᠬᠦ᠌》 ᠬᠡᠯᠪᠡᠷᠢ᠎ᠪᠠᠷ ᠡᠷᠬᠢᠯᠡᠭ᠌ᠰᠡᠨ ᠤᠯᠤᠰ᠎ᠤᠨ ᠳᠣᠲᠣᠭᠠᠳᠤ᠎ᠶ᠋ᠢᠨ ᠪᠠᠷᠢᠮᠵᠢᠶ᠎ᠠ᠎ᠪᠠᠷ ᠬᠠᠮᠤᠭ᠎ᠤᠨ ᠥᠨᠳᠥᠷ ᠤᠷᠤᠯᠳᠤᠭᠠᠨ ᠪᠣᠯᠤᠨ᠎ᠠ᠃ 《ᠲᠠᠪᠤᠨ ᠲᠦᠷᠦᠯ᠎ᠤᠨ ᠤᠷᠤᠯᠳᠤᠭᠠᠨ᠎ᠢ ᠨᠢᠭᠡᠳᠭᠡᠬᠦ᠌》 ᠎ᠨᠢ ᠥᠩᠭᠡᠷᠡᠭ᠌ᠰᠡᠨ᠎ᠤ ᠤᠷᠤᠯᠳᠤᠭᠠᠨ᠎ᠤ ᠲᠠᠯᠠᠪᠤᠷ ᠱᠢᠯᠵᠢᠬᠦ᠌ ᠴᠠᠭ᠎ᠢ ᠶᠡᠭᠡ᠎ᠪᠠᠷ ᠪᠠᠭᠠᠰᠭᠠᠵᠦ᠍᠂ ᠲᠠᠮᠢᠷᠴᠢᠳ᠎ᠤᠨ ᠪᠡᠶ᠎ᠡ᠎ᠶ᠋ᠢᠨ ᠴᠢᠳᠠᠪᠤᠷᠢ᠎ᠶ᠋ᠢᠨ ᠱᠠᠭᠠᠷᠳᠠᠯᠭ᠎ᠠ ᠨᠠᠩ ᠥᠨᠳᠥᠷ ᠪᠣᠯᠵᠤ᠂ ᠤᠷᠤᠯᠳᠤᠭᠠᠨ ᠨᠠᠩ ᠬᠤᠷᠴᠠ ᠱᠢᠷᠦᠭᠦᠨ ᠪᠣᠯᠵᠠᠶ᠃ ᠤᠷᠤᠯᠳᠤᠭᠠᠨ᠎ᠤ ᠡᠴᠦᠰ᠎ᠲᠤ᠌᠂ ᠮᠠᠨ᠎ᠤ ᠤᠷᠤᠨ᠎ᠤ ᠲᠠᠮᠢᠷᠴᠢᠨ ᠡᠦ ᠪᠥᠸᠧ ᠴᠧᠨ ᠡᠷᠡᠭ᠌ᠲᠡᠶ᠎ᠶ᠋ᠢᠨ ᠬᠤᠪᠢ ᠬᠥᠮᠦᠨ᠎ᠤ ᠤᠷᠤᠯᠳᠤᠭᠠᠨ᠎ᠤ ᠲᠠᠪᠤᠳᠤᠭᠠᠷ᠎ᠲᠤ ᠲᠤᠳᠤᠷᠠᠵᠦ᠍᠂ ᠥᠪᠥᠷ ᠮᠣᠩᠭᠤᠯ᠎ᠤᠨ ᠲᠦᠯᠦᠭᠡᠯᠡᠭ᠌ᠴᠢᠳ᠎ᠤᠨ ᠠᠩᠭᠢ᠎ᠶ᠋ᠢᠨ ᠤ ᠵᠢᠷ᠎ᠠ᠎ᠶ᠋ᠢᠨ ᠭᠤᠷᠪᠠᠨ ᠬᠤᠭᠤᠴᠠᠭᠠᠨ᠎ᠤ ᠪᠦᠬᠦ᠌ ᠤᠯᠤᠰ᠎ᠤᠨ ᠲᠠᠮᠢᠷ᠎ᠤᠨ ᠴᠤᠭ᠍ᠯᠠᠭᠠᠨ᠎ᠳᠤ ᠤᠷᠤᠯᠴᠠᠭ᠍ᠰᠠᠨ ᠣᠳᠣ ᠦᠶ᠎ᠡ᠎ᠶ᠋ᠢᠨ ᠲᠠᠪᠤᠨ ᠲᠦᠷᠦᠯ᠎ᠤᠨ ᠲᠠᠮᠢᠷ᠎ᠤᠨ ᠤᠷᠤᠯᠳᠤᠭᠠᠨ᠎ᠤ ᠬᠠᠮᠤᠭ᠎ᠤᠨ ᠰᠠ᠊ ᠎ᠶ᠋ᠢᠨ ᠬᠢᠷᠢ ᠪᠦᠲᠦᠮᠵᠢ᠎ᠶ᠋ᠢ ᠤᠯᠵᠠᠢ᠃

ᠤᠷᠤᠯᠳᠤᠭᠠᠨ᠎ᠤ ᠳᠠᠷᠠᠭ᠎ᠠ᠂ ᠡᠦ ᠪᠥᠸᠧ ᠴᠧᠨ ᠰᠤᠷᠪᠤᠯᠵᠢᠯᠠᠭ᠎ᠠ ᠬᠦᠯᠢᠶᠡᠬᠦ᠌᠎ᠳᠡᠭᠡᠨ᠄ 《ᠥᠨᠥᠳᠦᠷ᠎ᠤᠨ ᠤᠷᠤᠯᠳᠤᠭᠠᠨ᠎ᠤ ᠬᠢᠷᠢ ᠪᠦᠲᠦᠮᠵᠢ᠎ᠳᠤ᠎ᠪᠠᠨ ᠨᠡᠯᠢᠶᠡᠳ ᠬᠠᠨᠤᠮᠵᠢᠲᠠᠶ ᠪᠠ ᠵᠢᠨ᠎ᠠ᠂ ᠥᠪᠡᠷ᠎ᠤᠨ ᠬᠡᠪ᠎ᠤᠨ ᠬᠢᠷᠢ ᠬᠡᠮᠵᠢᠶ᠎ᠡ᠎ᠪᠠᠨ ᠪᠠᠳᠠᠷᠠᠭᠤᠯᠵᠤ ᠴᠢᠳᠠᠭ᠍ᠰᠠᠨ᠃ ᠡᠴᠢᠨᠡᠭᠡᠨ ᠵᠢᠯ᠎ᠤᠨ ᠪᠠᠷᠢᠮᠲᠠᠯᠠᠯ ᠪᠠ ᠴᠢᠷᠮᠠᠢᠯᠭ᠎ᠠ᠎ᠨᠢ ᠨᠠᠮᠠᠶ᠋ᠢ ᠱᠢᠨ᠎ᠡ ᠳᠠᠪᠱᠢᠯᠲᠠ᠎ᠲᠠᠢ ᠪᠣᠯᠭᠠᠪᠠ᠂ ᠬᠤᠢᠱᠢᠳᠠ ᠪᠢ ᠨᠠᠩ ᠴᠢᠷᠮᠠᠢᠵᠤ᠂ ᠥᠪᠥᠷ ᠮᠣᠩᠭᠤᠯ᠎ᠤᠨ ᠲᠥᠯᠦᠭᠡᠯᠡᠭ᠌ᠴᠢᠳ᠎ᠤᠨ ᠠᠩᠭᠢ᠎ᠳᠠᠭᠠᠨ ᠭᠡᠷᠡᠯ ᠭᠢᠯᠪᠠᠭ᠎ᠠ ᠨᠡᠮᠡᠷᠢᠯᠡᠨ᠎ᠡ》 ᠭᠡᠵᠦ᠍ ᠶᠠᠷᠢᠵᠦ᠍ ᠪᠠ ᠵᠢᠯ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号