ᠵᠢᠷᠤᠭ᠎ᠢ ᠨᠠᠷᠢᠪᠴᠢᠯᠡᠵᠦ᠍᠂ ᠭᠠᠯ ᠪᠠᠮᠪᠠᠷᠴᠢᠳ ᠭᠡᠨ ᠪᠤᠯᠬᠤ᠎ᠶ᠋ᠢ ᠳᠠᠭᠠᠵᠤ ᠦᠵᠡ!
2021-09-15 16:28:05
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠠᠷᠪᠠᠨ ᠳᠥᠷᠪᠡᠳᠦᠭᠡᠷ ᠬᠤᠭᠤᠴᠠᠭᠠᠨ᠎ᠤ ᠪᠥᠬᠦ᠌ ᠤᠯᠤᠰ᠎ᠤᠨ ᠪᠡᠶ᠎ᠡ᠎ᠶ᠋ᠢᠨ ᠲᠠᠮᠢᠷ᠎ᠤᠨ ᠴᠤᠭ᠍ᠯᠠᠭᠠᠨ ᠡᠨᠡ ᠣᠷᠣᠶ ᠱᠠᠨᠰᠢ ᠮᠤᠵᠢ᠎ᠶ᠋ᠢᠨ ᠰᠢ ᠠᠨ᠎ᠳᠠᠬᠢ ᠣᠯᠢᠮᠫᠢᠺ᠎ᠤᠨ ᠪᠡᠶ᠎ᠡ᠎ᠶ᠋ᠢᠨ ᠲᠠᠮᠢᠷ᠎ᠤᠨ ᠲᠥᠪ᠎ᠲᠤ ᠡᠬᠢᠯᠡᠬᠦ᠌ ᠪᠣᠯᠤᠨ᠎ᠠ᠃

ᠤ ᠵᠢᠷ᠎ᠠ᠎ᠳᠤ᠂ ᠣᠯᠠᠨ᠎ᠤ ᠪᠠᠭ᠍ᠠᠷᠬᠠᠯ᠎ᠢ ᠤᠯᠤᠭ᠍ᠰᠠᠨ ᠨᠡᠷᠡᠳᠦ ᠳᠠᠮᠢᠷᠴᠢᠳ ᠵᠠᠯᠭᠠᠭ᠎ᠠ᠎ᠪᠠᠷ ᠰᠢ ᠠᠨ ᠬᠤᠳᠠ᠎ᠳᠤ ᠬᠦᠷᠴᠦ᠍ ᠢᠷᠡᠯ᠎ᠠ᠂ ᠬᠡᠨ ᠬᠡᠨ ᠪᠠ ᠵᠢᠬᠤ ᠪᠤᠢ? ᠬᠠᠮᠳᠤ᠎ᠪᠠᠷ ᠦᠵᠡᠶ᠎ᠡ!

ᠡᠬᠢᠯᠡᠯᠲᠡ᠎ᠶ᠋ᠢᠨ ᠶᠣᠰᠣᠯᠠᠯ᠎ᠤᠨ ᠭᠠᠯ ᠪᠠᠮᠪᠠᠷᠴᠢᠳ ᠬᠦᠷᠦᠭᠡᠳ ᠢᠷᠡᠴᠢᠭᠡᠯ᠎ᠡ!

ᠨᠢᠳᠦᠨ ᠬᠠᠷᠠᠭ᠎ᠠ᠎ᠶ᠋ᠢ ᠱᠢᠯᠭᠠᠬᠤ

ᠴᠠᠭ ᠪᠣᠯᠵᠠᠶ᠂ ᠬᠡᠨ ᠪᠣᠯᠬᠤ᠎ᠶ᠋ᠢ ᠳᠠᠭᠠᠵᠤ ᠦᠵᠡᠭᠡᠷᠡᠢ!


微信图片_20210915112113.jpg

01

ᠲᠡᠷᠡ ᠪᠤᠯ ᠬᠤᠤᠰ ᠴᠠᠭᠠᠷᠢᠭ᠎ᠤᠨ ᠪᠦᠷᠢᠨ ᠮᠠᠩᠯᠠᠢ ᠬᠦᠷᠳᠡᠭ᠌ᠴᠢ᠂ ᠦᠷᠢᠰᠦᠯᠳᠦᠭ᠌ᠴᠢᠳ᠎ᠲᠡᠭᠡᠨ 《ᠵᠢᠷᠭᠤᠭᠠᠯᠵᠢᠨ ᠪᠠᠢᠯᠳᠤᠭ᠍ᠴᠢ》 ᠭᠡᠮᠡᠭ᠌ᠳᠡᠭ᠌ᠰᠡᠨ᠂ 56 ᠲᠠᠯᠠᠪᠤᠷ ᠤᠷᠤᠯᠳᠤᠭᠠᠨ᠎ᠳᠤ ᠪᠦᠷᠢᠨ ᠢᠯᠠᠭ᠍ᠰᠠᠨ ᠢᠯᠠᠭ᠍ᠳᠠᠰᠢ ᠦᠭᠡᠢ ᠳᠣᠮᠤᠭ ᠦᠯᠢᠭᠡᠷ᠎ᠢ ᠡᠭᠦᠳᠴᠡᠢ᠃


微信图片_20210915112120.jpg


02 

ᠤᠷᠤᠯᠳᠤᠭᠠᠨ᠎ᠤ ᠲᠠᠯᠠᠪᠤᠷ᠎ᠲᠤ ᠲᠡᠷᠡ᠂ ᠯᠠᠪᠳᠠᠭᠤᠨ ᠲᠣᠭ᠍ᠲᠠᠭᠤᠨ᠎ᠢᠶᠠᠷ ᠪᠠᠢᠳᠠᠯ᠎ᠢ ᠤᠳᠠᠭ᠎ᠠ ᠳᠠᠷᠠᠭᠠᠯᠠᠨ ᠬᠤᠪᠢᠷᠠᠭᠤᠯᠵᠤ᠂ ᠱᠠᠩᠨᠠᠯ ᠣᠯᠭᠤᠬᠤ ᠲᠠ ᠵᠢᠰᠠᠨ ᠳᠡᠭᠡᠷ᠎ᠡ᠂ ᠲᠡᠷᠡ ᠢᠨᠢᠶᠡᠮᠰᠦᠭ᠌ᠯᠡᠨ ᠤᠯᠠᠨ᠎ᠳᠤ 《ᠳᠤᠭᠤᠷ》 ᠬᠦᠷᠬᠡᠨ᠂ ᠠᠷᠠᠳ ᠤᠯᠠᠨ᠎ᠤ᠎ᠪᠠᠨ ᠪᠠᠭ᠍ᠠᠷᠬᠠᠯ᠎ᠢ ᠳᠠᠳᠠᠭ᠍ᠰᠠᠨ᠃


微信图片_20210915112124.jpg

03

ᠲᠡᠷᠡ ᠪᠣᠯ ᠬᠠᠮᠤᠭ ᠬᠤᠷᠳᠤᠨ ᠭᠦᠶᠦᠳᠡᠭ ᠶᠡᠭᠡ ᠰᠤᠷᠭᠠᠭᠤᠯᠢ᠎ᠶ᠋ᠢᠨ ᠫᠷᠤᠹᠧᠰᠰᠤᠷ᠂ ᠱᠢᠨ᠎ᠡ 《ᠳᠤᠮᠳᠠᠳᠤ ᠤᠯᠤᠰ᠎ᠤᠨ ᠬᠤᠷᠳᠤᠴᠠ》 ᠎ᠶ᠋ᠢ ᠡᠬᠦᠳᠦᠭ᠌ᠴᠢ ᠣᠯᠠᠨ᠎ᠢᠶᠠᠷ᠎ᠢᠶᠠᠨ ᠲᠡᠭᠦᠨ᠎ᠢ 《ᠰᠠᠬᠢᠭᠤᠯᠰᠤᠨ》 ᠭᠡᠵᠦ᠍ ᠳᠠᠭᠤᠳᠠᠳᠠᠭ᠂ ᠭᠡᠪᠡᠴᠦ᠍ ᠲᠡᠷᠡ ᠬᠠᠷᠢᠨ᠄ 《ᠪᠢ ᠰᠠᠬᠢᠭᠤᠯᠰᠤᠨ ᠪᠢᠰᠢ᠂ ᠠᠯᠢᠪᠠ ᠪᠣᠯᠤᠯᠴᠠᠭ᠎ᠠ ᠦᠭᠡᠢ ᠵᠦᠢᠯ᠎ᠢ ᠪᠢᠳᠡ ᠪᠦᠷ ᠴᠢᠷᠮᠠ᠊ ᠎ᠶ᠋ᠢᠨ ᠪᠡᠶᠡᠯᠡᠬᠦᠯᠬᠦ᠌ ᠬᠡᠷᠡᠭ᠌ᠳᠡᠢ!》 ᠭᠡᠳᠡᠭ᠃


微信图片_20210915112128.jpg


04

ᠲᠡᠷᠡ ᠷᠢᠦ᠋ ᠳ᠋ᠢ ᠿᠧᠨ᠋ᠸᠢᠷᠦ᠋᠎ᠠᠴᠠ ᠲᠣᠣᠺᠢᠣ᠋ ᠬᠦᠷᠲᠡᠯ᠎ᠡ ᠱᠢᠨ᠎ᠠ ᠳᠤᠮᠤᠭ᠎ᠢ ᠪᠢᠴᠢᠭ᠌ᠯᠡᠵᠤ᠂ ᠬᠤᠣᠰ ᠠᠯᠲᠠ ᠬᠤᠣᠰ ᠮᠥᠩᠭᠦ᠎ᠶ᠋ᠢ ᠠᠪᠤᠭ᠍ᠰᠠᠨ᠎ᠤ ᠳᠠᠷᠠᠭ᠎ᠠ᠄ 《ᠤᠷᠤᠯᠳᠤᠭᠠᠨ᠎ᠳᠤ ᠪᠢ ᠢᠯᠠᠭ᠍ᠳᠠᠵᠤ ᠪᠣᠯᠤᠨ᠎ᠠ᠂ ᠭᠡᠪᠡᠴᠦ᠍ ᠪᠢ ᠶᠠᠭᠠᠬᠢᠭ᠍ᠰᠠᠨ ᠴᠤ᠌ ᠢᠯᠠᠭ᠍ᠳᠠᠭ᠍ᠰᠠᠨ᠎ᠢᠶᠠᠨ ᠮᠡᠳᠡᠷᠡᠬᠦ᠌ ᠦᠭᠡᠢ》 ᠭᠡᠵᠤ ᠬᠡᠯᠡᠪᠡ᠃


微信图片_20210915112132.jpg


05 

ᠤᠷᠤᠯᠳᠤᠭᠠᠨ᠎ᠤ ᠲᠠᠯᠠᠪᠤᠷ᠎ᠲᠤ᠌᠂ ᠳᠡᠬᠦᠨ᠎ᠤ ᠬᠥᠳᠡᠯᠭᠡᠭᠡᠨ ᠪᠦᠷᠢ᠎ᠨᠢ ᠬᠡᠪ ᠪᠠᠷᠢᠮᠵᠢᠶ᠎ᠠ᠎ᠪᠠᠷ ᠥᠨᠳᠥᠷ᠂ ᠠᠵᠢᠯ᠎ᠠᠴᠠ᠎ᠪᠠᠨ ᠬᠠᠯᠠᠭ᠍ᠳᠠᠭ᠍ᠰᠠᠨ᠎ᠤ ᠳᠠᠷᠠᠭ᠎ᠠ᠂ ᠳᠡᠷᠡ ᠰᠤᠷᠤᠯᠴᠠᠯᠭ᠎ᠠ ᠳᠡᠬᠡᠷ᠎ᠡ ᠬᠦᠴᠦ᠎ᠪᠠᠨ ᠳᠠᠯᠪᠢᠵᠤ᠂ ᠠᠮᠢᠳᠤᠷᠠᠯ ᠳᠤᠮᠳᠠ᠂ ᠳᠡᠬᠦᠨ᠎ᠤ ᠬᠠᠢᠷ᠎ᠠ ᠳᠤᠷᠠᠯᠠᠯ᠎ᠤᠨ ᠦᠯᠢᠭᠡᠷ᠎ᠨᠢ ᠨᠡᠩ ᠴᠤ᠌ ᠵᠢᠷᠭᠠᠯ᠎ᠢᠶᠠᠷ ᠪᠢᠯᠬᠠᠮ᠎ᠠ ᠪᠠ ᠵᠢᠳᠠᠭ᠃


微信图片_20210915112149.jpg

06 

ᠲᠡᠷᠡ ᠬᠠᠮᠤᠭ ᠡᠴᠦᠰ᠎ᠤᠨ ᠨᠢᠭᠡ ᠰᠤᠮᠤ᠎ᠪᠠᠷ ᠡᠰᠡᠷᠭᠦ᠌ ᠳᠠᠭᠠᠷᠢᠯᠲᠠ ᠬᠢᠵᠦ᠍ ᠲᠡᠷᠢᠬᠦᠨ᠎ᠤ ᠲᠢᠲᠢᠮ᠎ᠢᠶᠠᠨ ᠬᠠᠮᠠᠭᠠᠯᠠᠵᠤ ᠪᠠ ᠵᠢᠭ᠍ᠰᠠᠨ᠂ ᠲᠡᠷᠡ ᠲᠠᠮᠢᠷᠴᠢᠨ ᠪᠤᠯᠤᠭ᠍ᠰᠠᠨ ᠬᠤᠭᠤᠴᠠᠭᠠᠨ᠎ᠳᠠᠬᠢ 《ᠪᠦᠷᠢᠨ ᠮᠠᠩᠯᠠᠢ》 ᠎ᠶ᠋ᠢ ᠪᠡᠶᠡᠯᠡᠭᠦᠯᠵᠦ᠍᠂ ᠭᠠ ᠵᠢᠬᠠᠮᠱᠢᠬ᠍ᠳᠦ ᠳᠣᠮᠤᠭ ᠪᠤᠯᠤᠭ᠍ᠰᠠᠨ᠃ 


ᠬᠠᠷᠢᠭᠤᠯᠲᠠ᠎ᠶ᠋ᠢ᠎ᠨᠢ ᠳᠠᠭᠠᠵᠤ ᠣᠯᠤᠭ᠍ᠰᠠᠨ ᠦᠦ? ᠦᠭᠡ ᠦᠯᠡᠳᠡᠭᠡᠬᠦ᠌ ᠲᠤᠭᠤᠷᠢᠭ᠎ᠲᠤ ᠨᠡᠷ᠎ᠠ᠎ᠶ᠋ᠢ᠎ᠨᠢ ᠪᠢᠴᠢᠬᠡᠷᠡᠢ᠃

ᠤᠯᠠᠨ ᠳᠠᠮᠢᠷᠴᠢᠳ᠎ᠢᠶᠠᠨ ᠤᠭ᠍ᠳᠤᠨ ᠠᠪᠬᠤ᠎ᠶ᠋ᠢᠨ ᠵᠡᠷᠭᠡ᠎ᠳᠤ᠂ ᠪᠦᠬᠦ᠌ ᠤᠯᠤᠰ᠎ᠤᠨ ᠡᠯ᠎ᠡ ᠭᠠᠵᠠᠷ᠎ᠠᠴᠠ ᠢᠷᠡᠭ᠌ᠰᠡᠨ ᠬᠤᠶᠠᠷ ᠮᠢᠩᠭ᠎ᠠ ᠭᠠᠷᠤᠢ ᠮᠡᠷᠭᠡᠵᠢᠯ᠎ᠤᠨ ᠠᠵᠢᠯᠳᠠᠳ ᠵᠠᠯᠭᠠᠭ᠎ᠠ᠎ᠪᠠᠷ ᠲᠠᠮᠢᠷ᠎ᠤᠨ ᠴᠤᠭ᠍ᠯᠠᠭᠠᠨ᠎ᠤ ᠳᠤᠰᠭᠤᠨ᠎ᠳᠤ ᠤᠷᠤᠵᠤ᠂ ᠢᠷᠡᠬᠦ᠌ 10 ᠭᠠᠷᠤᠶ ᠡᠳᠦᠷ᠎ᠲᠤ᠌᠂ ᠳᠡᠳᠡ ᠪᠥᠬᠦ᠌ ᠤᠯᠤᠰ᠎ᠤᠨ ᠪᠡᠶ᠎ᠡ᠎ᠶ᠋ᠢᠨ ᠲᠠᠮᠢᠷ᠎ᠤᠨ ᠴᠤᠭ᠍ᠯᠠᠭᠠᠨ᠎ᠤ ᠤᠷᠤᠯᠳᠤᠭᠠᠨ᠎ᠤ ᠬᠢᠨᠠᠭ᠍ᠴᠢ ᠵᠢᠴᠢ ᠤᠷᠤᠯᠳᠤᠭᠠᠨ᠎ᠤ ᠬᠢᠨᠠᠯᠲᠠ ᠲᠠᠯᠪᠢᠭ᠍ᠴᠢ᠎ᠶ᠋ᠢᠨ ᠲᠤᠱᠢᠶᠠᠯ᠎ᠢ ᠡᠭᠦᠷᠭᠡᠯᠡᠨ᠂ ᠪᠥᠬᠦ᠌ ᠤᠯᠤᠰ᠎ᠤᠨ ᠪᠡᠶ᠎ᠡ᠎ᠶ᠋ᠢᠨ ᠲᠠᠮᠢᠷ᠎ᠤᠨ ᠴᠤᠭ᠍ᠯᠠᠭᠠᠨ᠎ᠤ ᠤᠷᠤᠯᠳᠤᠭᠠᠨ᠎ᠤ ᠤᠷᠤᠭ᠍ᠰᠢᠲᠠᠶ ᠶᠠᠪᠤᠭ᠍ᠳᠠᠬᠤ᠎ᠶ᠋ᠢ ᠪᠠᠲᠤᠯᠠᠨ᠎ᠠ᠃ 

13 ᠎ᠤ ᠡᠳᠦᠷ᠂ ᠳᠤᠮᠳᠠᠳᠤ ᠤᠯᠤᠰ᠎ᠤᠨ ᠰᠠᠭ᠍ᠰᠤᠨ ᠪᠥᠮᠪᠦᠭᠡ᠎ᠶ᠋ᠢᠨ ᠨᠡᠢᠭᠡᠮᠯᠢᠭ᠎ᠤᠨ ᠲᠡᠷᠢᠭᠦᠯᠡᠭ᠌ᠴᠢ ᠶᠣᠣ ᠮᠢᠩ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ᠌ ᠱᠠᠭᠠᠷᠳᠠᠯᠭ᠎ᠠ ᠶᠣᠰᠣᠭᠠᠷ ᠠᠵᠢᠯᠲᠠᠳ᠎ᠲᠤ ᠭᠠᠷ ᠤᠲᠠᠰᠤᠨ᠎ᠤ ᠵᠢᠷᠬᠢᠶ᠎ᠡ᠎ᠳᠠᠬᠢ ᠵᠢᠵᠢᠭ ᠫᠷᠤᠭ᠌ᠷᠠᠮ᠎ᠢᠶᠠᠷ ᠨᠣᠭᠤᠭᠠᠨ ᠺᠣᠳ᠋᠎ᠢᠶᠠᠨ ᠦᠵᠡᠭᠦᠯᠦᠨ᠂ ᠠᠮᠤᠷ ᠲᠦᠪᠱᠢᠨ᠎ᠤ ᠪᠠᠢᠴᠠᠭᠠᠯᠲᠠ᠎ᠶ᠋ᠢ ᠬᠦᠯᠢᠶᠡᠵᠦ᠍᠂ ᠮᠡᠷᠭᠡᠵᠢᠯ᠎ᠤᠨ ᠲᠤᠱᠢᠶᠠᠯᠲᠠᠨ᠎ᠤ ᠲᠣᠰᠭᠤᠨ᠎ᠳᠤ ᠤᠷᠤᠭ᠍ᠰᠢᠲᠠᠶ ᠣᠷᠣᠵᠤ ᠰᠠᠭᠤᠪᠠ᠃ 


微信图片_20210915121558.jpg


ᠠᠵᠢᠯᠲᠠᠨ᠎ᠤ ᠲᠠᠨᠢᠯᠴᠠᠭᠤᠯᠤᠭ᠍ᠰᠠᠨ᠎ᠢᠶᠠᠷ᠂ ᠬᠢᠵᠢᠭ᠎ᠢ ᠰᠡᠷᠭᠡᠢᠯᠡᠬᠦ᠌ ᠱᠠᠭᠠᠷᠳᠠᠯᠭ᠎ᠠ ᠶᠣᠰᠣᠭᠠᠷ ᠮᠡᠷᠭᠡᠵᠢᠯ᠎ᠤᠨ ᠲᠤᠱᠢᠶᠠᠯᠲᠠᠨ᠎ᠤ ᠲᠣᠰᠭᠤᠨ᠎ᠳᠤ ᠪᠢᠲᠡᠭᠦᠮᠵᠢᠯᠡᠭ᠌ᠰᠡᠨ ᠮᠠᠶᠢᠭ᠎ᠤᠨ ᠬᠠᠮᠢᠶᠠᠷᠤᠯᠲᠠ᠎ᠶ᠋ᠢ ᠬᠡᠷᠡᠭ᠌ᠵᠢᠭᠦᠯᠵᠦ᠍᠂ ᠪᠣᠶ ᠪᠥᠬᠦᠶ ᠮᠡᠷᠭᠡᠵᠢᠯ᠎ᠤᠨ ᠲᠤᠱᠢᠶᠠᠯᠲᠠᠨ ᠨᠠᠭᠠᠳᠤ ᠵᠠᠬ᠎ᠠ᠎ᠳᠠᠭᠠᠨ ᠬᠤᠶᠠᠷ ᠡᠳᠦᠷ᠎ᠲᠤ ᠨᠢᠭᠡ ᠤᠳᠠᠭ᠎ᠠ ᠪᠥᠭᠡᠮ ᠬᠦᠴᠢᠯ᠎ᠤᠨ ᠱᠢᠯᠭᠠᠨ ᠪᠠᠢᠴᠠᠭᠠᠯᠲᠠ ᠬᠢᠨ᠎ᠡ ᠬᠡᠪᠡ᠃


微信图片_20210915121601.jpg


ᠠᠷᠪᠠᠨ ᠳᠥᠷᠪᠡᠳᠦᠭᠡᠷ ᠬᠤᠭᠤᠴᠠᠭᠠᠨ᠎ᠤ ᠪᠥᠬᠦ᠌ ᠤᠯᠤᠰ᠎ᠤᠨ ᠪᠡᠶ᠎ᠡ᠎ᠶ᠋ᠢᠨ ᠲᠠᠮᠢᠷ᠎ᠤᠨ ᠴᠤᠭ᠍ᠯᠠᠭᠠᠨ᠎ᠤ ᠤᠷᠤᠯᠳᠤᠭᠠᠨ᠎ᠤ ᠲᠦᠷᠦᠯ᠎ᠨᠢ ᠨᠡ ᠵᠢᠳᠡ 34 ᠶᠡᠭᠡ ᠲᠦᠷᠦᠯ᠂ 51 ᠬᠤᠪᠢᠶᠠᠷᠢ ᠲᠦᠷᠦᠯ᠂ 405 ᠪᠠᠭ᠎ᠠ ᠲᠦᠷᠦᠯ ᠬᠤᠪᠢᠶᠠᠪᠡ᠂ ᠡᠨᠡ᠎ᠨᠢ ᠦᠡᠭ᠌ᠭᠡᠷᠡᠭ᠌ᠰᠡᠨ ᠬᠤᠭᠤᠴᠠᠭᠠᠨ᠎ᠳᠤ ᠶᠠᠷᠦ᠍ ᠪᠠ ᠵᠢᠭ᠎ᠠ ᠦᠭᠡᠢ ᠶᠤᠮ᠃


微信图片_20210915121609.jpg


ᠡᠨᠡ ᠤᠷᠤᠢ᠎ᠶ᠋ᠢᠨ 8  ᠴᠠᠭ᠎ᠲᠤ᠌᠂ ᠳᠤᠤᠷᠠᠬᠢ ᠵᠢᠷᠤᠭ ᠪᠤᠶᠤ ᠮᠡᠷᠭᠡᠨ ᠴᠤᠬᠤᠷ᠎ᠢ ᠱᠢᠷᠪᠢᠭᠡᠳ ᠬᠠᠮᠳᠤᠪᠠᠷ ᠠᠷᠪᠠᠨ ᠳᠥᠷᠪᠡᠳᠦᠭᠡᠷ ᠬᠤᠭᠤᠴᠠᠭᠠᠨ᠎ᠤ ᠪᠥᠬᠦ᠌ ᠤᠯᠤᠰ ᠎ᠤᠨ ᠪᠡᠶ᠎ᠡ᠎ᠶ᠋ᠢᠨ ᠲᠠᠮᠢᠷ᠎ᠤᠨ ᠴᠤᠭ᠍ᠯᠠᠭᠠᠨ᠎ᠤ ᠡᠬᠢᠯᠡᠯᠳᠡ᠎ᠶ᠋ᠢᠨ ᠶᠤᠰᠤᠯᠠᠯ᠎ᠢ ᠰᠤᠨᠢᠷᠬᠠᠶ᠎ᠠ!


ᠢᠷᠡᠯᠳᠡ᠄ 《ᠲᠦᠪ ᠲᠧᠯᠸᠢᠰ᠎ᠤᠨ ᠰᠤᠨᠢᠨ ᠮᠡᠳᠡᠭᠡ》 《ᠠᠷᠠᠳ᠎ᠤᠨ ᠡᠳᠦᠷ᠎ᠤᠨ ᠰᠤᠨᠢᠨ》 ᠎ᠤ ᠵᠢᠷᠬᠢᠶ᠎ᠡ᠎ᠶ᠋ᠢᠨ ᠳᠠᠪᠴᠠᠩ 





ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号