9 ᠰᠠᠷ᠎ᠠ᠎ᠶ᠋ᠢᠨ 8 ᠤ ᠡᠳᠥᠷ᠂ ᠳᠤᠮᠳᠠᠳᠤ ᠤᠯᠤᠰ᠎ᠤᠨ ᠨᠡᠢᠭᠡᠮ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠤᠨ ᠡᠷᠳᠡᠨ᠎ᠤ ᠲᠡᠥᠬᠡ ᠰᠤᠳᠤᠯᠬᠤ ᠭᠠᠵᠠᠷ᠎ᠤᠨ ᠰᠤᠳᠤᠯᠤᠭᠠᠴᠢ ᠬᠤᠱᠤᠳ ᠴᠡᠩᠬᠡᠯ᠂ ᠦᠨᠳᠥᠰᠥᠳᠡᠨᠤ ᠰᠤᠳᠤᠯᠤᠯ ᠪᠤᠯᠤᠨ ᠬᠦᠮᠥᠨ ᠰᠤᠳᠤᠯᠤᠯ᠎ᠤᠨ ᠬᠦᠷᠢᠶᠡᠯᠡᠩ᠎ᠤᠨ ᠰᠤᠳᠤᠯᠤᠭ᠍ᠴᠢ ᠬᠡᠷᠡᠢᠳ᠎ᠵᠢᠨ ᠪᠦᠷᠭᠦᠳ᠂ ᠳᠤᠮᠳᠠᠳᠤ ᠤᠯᠤᠰ᠎ᠤᠨ ᠦᠨᠳᠥᠰᠥᠳᠡᠨᠤ ᠵᠢᠷᠤᠭ᠍ᠳᠤ ᠰᠡᠳᠬᠦᠯ᠎ᠤᠨ ᠦᠨᠳᠥᠷ ᠲᠡᠰ᠎ᠤᠨ ᠰᠤᠷᠪᠤᠯᠵᠢᠯᠠᠭ᠍ᠴᠢ ᠪᠠᠶᠠᠷ ᠨᠠᠷ ᠤᠩᠨᠢᠭᠤᠳ ᠬᠤᠱᠢᠭᠤᠨ᠎ᠳᠤ ᠬᠦᠷᠴᠤ᠌ ᠬᠠᠳᠠ ᠴᠢᠯᠠᠭᠤᠨ ᠪᠢᠴᠢᠭᠡᠰᠥ᠎ᠶ᠋ᠢᠨ ᠲᠤᠬᠠᠢ ᠪᠠᠢᠴᠠᠭᠠᠯᠳᠠ᠎ᠪᠠᠨ ᠦᠷᠨᠢᠭᠦᠯᠵᠥ᠍ ᠡᠬᠢᠯᠡᠭ᠌ᠰᠡᠨ ᠪᠠᠢᠨ᠎ᠠ᠃
ᠪᠠᠢᠴᠠᠭᠠᠨ ᠰᠤᠳᠤᠯᠬᠤ ᠳᠤᠭᠤᠢᠯᠠᠩ᠎ᠤᠨ᠎ᠬᠢᠨ᠂ ᠮᠠᠨ᠎ᠤ ᠬᠤᠱᠢᠭᠤᠨ᠎ᠤ ᠲᠡᠥᠬᠡ ᠰᠤᠳᠤᠯᠭᠠᠨ᠎ᠳᠤ ᠲᠤᠷ᠎ᠠ ᠪᠠᠬᠠᠲᠠᠢ ᠬᠦᠮᠥᠰ ᠪᠤᠯᠤᠨ ᠨᠤᠳᠤᠭ ᠤᠷᠤᠨ᠎ᠤ ᠠᠬᠠᠮᠠᠳ ᠲᠤᠮᠤᠭᠠᠳᠠᠳ᠎ᠤᠨ ᠬᠦᠴᠥᠳᠡᠢ ᠲᠡᠮᠵᠢᠯᠭᠡ᠎ᠶ᠋ᠢ ᠤᠯᠵᠤ᠂ ᠰᠤᠳᠤᠯᠭᠠᠨ᠎ᠤ ᠠᠵᠢᠯ᠎ᠢᠶᠠᠨ ᠤᠷᠤᠭ᠍ᠰᠢᠳᠠᠢ ᠡᠬᠢᠯᠡᠭᠦᠯᠦᠭ᠌ᠰᠡᠨ ᠪᠠᠢᠨ᠎ᠠ᠃ ᠲᠡᠳᠡ ᠤᠷᠢᠳ ᠬᠤᠵᠢᠳ ᠶᠤᠸᠠᠨ ᠤᠯᠤᠰ᠎ᠤᠨ ᠵᠠᠩ ᠶᠢᠩ ᠷᠦᠢ᠎ᠶ᠋ᠢᠨ ᠴᠢᠯᠠᠭᠤᠨ ᠬᠦᠱᠢᠶᠡᠨ ᠪᠢᠴᠢᠭ᠂ ᠶᠤᠸᠠᠨ ᠤᠯᠤᠰ᠎ᠤᠨ ᠵᠠᠩ ᠴᠢᠥ ᠯᠢᠥᠢ᠎ᠶ᠋ᠢᠨ ᠴᠢᠯᠠᠭᠤᠨ ᠬᠥᠱᠢᠶᠡᠨ ᠪᠢᠴᠢᠭ ᠪᠤᠯᠤᠨ ᠬᠠᠮᠢᠶ᠎ᠠ ᠪᠦᠬᠦᠢ ᠬᠠᠳᠠᠨ ᠪᠢᠴᠢᠭ᠂ ᠵᠢᠷᠤᠭ ᠲᠦᠷᠰᠥ᠍᠂ ᠴᠢᠯᠠᠭᠤᠨ ᠬᠦᠱᠢᠶᠡᠨ ᠪᠢᠴᠢᠭ ᠵᠡᠷᠭᠡ᠎ᠳᠤ ᠱᠢᠭᠦᠯᠳᠡᠶ᠋ᠢᠨ ᠴᠢᠨᠠᠷᠳᠠᠢ ᠪᠠᠢᠴᠠᠭᠠᠨ ᠰᠤᠳᠤᠯᠤᠯᠳᠠ ᠬᠢᠭ᠌ᠰᠡᠨ ᠪᠠᠢᠨ᠎ᠠ᠃
ᠤᠩᠨᠢᠭᠤᠳ ᠬᠤᠱᠢᠭᠤᠨ᠎ᠳᠤ ᠮᠤᠩᠭᠤᠯ ᠪᠢᠴᠢᠭ᠎ᠲᠠᠢ ᠬᠦᠱᠢᠶ᠎ᠡ ᠪᠢᠴᠢᠭ ᠨᠠᠭᠠᠲᠤ ᠵᠠᠬ᠎ᠠ᠎ᠳᠠᠭᠠᠨ ᠭᠤᠷᠪᠠ ᠪᠤᠢ᠂ ᠡᠢᠮᠦᠷᠬᠦ᠌ ᠪᠠᠢᠳᠠᠯ ᠪᠤᠰᠤᠳ ᠭᠠᠵᠠᠷ ᠬᠤᠪᠤᠷ᠃ ᠡᠨᠡ᠎ᠨᠢ ᠤᠩᠨᠢᠭᠤᠳ ᠬᠤᠱᠢᠭᠤᠨ᠎ᠳᠤ ᠶᠤᠸᠠᠨ ᠤᠯᠤᠰ᠎ᠤᠨ ᠦᠶ᠎ᠡ᠎ᠶ᠋ᠢᠨ ᠬᠦᠱᠢᠶ᠎ᠡ ᠲᠤᠷᠠᠰᠭᠠᠯ᠂ ᠢᠯᠠᠩᠭᠤᠶ᠎ᠠ ᠮᠤᠩᠭᠤᠯ ᠦᠰᠦᠭ᠎ᠢᠶᠠᠷ ᠪᠢᠴᠢᠭ᠌ᠳᠡᠭ᠌ᠰᠡᠨ ᠬᠦᠱᠢᠶ᠎ᠡ ᠲᠤᠷᠠᠰᠭᠠᠯ ᠬᠠᠮᠤᠭ᠎ᠤᠨ ᠪᠠᠶᠠᠯᠢᠭ ᠪᠠᠢᠭ᠎ᠠ᠎ᠶ᠋ᠢ ᠬᠠᠷᠠᠭᠤᠯᠵᠤ ᠪᠠᠢᠨ᠎ᠠ᠃ ᠡᠳᠡᠭᠡᠷ ᠬᠦᠱᠢᠶ᠎ᠡ ᠲᠤᠷᠠᠰᠭᠠᠯ᠎ᠤᠨ ᠦᠰᠦᠭ ᠪᠢᠴᠢᠭ᠎ᠨᠢ ᠠᠷᠪᠢᠨ᠂ ᠲᠤᠲᠤᠷᠬᠠᠢ ᠵᠡᠷᠭᠡ ᠤᠨᠴᠠᠯᠢᠭ᠎ᠲᠠᠢ ᠪᠤᠯᠬᠤᠷ ᠡᠷᠲᠡᠨ᠎ᠤ ᠬᠡᠯᠡ ᠰᠤᠶᠤᠯ᠎ᠢ ᠰᠤᠳᠤᠯᠬᠤ᠎ᠳᠤ ᠰᠠᠭᠤᠷᠢ ᠰᠤᠳᠤᠯᠭᠠᠨ ᠪᠤᠯᠵᠤ ᠪᠠᠢᠨ᠎ᠠ᠂ ᠤᠮᠳᠤᠭᠠᠢᠯᠠᠵᠤ ᠪᠤᠯᠤᠰᠢ ᠦᠭᠡᠢ ᠮᠠᠲ᠋ᠧᠷᠢᠶᠠᠯ ᠪᠤᠯᠵᠤ ᠪᠠᠢᠨ᠎ᠠ᠃