ᠬᠦᠲᠡᠭᠡ᠎ᠶ᠋ᠢᠨ ᠱᠢᠯᠢᠲᠡᠭ ᠪᠠᠭ᠍ᠰᠢ ᠬᠠᠰᠭᠤᠸ᠎ᠠ
2021-09-19 12:18:23
ᠵᠣᠬᠢᠶᠠᠭ᠍ᠴᠢ᠄
​ ᠡᠷᠳᠡᠨᠢᠵᠢᠷᠭᠠᠯ ᠴᠢᠮᠡᠬᠡᠯᠡᠭ᠌ᠴᠢ ᠪᠠᠶᠠᠨᠳᠠᠯᠠᠢ
ᠣᠩᠱᠢᠭ᠍ᠰᠠᠨ ᠣᠳᠠᠭ᠎ᠠ᠄
★★★☆☆

ᠮᠠᠨ᠎ᠤ ᠣᠯᠣᠰ᠎ᠤᠨ ᠭᠤᠴᠢᠨ ᠳᠣᠯᠣᠳᠠᠬᠢ ᠪᠠᠭ᠍ᠰᠢ᠎ᠶ᠋ᠢᠨ ᠪᠠᠶᠠᠷ ᠬᠥᠷᠴᠥ᠍ ᠢᠷᠡᠬᠦ᠌ ᠲᠠᠱᠢᠷᠠᠮ᠎ᠢᠶᠠᠷ ᠰᠤᠷᠪᠤᠯᠵᠢᠯᠠᠬ᠍ᠴᠢ᠂ ᠪᠦᠬᠦ᠌ ᠤᠷᠤᠨ᠎ᠤ ᠤᠲᠤᠬᠢᠴᠢᠯᠠᠭ᠍ᠰᠠᠨ ᠵᠢᠭᠠᠨ ᠰᠤᠷᠭᠠᠯᠲᠠ᠎ᠶ᠋ᠢᠨ ᠨᠢᠭᠡᠲᠦᠭᠡᠷ ᠲᠠᠰ᠎ᠤᠨ ᠱᠠᠩᠨᠠᠯ᠂ ᠤᠷᠲᠤᠰ ᠬᠤᠲᠠ᠎ᠶ᠋ᠢᠨ ᠲᠤᠭᠠᠨ᠎ᠤ ᠪᠠᠭ᠍ᠰᠢ᠎ᠶ᠋ᠢᠨ ᠤᠷᠤᠯᠲᠤᠭᠠᠨ᠎ᠤ ᠬᠤᠶᠠᠲᠤᠭᠠᠷ ᠲᠡᠰ᠎ᠤᠨ ᠱᠠᠩᠨᠠᠯ᠂ ᠬᠤᠱᠢᠭᠤᠨ᠎ᠤ᠎ᠪᠠᠨ ᠱᠢᠯᠢᠲᠡᠭ ᠪᠠᠭ᠍ᠰᠢ᠂ ᠰᠤᠷᠭᠠᠭᠤᠯᠢ᠎ᠶ᠋ᠢᠨ᠎ᠢᠶᠠᠨ 《3 · 8》 ᠎ᠤ ᠤᠯᠠᠭᠠᠨ ᠲᠤᠭ᠍ᠴᠢ ᠵᠡᠷᠭᠡ ᠤᠯᠠᠨ ᠠᠷᠪᠢᠨ ᠱᠠᠩᠨᠠᠯ᠎ᠢᠶᠠᠷ ᠡᠩᠬᠡᠷ᠎ᠢᠶᠠᠨ ᠮᠢᠯᠢᠶᠡᠯᠭᠠᠵᠣ ᠶᠠᠪᠣᠬ᠍ᠰᠠᠨ ᠦᠤᠱᠢᠨ ᠬᠤᠱᠢᠭᠤᠨ᠎ᠤ ᠮᠤᠩᠭᠤᠯ ᠲᠤᠷᠱᠢᠯᠲᠠ᠎ᠶ᠋ᠢᠨ ᠪᠠᠭ᠎ᠠ ᠰᠤᠷᠭᠠᠭᠤᠯᠢ᠎ᠶ᠋ᠢᠨ ᠬᠠᠰᠭᠤᠸ᠎ᠠ ᠪᠠᠭ᠍ᠰᠢ᠎ᠶ᠋ᠢ ᠰᠣᠷᠪᠣᠯᠵᠢᠯᠠᠵᠣ ᠪᠢᠯᠡ᠃

《18 ᠵᠢᠯ᠎ᠤᠨ ᠡᠮᠥᠨ᠎ᠠ᠂ ᠪᠢ ᠰᠤᠷᠭᠠᠭᠤᠯᠢ᠎ᠪᠠᠨ ᠲᠡᠭᠦᠰᠦᠮᠡᠭ᠌ᠴᠡ ᠬᠤᠱᠢᠭᠤᠨ ᠲᠦᠪ ᠭᠠᠯᠠᠭᠤᠳᠣ ᠪᠠᠯᠭᠠᠰᠣ᠎ᠠᠴᠠ 90 ᠭᠠᠷᠤᠢ ᠺᠢᠯᠥᠮᠧᠲᠷ ᠵᠠ ᠵᠢᠲᠠᠢ ᠱᠠᠷᠯᠢᠭ ᠮᠤᠩᠭᠤᠯ ᠲᠤᠮᠲᠠᠲᠤ ᠰᠤᠷᠭᠠᠭᠤᠯᠢ᠎ᠳᠤ ᠬᠦᠷᠴᠤ᠌ ᠪᠠᠭ᠍ᠰᠢᠯᠠᠭ᠍ᠰᠠᠨ ᠶᠣᠮ᠂ ᠲᠡᠷᠡ ᠦᠶᠡᠰ ᠵᠠᠯᠠᠭᠤ ᠪᠠ ᠵᠢᠬ᠍ᠰᠠᠠ ᠪᠤᠯᠬᠤᠷ ᠡᠲᠦᠷᠵᠢᠠ ᠬᠡᠤᠬᠡᠳ᠎ᠲᠠᠢ ᠨᠤᠴᠤᠯᠲᠤᠬᠤ ᠭᠡᠭ᠌ᠴᠢ ᠠᠮᠠᠷ ᠦᠭᠡᠢ ᠰᠠᠨᠠᠬ᠍ᠳᠠᠵᠤ ᠪᠠ ᠵᠢᠬ᠍ᠰᠠᠠ᠂ ᠠᠩᠬ᠎ᠠ ᠡᠬᠢᠨ᠎ᠳᠡᠭᠡᠨ ᠲᠠᠳᠭᠤ ᠦᠭᠡᠢ᠂ ᠴᠣᠬᠤᠮ ᠶᠠᠭᠤᠨ᠎ᠳᠤ ᠪᠠᠭ᠍ᠰᠢ ᠪᠤᠯᠤᠭ᠍ᠰᠠᠠ ᠪᠢᠯᠡ ᠭᠡᠵᠦ᠍ ᠪᠠᠶ᠎ᠠ᠎ᠠᠴᠠ᠎ᠪᠠᠨ ᠤᠯᠠᠨ ᠤᠲᠠᠭ᠎ᠠ ᠠᠰᠠᠭᠤᠵᠦ᠍ ᠪᠠᠢᠭ᠍ᠰᠠᠨ᠃ ᠭᠡᠲᠡᠯ᠎ᠡ ᠬᠡᠤᠭᠡᠳ ᠭᠡᠭ᠌ᠴᠢ ᠬᠦᠬᠡᠷᠦᠬᠡᠨ ᠲᠡᠭ᠌ᠵᠢᠨ᠂ ᠤᠯᠠᠨ ᠵᠢᠯ ᠬᠠᠮᠳᠤ ᠪᠠ ᠵᠢᠯᠴᠠᠬᠤ᠎ᠶ᠋ᠢᠨ ᠤᠯᠠᠮ᠎ᠢᠶᠠᠷ ᠦᠪᠡᠷ᠎ᠤᠨ ᠡᠷᠬᠡ ᠦᠭᠡᠢ ᠰᠤᠷᠤᠭ᠍ᠴᠢᠳ᠎ᠲᠠᠭᠠᠨ ᠬᠠᠢᠷᠠᠲᠠᠢ ᠪᠤᠯᠵᠦ᠍᠂ ᠪᠠᠭ᠍ᠰᠢ᠎ᠶ᠋ᠢᠨ ᠠᠵᠢᠯ ᠬᠡᠴᠢᠨᠠᠨ ᠡᠷᠬᠢᠮ ᠲᠡᠭᠡᠲᠦ᠍᠂ ᠮᠦᠷᠤᠨ ᠲᠡᠭᠡᠷᠡᠬᠢ ᠡᠭᠦᠷᠭᠡ ᠬᠠᠷᠢᠭᠤᠴᠠᠯᠭ᠎ᠠ ᠬᠡᠳᠤᠢ ᠬᠦᠨᠲᠦ ᠴᠢᠬᠤᠯᠠ ᠬᠡᠳᠡᠭ᠎ᠢ ᠤᠬᠠᠭᠠᠷᠠᠵᠦ᠍ ᠶᠠᠪᠣᠬ᠍ᠰᠠᠨ》 ᠬᠡᠵᠤ ᠡᠷᠬᠢᠴᠡᠬᠦᠯᠵᠤ ᠭᠠᠷᠤᠯ᠎ᠠ᠃

ᠬᠠᠰᠭᠤᠸ᠎ᠠ ᠪᠠᠭ᠍ᠰᠢ᠎ᠶ᠋ᠢᠨ ᠠᠵᠢᠯ᠎ᠳᠤ ᠵᠢᠳᠬᠦᠵᠤ ᠶᠠᠪᠤᠬ᠍ᠰᠠᠨ 18 ᠵᠢᠯ᠎ᠤᠨ ᠲᠤᠷᠰᠢ᠂ ᠬᠡᠤᠬᠡᠳ᠎ᠤᠳ᠎ᠢ ᠰᠤᠷᠤᠯᠭ᠎ᠠ᠎ᠳᠠᠭᠠᠨ ᠰᠠᠢᠨ ᠮᠠᠭᠤ᠂ ᠠᠮᠢᠳᠦᠷᠠᠯ᠎ᠨᠢ ᠴᠢᠨᠡᠬᠡᠯᠢᠭ ᠪᠤᠶᠤ ᠶᠠᠲᠠᠭᠤ ᠬᠦᠴᠢᠷᠳᠡᠯᠳᠡᠢ ᠭᠡᠵᠦ᠍ ᠢᠯᠭᠠᠯ ᠦᠭᠡᠢ ᠠᠯᠠᠭ ᠦᠬᠡᠢ ᠰᠡᠳᠭᠢᠯ᠎ᠢᠶᠠᠷ ᠬᠠᠨᠳᠤᠵᠤ᠂ ᠦᠷᠦᠭᠡᠯ᠎ᠤᠨ ᠬᠡᠤᠬᠡᠳ᠎ᠢ ᠦᠪᠡᠷ᠎ᠤᠨ ᠬᠡᠤᠭᠡᠳ᠎ᠢᠶᠠᠨ ᠱᠢᠭ ᠬᠠᠢᠷᠠᠯᠠᠵᠦ᠍᠂ ᠡᠵᠢ᠎ᠶ᠋ᠢᠨ ᠬᠠ ᠵᠢᠷ᠎ᠠ᠎ᠶ᠋ᠢ ᠶᠠᠬᠦᠯᠠᠵᠥ᠍ ᠶᠠᠪᠤᠭ᠍ᠰᠠᠨ ᠪᠢᠯᠡ᠃ 2005 ᠤᠨ᠎ᠤ ᠬᠠᠪᠤᠷ ᠪᠠ ᠵᠢᠵᠤ ᠪᠢᠯᠡ᠂ ᠲᠡᠳᠡᠨ᠎ᠤ ᠰᠤᠷᠭᠠᠭᠤᠯᠢ᠎ᠳᠤᠨᠢ ᠬᠡᠨᠡᠳᠲᠡ ᠲᠠᠭ᠍ᠰᠢᠭᠤᠷ ᠲᠡᠯᠭᠡᠷᠡᠵᠦ᠍᠂ ᠪᠠᠢᠷᠢ᠎ᠳᠤ ᠰᠠᠭᠤᠵᠦ᠍ ᠪᠠᠢᠭ᠍ᠰᠠᠨ 10 ᠭᠠᠷᠤᠢ ᠰᠤᠷᠤᠭ᠍ᠴᠢ᠎ᠨᠢ ᠨᠢᠬᠡ ᠯᠡ ᠲᠡᠭᠡᠷ᠎ᠡ ᠬᠢᠮᠤᠷᠠᠵᠠᠢ᠃ ᠴᠦᠮ ᠬᠦᠲᠡᠭᠡ᠎ᠶ᠋ᠢᠨ ᠬᠡᠤᠭᠡᠳ᠎ᠤᠳ ᠪᠤᠯᠬᠤᠷ ᠠᠪᠤ ᠡᠵᠢ᠎ᠨᠢ ᠰᠤᠮᠤᠨ᠎ᠳᠤ ᠢᠷᠡᠵᠥ᠍ ᠲᠡ ᠵᠢᠯᠬᠦ᠌ ᠦᠬᠡᠢ᠂ ᠡᠨᠡ ᠦᠶ᠎ᠠ᠎ᠳᠤ᠂ ᠬᠠᠰᠭᠤᠸ᠎ᠠ ᠪᠠᠭ᠍ᠰᠢ ᠨᠠᠰᠤᠲᠠᠢ ᠡᠵᠢ᠎ᠪᠠᠨ ᠪᠤᠰᠤᠳ᠎ᠲᠤ ᠨᠠᠢᠲᠠᠵᠦ᠍᠂ ᠦᠪᠡᠷ᠎ᠢᠶᠠᠨ ᠡᠷᠲᠡᠯᠡᠵᠥ᠍ ᠤᠷᠦ᠋ᠢᠯᠠᠠ ᠬᠡᠷ ᠪᠠ ᠰᠤᠷᠭᠠᠭᠤᠯᠢ᠎ᠶ᠋ᠢᠨ ᠬᠤᠭᠤᠷᠤᠨᠳᠤ ᠭᠠᠷᠠᠭ ᠬᠢᠷᠢᠲᠡᠢ ᠪᠤᠷᠪᠢ ᠪᠤᠬᠢᠰᠭᠡᠯ ᠦᠬᠡᠢ ᠬᠦᠶᠦᠵᠤ ᠡᠳᠡᠬᠡᠷ ᠬᠡᠤᠭᠡᠳ᠎ᠢᠶᠠᠨ ᠠᠰᠠᠷᠠᠠ ᠬᠠᠷᠠᠭᠠᠯᠵᠠᠵᠤ ᠡᠳᠡᠭᠡᠷᠡᠬᠦᠯᠦᠭ᠌ᠰᠡᠨ ᠪᠠ ᠵᠢᠨ᠎ᠠ᠃ 《ᠬᠡᠦᠬᠡᠳ ᠨᠢᠬᠡᠪᠦᠷᠢ ᠴᠦᠮ ᠠᠪᠤ ᠡᠵᠢ᠎ᠶ᠋ᠢᠨ᠎ᠢᠶᠠᠨ ᠠᠮᠢᠨ ᠡᠷᠲᠡᠨᠢ᠂ ᠠᠪᠤ ᠡᠵᠢ᠎ᠨᠢ ᠬᠠᠵᠠᠭᠤ᠎ᠳᠤ᠎ᠨᠢ ᠪᠠᠢᠬᠤ ᠦᠭᠡᠢ᠂ ᠢᠢᠮᠤ ᠪᠠ ᠵᠢᠳᠠᠯ ᠲᠤᠤᠷ᠎ᠠ ᠨᠢᠭᠡ ᠠᠷᠠᠳ᠎ᠤᠨ ᠪᠠᠭ᠍ᠰᠢ ᠪᠤᠯᠤᠭ᠍ᠰᠠᠠ᠎ᠤ ᠬᠤᠪᠢ᠎ᠳᠤ ᠬᠤᠢᠰᠢ ᠤᠬᠤᠷᠢᠵᠦ᠍ ᠪᠤᠯᠤᠨ᠎ᠠ ᠤᠤ᠂ ᠡᠪᠡᠳᠴᠢᠯᠡᠭ᠌ᠰᠡᠨ ᠴᠠᠭ᠎ᠲᠤ ᠬᠡᠤᠭᠡᠳ᠎ᠤᠳ ᠨᠡᠩ ᠢᠯᠡᠬᠦᠤ ᠬᠠᠢᠷ᠎ᠠ ᠬᠠᠯᠠᠮᠵᠢ ᠴᠢᠬᠤᠯᠠ᠎ᠲᠠᠢ》 ᠭᠡᠵᠦ᠍ ᠰᠡᠳᠭᠢᠯ᠎ᠤᠨ ᠥᠬᠡ᠎ᠪᠠᠨ ᠲᠡᠯᠬᠡᠨ᠎ᠠ᠃

ᠰᠤᠷᠪᠤᠯᠵᠢᠯᠠᠭ᠎ᠠ ᠥᠨᠳᠣᠷᠯᠡᠬᠦ᠌᠎ᠪᠠᠷ᠂ ᠬᠠᠰᠭᠤᠸ᠎ᠠ ᠪᠠᠭ᠍ᠰᠢ᠄ 《ᠪᠢ ᠤᠯᠠᠨ ᠠᠷᠪᠢᠨ ᠰᠣᠷᠣᠬ᠍ᠴᠢ ᠬᠦᠮᠦᠵᠢᠭᠦᠯᠦᠭ᠌ᠰᠡᠨ᠂ ᠤᠯᠠᠩᠬᠢ᠎ᠨᠢ ᠨᠡᠢᠬᠡᠮ ᠲᠡᠭᠡᠷ᠎ᠡ ᠭᠠᠷᠣᠭᠠᠳ ᠦᠪᠡᠷ᠎ᠤᠨ ᠠᠵᠢᠯ᠎ᠤᠨ ᠪᠠᠢᠷᠢ᠎ᠪᠠᠨ ᠤᠯᠤᠭ᠍ᠰᠠᠨ᠂ ᠰᠤᠷᠤᠭ᠍ᠴᠢᠳ᠎ᠤᠨ᠎ᠢᠶᠠᠨ ᠠᠮᠵᠢᠯᠳᠠ ᠪᠦᠳᠦᠮᠵᠢ᠎ᠳᠤ ᠮᠠᠰᠢ ᠶᠡᠭᠡ ᠪᠠᠶᠠᠷᠯᠠᠲᠠᠭ᠃ ᠤᠯᠤᠰ ᠤᠷᠤᠨ ᠬᠦᠭ᠌ᠵᠢᠵᠦ᠍ ᠪᠠᠢᠭ᠎ᠠ ᠡᠨᠡ ᠬᠦ᠌ ᠰᠠ ᠵᠢᠬᠠᠨ ᠴᠠᠭ᠎ᠲᠤ ᠡᠬᠡ ᠤᠯᠤᠰ᠎ᠤᠨ ᠢᠷᠡᠭᠡᠲᠦᠢ ᠪᠤᠯᠤᠭ᠍ᠰᠠᠨ ᠬᠡᠤᠭᠡᠳ᠎ᠤᠳ᠎ᠲᠤ ᠮᠢᠨᠢ ᠯᠠᠪᠲᠠᠢ ᠨᠡᠩ ᠰᠠᠢᠨ ᠰᠠᠷᠠᠭᠤᠯ ᠲᠠᠷᠲᠠᠩ ᠵᠠᠮ ᠪᠤᠢ᠂ ᠠᠷᠠᠳ᠎ᠤᠨ ᠪᠠᠭ᠍ᠰᠢ ᠪᠤᠯᠤᠭ᠍ᠰᠠᠨ᠎ᠤ ᠬᠤᠪᠢ᠎ᠳᠤ ᠦᠷᠭᠦᠯᠵᠢᠯᠡᠨ ᠡᠭᠦᠷᠭᠡ ᠬᠠᠷᠢᠭᠤᠴᠠᠯᠭ᠎ᠠ᠎ᠪᠠᠨ ᠪᠠᠲᠤ ᠴᠡᠭᠡᠵᠢᠯᠡᠵᠦ᠍᠂ ᠤᠯᠤᠰ ᠬᠡᠷ᠎ᠲᠡᠭᠡᠨ ᠨᠡᠩ ᠤᠯᠠᠨ ᠴᠢᠲᠠᠪᠤᠷᠢᠲᠠᠨ᠎ᠢ ᠬᠦᠮᠦᠵᠢᠭᠦᠯᠬᠦ᠌᠎ᠪᠠᠷ ᠴᠢᠷᠮᠠ᠊ ᠎ᠶ᠋ᠢᠨ ᠠᠵᠢᠯᠯᠠᠨ᠎ᠠ》 ᠭᠡᠵᠣ ᠢᠳᠡᠬᠡᠯ ᠲᠡᠬᠦᠯᠳᠡᠷ ᠬᠡᠯᠡᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号