ᠥᠪᠥᠷ ᠮᠣᠩᠭᠤᠯ᠎ᠤᠨ ᠡᠷᠡᠭ᠌ᠳᠡᠢ᠎ᠶ᠋ᠢᠨ ᠵᠢᠦᠳᠣᠣ ᠪᠦᠭᠡ᠎ᠶ᠋ᠢᠨ ᠠᠩᠭᠢ ᠨᠢᠭᠡ ᠡᠳᠦᠷ᠎ᠲᠤ ᠭᠤᠷᠪᠠᠨ ᠠᠯᠲᠠᠨ ᠮᠧᠳᠠᠯ ᠭᠠᠷᠳᠠᠪᠠ
2021-09-21 11:20:27
ᠵᠣᠬᠢᠶᠠᠭ᠍ᠴᠢ᠄
ᠨᠠᠷᠠᠨᠳᠤᠩᠭᠠᠯᠠᠭ
ᠣᠩᠱᠢᠭ᠍ᠰᠠᠨ ᠣᠳᠠᠭ᠎ᠠ᠄
★★★☆☆

9 ᠰᠠᠷ᠎ᠠ᠎ᠶ᠋ᠢᠨ 17 ᠎ᠤ ᠡᠳᠦᠷ᠂ ᠠᠷᠪᠠᠨ ᠳᠥᠷᠪᠡᠳᠦᠭᠡᠷ ᠬᠤᠭᠤᠴᠠᠭᠠᠨ᠎ᠤ ᠪᠥᠬᠦ᠌ ᠤᠯᠤᠰ᠎ᠤᠨ ᠲᠠᠮᠢᠷ᠎ᠤᠨ ᠴᠤᠭ᠍ᠯᠠᠭᠠᠨ᠎ᠤ ᠵᠢᠦᠳᠣᠣ ᠪᠦᠬᠡ᠎ᠶ᠋ᠢᠨ ᠲᠥᠷᠥᠯ᠎ᠤᠨ ᠤᠷᠤᠯᠳᠤᠭᠠᠨ ᠰᠢ ᠠᠨ᠎ᠤ ᠵᠠᠮ ᠬᠠᠷᠢᠯᠴᠠᠭᠠᠨ᠎ᠤ ᠶᠡᠭᠡ ᠰᠤᠷᠭᠠᠭᠤᠯᠢ᠎ᠶ᠋ᠢᠨ ᠪᠡᠶ᠎ᠡ᠎ᠶ᠋ᠢᠨ ᠲᠠᠮᠢᠷ᠎ᠤᠨ ᠣᠷᠳᠣᠨ᠎ᠳᠤ ᠶᠠᠪᠤᠭ᠍ᠳᠠᠵᠤ᠂ ᠦᠪᠦᠷ ᠮᠤᠩᠭᠤᠯ᠎ᠤᠨ ᠲᠠᠮᠢᠷᠴᠢᠨ ᠴᠢᠨᠳᠠᠭ᠎ᠠ᠂ ᠵᠠᠯᠰᠠᠨ᠂ ᠪᠥᠬᠡᠪᠢᠯᠢᠭ ᠲᠤᠰ ᠲᠤᠰ ᠡᠷᠡᠭ᠌ᠲᠡᠶ᠎ᠶ᠋ᠢᠨ 73 ᠺᠢᠯᠣᠭ᠌ᠷᠠᠮ᠎ᠤᠨ ᠳᠡᠰ᠂ 81 ᠺᠢᠯᠣᠭ᠌ᠷᠠᠮ᠎ᠤᠨ ᠳᠡᠰ᠂ 90 ᠺᠢᠯᠣᠭ᠌ᠷᠠᠮ᠎ᠤᠨ ᠲᠡᠰ᠎ᠲᠤ ᠮᠠᠩᠯᠠᠢᠯᠠᠵᠤ᠂ ᠪᠠᠶᠠᠨᠳᠡᠯᠡᠭᠡᠢ ᠡᠷᠡᠭ᠌ᠲᠡᠶ᠎ᠶ᠋ᠢᠨ 73 ᠺᠢᠯᠣᠭ᠌ᠷᠠᠮ᠎ᠤᠨ ᠲᠡᠰ᠎ᠤᠨ ᠬᠦᠷᠡᠯ ᠮᠧᠳᠠᠯ᠎ᠢ ᠭᠠᠷᠳᠠᠵᠠᠢ᠃

ᠥᠨᠥᠳᠦᠷ᠎ᠤᠨ ᠣᠯᠤᠭ᠍ᠰᠠᠨ ᠱᠢᠯᠢᠳᠡᠭ ᠬᠢᠷᠢ ᠪᠦᠳᠦᠮᠵᠢ᠎ᠶ᠋ᠢᠨ ᠲᠤᠬᠠᠢ ᠳᠠᠰᠭᠠᠯᠵᠢᠭᠤᠯᠤᠭ᠍ᠴᠢ ᠳᠦᠭᠦᠷᠡᠩᠬᠡᠱᠢᠭ᠄ 《ᠲᠠᠮᠢᠷᠴᠢᠳ ᠮᠠᠨᠢ ᠦᠨᠡᠨ ᠰᠠᠢᠨ ᠪᠠᠷᠢᠯᠳᠤᠭ᠍ᠰᠠᠨ ᠱᠢᠦ! ᠲᠡᠳᠡ᠂ ᠡᠩ᠎ᠤᠨ ᠦᠶ᠎ᠡ᠎ᠳᠡᠭᠡᠨ ᠴᠦ᠍ ᠱᠢᠷᠭᠠᠭᠤ ᠬᠠᠲᠠᠭᠤᠵᠢᠯᠲᠠᠶ ᠨᠠᠷᠢᠨ ᠬᠢᠨᠠᠮᠠᠭᠠᠶ ᠪᠤᠯᠪᠠᠰᠤᠷᠠᠵᠤ᠂ ᠤᠯᠤᠰ᠎ᠤᠨ ᠳᠣᠲᠣᠭᠠᠳᠤ᠎ᠶ᠋ᠢᠨ ᠡᠯ᠎ᠡ ᠶᠡᠭᠡ ᠤᠷᠤᠯᠳᠤᠭᠠᠨ ᠮᠦᠷᠦ᠋ᠢᠴᠡᠭᠡᠨ᠎ᠤ ᠱᠢᠯᠭᠠᠯᠲᠠ᠎ᠶ᠋ᠢ ᠳᠠᠭᠠᠭᠠᠵᠤ ᠢᠷᠡᠭ᠌ᠰᠡᠨ᠂ ᠪᠢᠳᠡ ᠡᠨᠡ ᠬᠦ᠌ ᠲᠥᠷᠥᠯ ᠵᠦᠢᠯ᠎ᠤᠨ ᠱᠠᠩᠨᠠᠯ᠎ᠤᠨ ᠮᠧᠳᠠᠯ᠎ᠢ ᠯᠠᠪᠳᠠᠢ ᠣᠯᠬᠤ᠎ᠳᠤ ᠪᠦᠷᠢᠨ ᠢᠳᠡᠭᠡᠯ᠎ᠲᠠᠢ ᠪᠠᠢᠭ᠍ᠰᠠᠨ᠂ ᠲᠠᠮᠢᠷᠴᠢᠳ ᠮᠠᠨᠢ ᠥᠪᠥᠷ ᠮᠣᠩᠭᠤᠯ᠎ᠤᠨ ᠡᠷᠡᠭ᠌ᠲᠡᠶ᠎ᠶ᠋ᠢᠨ ᠵᠢᠦᠳᠣᠣ᠎ᠶ᠋ᠢᠨ ᠠᠩᠭᠢ᠎ᠶ᠋ᠢᠨ ᠴᠤᠭ ᠵᠢᠪᠬᠤᠭ᠎ᠠ ᠪᠠ ᠳᠠᠢᠴᠢᠨ ᠬᠦᠴᠦᠨ᠎ᠢ ᠪᠦᠷᠢᠨ ᠢᠯᠡᠷᠡᠭᠦᠯᠦᠭ᠌ᠰᠡᠨ ᠪᠠᠢᠨ᠎ᠠ》 ᠭᠡᠵᠦ᠍ ᠰᠡᠳᠭᠢᠯ ᠲᠤᠭ᠍ᠳᠤᠯᠤᠩᠬᠠᠨ ᠶᠠᠷᠢᠯ᠎ᠠ᠃

73 ᠺᠢᠯᠣᠭ᠌ᠷᠠᠮ᠎ᠤᠨ ᠲᠡᠰ᠎ᠤᠨ ᠤᠷᠤᠯᠳᠤᠭᠠᠨ᠎ᠳᠤ ᠮᠠᠩᠯᠠᠢᠯᠠᠭ᠍ᠰᠠᠨ 25 ᠨᠠᠰᠤᠲᠠᠶ ᠴᠢᠨᠳᠠᠭ᠎ᠠ 2017 ᠣᠨ᠎ᠤ ᠲᠢᠶᠠᠨᠵᠢᠨ᠎ᠤ ᠪᠦᠬᠦ᠌ ᠤᠯᠤᠰ᠎ᠤᠨ ᠲᠠᠮᠢᠷ᠎ᠤᠨ ᠴᠤᠭ᠍ᠯᠠᠭᠠᠨ ᠳᠡᠭᠡᠷ᠎ᠡ 66 ᠺᠢᠯᠣᠭ᠌ᠷᠠᠮ᠎ᠤᠨ ᠲᠡᠰ᠎ᠤᠨ ᠬᠦᠷᠡᠯ ᠮᠧᠳᠠᠯ᠎ᠢ ᠣᠯᠵᠤ ᠥᠩᠭᠡᠷᠡᠵᠡᠢ᠃ ᠳᠥᠷᠪᠡᠨ ᠵᠢᠯ᠎ᠤᠨ ᠴᠢᠷᠮᠠᠢᠯᠭ᠎ᠠ᠎ᠪᠠᠷ ᠳᠠᠮᠵᠢᠨ ᠲᠡᠷᠡ᠎ᠪᠠᠷ ᠦᠪᠦᠷ ᠮᠤᠩᠭᠤᠯ᠎ᠤᠨ ᠲᠦᠯᠦᠭᠡᠯᠡᠭ᠌ᠴᠢᠳ᠎ᠤᠨ ᠪᠦᠯᠬᠦᠮ᠎ᠳᠤ ᠲᠤᠰ ᠬᠤᠭᠤᠴᠠᠭᠠᠨ᠎ᠤ ᠪᠦᠬᠦ᠌ ᠤᠯᠤᠰ᠎ᠤᠨ ᠲᠠᠮᠢᠷ᠎ᠤᠨ ᠴᠤᠭ᠍ᠯᠠᠭᠠᠨ᠎ᠤ ᠦᠷᠢᠰᠦᠯᠳᠦᠭᠡᠨᠳᠦ ᠲᠠᠮᠢᠷ᠎ᠤᠨ ᠤᠷᠤᠯᠳᠤᠭᠠᠨ᠎ᠤ ᠲᠦᠷᠦᠯ᠎ᠤᠨ ᠠᠩᠬᠠᠳᠠᠭ᠍ᠴᠢ ᠠᠯᠲᠠᠨ ᠮᠧᠳᠠᠯ᠎ᠢ ᠤᠯᠭᠤᠵᠤ ᠦᠭ᠌ᠴᠡᠢ᠃ 《ᠦᠪᠡᠷ᠎ᠤᠨ ᠬᠤᠪᠢ᠎ᠳᠤ ᠪᠤᠯᠪᠠᠰᠤᠷᠠᠯ ᠰᠤᠷᠢᠭ᠎ᠠ᠎ᠪᠠᠨ ᠰᠠᠢᠨ ᠬᠢᠭ᠌ᠰᠡᠨ᠂ ᠡᠩ᠎ᠤᠨ ᠦᠶ᠎ᠡ᠎ᠶ᠋ᠢᠨ ᠪᠣᠯᠪᠠᠰᠤᠷᠠᠯ᠎ᠤᠨ ᠳᠤᠮᠳᠠ ᠳᠠᠰᠭᠠᠯᠵᠢᠭᠤᠯᠤᠭ᠍ᠴᠢ᠎ᠶ᠋ᠢᠨ ᠵᠢᠯᠣᠭᠤᠳᠤᠯᠭ᠎ᠠ ᠪᠠ ᠲᠣᠬᠢᠷᠠᠭᠤᠯᠤᠯᠲᠠ᠎ᠶ᠋ᠢ ᠴᠢᠩᠭ᠎ᠠ ᠵᠢᠷᠤᠮᠯᠠᠭ᠍ᠰᠠᠨ᠎ᠢᠶᠠᠷ ᠪᠠᠷᠠᠬᠤ ᠦᠭᠡᠢ᠂ ᠪᠠᠰᠠ ᠡᠯ᠎ᠡ ᠲᠥᠷᠥᠯ᠎ᠤᠨ ᠤᠷᠤᠯᠳᠤᠭᠠᠨ᠎ᠳᠤ ᠪᠣᠳᠠᠲᠤ ᠪᠠᠢᠯᠳᠤᠭᠠᠨ᠎ᠤ ᠲᠤᠷᠱᠢᠯᠭ᠎ᠠ ᠬᠤᠷᠠᠮᠳᠤᠭᠤᠯᠬᠤ᠎ᠶ᠋ᠢ ᠴᠢᠬᠤᠯᠠᠴᠢᠯᠠᠪᠠ᠂ ᠡᠨᠡ ᠬᠦ᠌ ᠠᠯᠲᠠᠨ ᠮᠧᠳᠠᠯ ᠪᠣᠯ ᠡᠩ᠎ᠤᠨ ᠦᠶ᠎ᠡ᠎ᠶ᠋ᠢᠨ ᠬᠠᠲᠠᠭᠤᠵᠢᠯᠲᠠᠶ ᠪᠣᠯᠪᠠᠰᠤᠷᠠᠯ᠎ᠤᠨ ᠮᠢᠨᠢ ᠬᠠᠮᠤᠭ᠎ᠤᠨ ᠰᠠᠢᠨ ᠠᠴᠢ ᠬᠠᠷᠢᠭᠤ ᠮᠦᠨ᠂ ᠡᠨᠡ᠎ᠨᠢ ᠮᠦᠨ ᠴᠦ᠍ ᠠᠪᠤ ᠡᠵᠢ᠂ ᠠᠬ᠎ᠠ ᠲᠡᠭᠦᠦ ᠰᠠᠳᠤᠨ ᠬᠠᠮᠳᠤ ᠤᠯᠠᠨ᠎ᠤ ᠳᠡᠮᠵᠢᠯᠭᠡ᠎ᠠᠴᠠ ᠰᠠᠯᠵᠦ᠍ ᠴᠢᠳᠠᠰᠢ ᠦᠭᠡᠢ》 ᠭᠡᠵᠦ᠍ ᠴᠢᠨᠳᠠᠭ᠎ᠠ ᠰᠡᠳᠭᠢᠯ ᠲᠦᠬᠦᠷᠡᠩ ᠶᠠᠷᠢᠨ᠎ᠡ᠃

ᠲᠤᠰ ᠡᠳᠦᠷ᠎ᠤᠨ 17 ᠴᠠᠭ 06 ᠮᠢᠨᠦ᠋ᠲ᠎ᠲᠤ᠌᠂ ᠥᠪᠥᠷ ᠮᠣᠩᠭᠤᠯ᠎ᠤᠨ ᠲᠠᠮᠢᠷᠴᠢᠨ ᠵᠠᠯᠰᠠᠨ ᠪᠣᠯᠤᠨ ᠪᠡᠭᠡᠵᠢᠩ᠎ᠤᠨ ᠲᠠᠮᠢᠷᠴᠢᠨ ᠭᠤᠤ ᠬᠠᠢ ᠶᠤᠸᠠᠨ 81 ᠺᠢᠯᠣᠭ᠌ᠷᠠᠮ᠎ᠤᠨ ᠲᠡᠰ᠎ᠤᠨ ᠱᠢᠢᠳᠪᠦᠷᠢᠲᠦ ᠤᠷᠤᠯᠳᠤᠭᠠᠨ᠎ᠳᠤ ᠲᠡᠮᠡᠴᠡᠯᠳᠦᠪᠡ᠃ 26 ᠨᠠᠰᠤᠲᠠᠢ ᠵᠠᠯᠰᠠᠨ ᠪᠦᠬᠦ᠌ ᠤᠯᠤᠰ᠎ᠤᠨ ᠲᠠᠮᠢᠷ᠎ᠤᠨ ᠴᠤᠭ᠍ᠯᠠᠭᠠᠨ᠎ᠳᠤ ᠠᠩᠬ᠎ᠠ ᠤᠳᠠᠭ᠎ᠠ ᠤᠷᠤᠵᠦ᠍ ᠪᠠᠢᠭ᠎ᠠ ᠠᠵᠢ᠃ ᠵᠠᠯᠰᠠᠨ ᠤᠷᠤᠯᠳᠤᠭᠠᠨ᠎ᠤ ᠳᠤᠮᠳᠠ ᠯᠠᠪᠳᠠᠭᠤᠨ ᠮᠦᠷᠳᠡᠭᠡᠨ ᠮᠡᠷᠭᠡᠵᠢᠯ᠎ᠤᠨ ᠣᠨᠴᠠᠯᠢᠭ᠎ᠢᠶᠠᠨ ᠭᠦᠢᠴᠡᠳ ᠪᠠᠳᠠᠷᠠᠭᠤᠯᠤᠭ᠍ᠰᠠᠨ᠎ᠢᠶᠠᠷ ᠥᠪᠥᠷ ᠮᠣᠩᠭᠤᠯ᠎ᠤᠨ ᠲᠥᠯᠥᠭᠡᠯᠡᠭ᠌ᠴᠢᠳ᠎ᠤᠨ ᠪᠦᠯᠬᠦᠮ᠎ᠳᠤ ᠦᠷᠢᠰᠦᠯᠳᠦᠭᠡᠨᠳᠦ ᠲᠠᠮᠢᠷ᠎ᠤᠨ ᠤᠷᠤᠯᠳᠤᠭᠠᠨ᠎ᠤ ᠬᠤᠶᠠᠳᠤᠭᠠᠷ ᠠᠯᠲᠠᠨ ᠮᠧᠳᠠᠯ᠎ᠢ ᠤᠯᠭᠤᠭ᠍ᠰᠠᠨ ᠪᠠᠢᠨ᠎ᠠ᠃

18 ᠴᠠᠭ᠎ᠤᠨ ᠦᠶ᠎ᠡ᠎ᠪᠠᠷ᠂ ᠡᠷᠡᠭ᠌ᠲᠡᠶ᠎ᠶ᠋ᠢᠨ 90 ᠺᠢᠯᠣᠭ᠌ᠷᠠᠮ᠎ᠤᠨ ᠲᠡᠰ᠎ᠤᠨ ᠱᠢᠢᠳᠪᠦᠷᠢᠲᠦ ᠤᠷᠤᠯᠳᠤᠭᠠᠨ᠎ᠳᠤ ᠥᠪᠥᠷ ᠮᠣᠩᠭᠤᠯ᠎ᠤᠨ ᠲᠠᠮᠢᠷᠴᠢᠨ ᠪᠦᠬᠡᠪᠢᠯᠢᠭ ᠪᠣᠯᠤᠨ ᠱᠠᠩᠬᠠᠶ᠎ᠶ᠋ᠢᠨ ᠲᠠᠮᠢᠷᠴᠢᠨ ᠱᠢᠶᠧ ᠶᠠ ᠳ᠋ᠦᠩ ᠦᠷᠢᠰᠦᠯᠳᠦᠵᠦ᠍᠂ ᠪᠥᠬᠡᠪᠢᠯᠢᠭ ᠥᠪᠥᠷ ᠮᠣᠩᠭᠤᠯ᠎ᠤᠨ ᠲᠥᠯᠥᠭᠡᠯᠡᠭ᠌ᠴᠢᠳ᠎ᠤᠨ ᠪᠦᠯᠬᠦᠮ᠎ᠳᠤ ᠦᠷᠢᠰᠦᠯᠳᠦᠭᠡᠨᠳᠦ ᠲᠠᠮᠢᠷ᠎ᠤᠨ ᠤᠷᠤᠯᠳᠤᠭᠠᠨ᠎ᠤ ᠭᠤᠷᠪᠠᠳᠡᠬᠢ ᠠᠯᠲᠠᠨ ᠮᠧᠳᠠᠯ᠎ᠢ ᠤᠯᠭᠤᠭ᠍ᠰᠠᠨ ᠪᠠᠢᠨ᠎ᠠ᠃ ᠤᠷᠤᠯᠳᠤᠭᠠᠨ᠎ᠤ ᠳᠠᠷᠠᠭ᠎ᠠ ᠪᠥᠬᠡᠪᠢᠯᠢᠭ ᠰᠤᠷᠪᠤᠯᠵᠢᠯᠠᠭ᠎ᠠ ᠬᠦᠯᠢᠶᠡᠬᠦ᠌᠎ᠳᠡᠭᠡᠨ᠄ 《ᠬᠡᠳᠦ᠋ᠢᠪᠡᠷ ᠪᠤᠰᠤᠳ ᠲᠠᠮᠢᠷᠴᠢᠨ᠎ᠲᠠᠢ ᠬᠠᠷᠢᠴᠠᠭᠤᠯᠪᠠᠯ᠂ ᠤᠷᠤᠯᠳᠤᠭᠠᠨ᠎ᠤ ᠲᠤᠷᠱᠢᠯᠭ᠎ᠠ ᠲᠤᠳᠠᠮᠠᠭ ᠪᠣᠯᠪᠠᠴᠤ᠌᠂ ᠱᠢᠰᠲ᠋ᠧᠮ᠎ᠲᠠᠢ ᠪᠣᠯᠪᠠᠰᠤᠷᠠᠯ ᠬᠦᠷᠲᠡᠭ᠌ᠰᠡᠨ ᠮᠠᠨᠢ ᠡᠨᠡ ᠤᠳᠠᠭᠠᠨ᠎ᠤ ᠲᠠᠮᠢᠷ᠎ᠤᠨ ᠴᠤᠭ᠍ᠯᠠᠭᠠᠨ᠎ᠳᠤ ᠣᠷᠣᠯᠴᠠᠬᠤ᠎ᠳᠤ ᠪᠠᠲᠤ ᠪᠠᠬᠢ ᠰᠠᠭᠤᠷᠢ᠎ᠶ᠋ᠢ ᠲᠠᠯᠪᠢᠵᠤ ᠥᠭ᠌ᠴᠡᠢ᠃ ᠡᠬᠦᠪᠡᠷ ᠪᠢ ᠱᠢᠨ᠎ᠡ ᠭᠠᠷᠤᠭ᠎ᠠ ᠪᠤᠯᠭᠠᠵᠤ᠂ ᠲᠠᠷᠠᠭᠠᠴᠢ᠎ᠶ᠋ᠢᠨ ᠤᠷᠤᠯᠳᠤᠭᠠᠨ ᠮᠦᠷᠦ᠋ᠢᠴᠡᠭᠡᠨ᠎ᠳᠤ ᠨᠡᠩ ᠰᠠᠢᠨ ᠬᠢᠷᠢ ᠪᠦᠳᠦᠮᠵᠢ᠎ᠶ᠋ᠢ ᠡᠬᠦᠳᠴᠦ᠍᠂ ᠤᠷᠤᠨ ᠨᠤᠲᠤᠭ᠎ᠲᠠᠭᠠᠨ ᠦᠡᠭ᠌ᠭᠡ ᠭᠡᠷᠡᠯ ᠠᠪᠴᠢᠷᠠᠨ᠎ᠠ》 ᠭᠡᠵᠦ᠍ ᠬᠡᠯᠡᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号