ᠪᠦᠭᠦ᠌ ᠤᠯᠤᠰ᠎ᠤᠨ ᠳᠠᠮᠢᠷ᠎ᠤᠨ ᠴᠤᠭ᠍ᠯᠠᠭᠠᠨ᠎ᠤ ᠡᠮᠦᠨ᠎ᠠ ᠹᠷᠤᠨᠲ᠎ᠠᠴᠠ ᠢᠯᠠᠯᠳᠠ᠎ᠶ᠋ᠢᠨ ᠤᠷᠠᠢ ᠴᠤᠤᠷᠢᠶᠠᠳᠤᠵᠤ ᠪᠠ ᠵᠢᠨ᠎ᠠ! ᠦᠪᠦᠷ ᠮᠤᠩᠭᠤᠯ᠎ᠤᠨ ᠡᠷᠡᠭ᠌ᠳᠠᠢ ᠵᠢᠤᠳᠦᠦ᠎ᠶ᠋ᠢᠨ ᠠᠩᠭᠢ ᠦᠨᠦᠳᠦᠷ ᠭᠤᠷᠪᠠᠨ ᠠᠯᠳᠠᠨ ᠮᠧᠲᠠᠯ ᠱᠢᠭᠦᠷᠤᠯ᠎ᠠ!
2021-09-21 11:20:35
ᠵᠣᠬᠢᠶᠠᠭ᠍ᠴᠢ᠄
​ ᠠᠭᠢᠮ᠎ᠠ ᠭᠦᠨᠪᠢᠯᠢᠭ ᠮᠡᠷᠭᠡᠨᠪᠢᠯᠢᠭ
ᠣᠩᠱᠢᠭ᠍ᠰᠠᠨ ᠣᠳᠠᠭ᠎ᠠ᠄
★★★☆☆

ᠪᠦᠭᠦ᠌ ᠤᠯᠤᠰ᠎ᠤᠨ ᠠᠷᠪᠠᠨ ᠳᠦᠷᠪᠡᠳᠦᠭᠡᠷ ᠬᠤᠭᠤᠴᠠᠭᠠᠨ᠎ᠤ ᠪᠡᠶ᠎ᠠ᠎ᠶ᠋ᠢᠨ ᠳᠠᠮᠢᠷ᠎ᠤᠨ ᠴᠤᠭ᠍ᠯᠠᠭᠠᠨ᠎ᠤ ᠵᠢᠤᠳᠤᠤ ᠪᠦᠭᠡ᠎ᠶ᠋ᠢᠨ ᠬᠤᠶᠠᠳᠡᠭᠢ ᠡᠳᠦᠷ᠎ᠤᠨ ᠪᠠᠷᠢᠯᠳᠤᠭᠠᠨ᠎ᠢᠶᠠᠷ᠂ ᠦᠪᠦᠷ ᠮᠤᠩᠭᠤᠯ᠎ᠤᠨ ᠵᠢᠤᠳᠤᠤ ᠪᠦᠭᠡ᠎ᠶ᠋ᠢᠨ ᠠᠩᠭᠢ᠎ᠶ᠋ᠢᠨ ᠳᠠᠮᠢᠷᠴᠢᠳ ᠠᠮᠵᠢᠯᠳᠠ᠎ᠲᠠᠢ ᠰᠠ ᠵᠢᠬᠠᠨ ᠪᠠᠷᠢᠯᠳᠤᠵᠤ᠂ 3 ᠠᠯᠳᠠᠨ ᠮᠧᠲᠠᠯ ᠤᠯᠵᠤ ᠦᠪᠦᠷ ᠮᠤᠩᠭᠤᠯ᠎ᠳᠤ᠎ᠪᠠᠨ ᠢᠷᠠᠭᠤ ᠠᠯᠳᠠᠷ ᠠᠪᠴᠢᠷᠠᠯ᠎ᠠ᠃

-73kg ᠎ᠤᠨ ᠳᠠᠰ᠎ᠲᠤ ᠭᠦᠪᠡᠭᠡᠳᠦ ᠱᠢᠷ᠎ᠠ ᠬᠤᠱᠢᠭᠤ᠎ᠪᠠᠷ ᠨᠤᠳᠤᠭ᠍ᠳᠠᠢ ᠴᠢᠨᠳᠠᠭ᠎ᠠ ᠠᠯᠳᠠᠨ ᠮᠧᠲᠠᠯ᠎ᠢ ᠱᠢᠭᠦᠷᠴᠦ᠍᠂ ᠬᠤᠶᠠᠳᠠᠭᠢ ᠪᠦᠭᠦ᠌ ᠤᠯᠤᠰ᠎ᠤᠨ ᠳᠠᠮᠢᠷ᠎ᠤᠨ ᠴᠤᠭ᠍ᠯᠠᠭᠠᠨ᠎ᠤ ᠠᠯᠳᠠᠨ ᠮᠧᠲᠠᠯ᠎ᠢᠶᠠᠷ ᠡᠩᠭᠡᠷ᠎ᠢᠶᠠᠨ ᠮᠢᠯᠢᠶᠠᠯᠭᠠᠯ᠎ᠠ᠃ ᠮᠦᠨ ᠳᠤᠰ ᠳᠠᠰ᠎ᠤᠨ ᠪᠠᠷᠢᠯᠳᠤᠭᠠᠨ᠎ᠳᠤ ᠠᠷᠤ ᠬᠤᠷᠴᠢᠨ ᠬᠤᠱᠢᠭᠤ᠎ᠪᠠᠷ ᠨᠤᠳᠤᠭ᠍ᠳᠠᠢ ᠪᠠᠶᠠᠨᠳᠠᠯᠡᠭᠡᠢ ᠭᠦᠷᠠᠯ ᠮᠧᠲᠠᠯ ᠤᠯᠵᠠᠢ᠃ -81kg ᠎ᠤᠨ ᠳᠠᠰ᠎ᠲᠤ ᠠᠷᠤ ᠬᠤᠷᠴᠢᠨ ᠬᠤᠱᠢᠭᠤ᠎ᠪᠠᠷ ᠨᠤᠳᠤᠭ᠍ᠳᠠᠢ ᠤᠯᠤᠰ᠎ᠤᠨ ᠠᠪᠤᠷᠭᠤ ᠵᠠᠯᠰᠠᠨ ᠠᠯᠳᠠᠨ ᠮᠧᠲᠠᠯ ᠱᠢᠭᠦᠷᠤᠯ᠎ᠠ᠃ -90kg ᠎ᠤᠨ ᠳᠠᠰ᠎ᠲᠤ᠌᠂ ᠰᠦᠨᠢᠳ ᠪᠠᠷᠠᠭᠤᠨ ᠬᠤᠱᠢᠭᠤ᠎ᠪᠠᠷ ᠨᠤᠳᠤᠭ᠍ᠳᠠᠢ ᠪᠦᠭᠡᠪᠢᠯᠢᠭ ᠠᠯᠳᠠᠨ ᠮᠧᠲᠠᠯ ᠭᠠᠷᠳᠠᠭ᠍ᠰᠠᠨ ᠪᠠ ᠵᠢᠨ᠎ᠠ᠃ ᠡ ᠵᠢᠨᠭᠦ᠌ ᠦᠨᠦᠳᠦᠷ᠎ᠤᠨ ᠵᠢᠤᠳᠤᠤ ᠪᠦᠭᠡ᠎ᠶ᠋ᠢᠨ ᠪᠠᠷᠢᠯᠳᠤᠭᠠᠨ᠎ᠤ ᠳᠠᠯᠠᠪᠠᠢ᠎ᠳᠤ ᠭᠤᠷᠪᠠᠨ ᠳᠠᠰ᠎ᠤᠨ ᠤᠷᠤᠯᠳᠤᠭᠠᠨ᠎ᠤ ᠠᠯᠳᠠᠨ ᠮᠧᠲᠠᠯ ᠱᠢᠯᠭᠠᠷᠠᠭᠤᠯᠤᠭ᠍ᠰᠠᠨ᠎ᠢᠶᠠᠷ ᠦᠪᠦᠷ ᠮᠤᠩᠭᠤᠯ᠎ᠤᠨ ᠳᠠᠮᠢᠷᠴᠢᠳ ᠮᠠᠨᠢ ᠪᠦᠭᠦ᠌ ᠭᠤᠷᠪᠠᠨ ᠠᠯᠳᠠᠨ ᠮᠧᠲᠠᠯ᠎ᠢ ᠬᠠᠮᠤᠷᠠᠨ ᠱᠢᠭᠦᠷᠴᠠᠢ᠃

ᠡᠭᠦᠨ᠎ᠠᠴᠠ ᠭᠠᠳᠠᠨ᠎ᠠ᠂ ᠱᠢᠯᠤᠭᠤᠨ ᠭᠦᠭᠡ ᠬᠤᠱᠢᠭᠤ᠎ᠪᠠᠷ ᠨᠤᠳᠤᠭ᠍ᠳᠠᠢ ᠤᠯᠢᠮᠫᠢᠺ᠎ᠤᠨ ᠮᠦᠡᠭ᠌ᠭᠦᠨ ᠮᠧᠲᠠᠯᠳᠦ ᠳᠠᠮᠢᠷᠴᠢᠨ ᠰᠠ ᠵᠢᠨᠵᠢᠷᠭᠠᠯ -73kg ᠎ᠤᠨ ᠳᠠᠰ᠎ᠲᠤ ᠳᠠᠪᠤᠳᠤᠭᠠᠷ ᠨᠡᠷ᠎ᠠ᠎ᠪᠠᠷ ᠳᠤᠳᠤᠷᠠᠵᠤ᠂ ᠭᠦᠪᠡᠭᠡᠳᠦ ᠱᠢᠷ᠎ᠠ ᠬᠤᠱᠢᠭᠤ᠎ᠪᠠᠷ ᠨᠤᠳᠤᠭ᠍ᠳᠠᠢ ᠨᠠ ᠵᠢᠷᠠᠭ᠍ᠴᠢ -81kg ᠎ᠤᠨ ᠳᠠᠰ᠎ᠲᠤ ᠳᠠᠪᠤᠳᠤᠭᠠᠷ ᠨᠡᠷ᠎ᠠ᠎ᠳᠤ ᠳᠤᠳᠤᠷᠠᠵᠤ᠂ ᠦᠪᠦᠷ ᠮᠤᠩᠭᠤᠯ᠎ᠤᠨ ᠠᠩᠭᠢ ᠨᠡ ᠵᠢᠳᠠ 3 ᠠᠯᠳᠠ᠂ 3 ᠭᠦᠷᠡᠯ᠂ 4 ᠳᠠᠪᠤᠳᠤᠭᠠᠷ᠂ 2 ᠳᠤᠯᠤᠳᠤᠭᠠᠷ ᠨᠡᠷ᠎ᠠ᠎ᠶ᠋ᠢᠨ ᠭᠢᠯᠠᠯᠵᠠᠮ᠎ᠠ ᠠᠮᠵᠢᠯᠳᠠ᠎ᠶ᠋ᠢ ᠪᠠ ᠵᠢᠭᠤᠯᠤᠭ᠍ᠰᠠᠨ ᠪᠠ ᠵᠢᠨ᠎ᠠ᠃

ᠨᠤᠳᠤᠭ ᠤᠰᠤᠨ᠎ᠳᠠᠭᠠᠨ ᠢᠷᠡᠭᠤ ᠠᠯᠳᠠᠷ ᠠᠪᠴᠢᠷᠠᠭ᠍ᠰᠠᠨ ᠦᠪᠦᠷ ᠮᠤᠩᠭᠤᠯ᠎ᠤᠨ ᠳᠦᠯᠦᠭᠡᠯᠡᠭ᠌ᠴᠢᠳ᠎ᠤᠨ ᠠᠩᠭᠢ᠎ᠶ᠋ᠢᠨ ᠳᠠᠮᠢᠷᠴᠢᠳ᠎ᠲᠤ᠎ᠪᠠᠨ ᠦᠨᠳᠦᠷ ᠠᠮᠵᠢᠯᠳᠠ ᠭᠦᠰᠡᠶ᠎ᠠ!



ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号