9 ᠰᠠᠷ᠎ᠠ᠎ᠶ᠋ᠢᠨ 21 ᠤ ᠡᠳᠦᠷ᠂ ᠠᠷᠪᠠᠨ ᠳᠥᠷᠪᠡᠳᠦᠭᠡᠷ ᠬᠤᠭᠤᠴᠠᠭᠠᠨ᠎ᠤ ᠪᠦᠬᠦ᠌ ᠤᠯᠤᠰ᠎ᠤᠨ ᠲᠠᠮᠢᠷ᠎ᠤᠨ ᠴᠤᠭ᠍ᠯᠠᠭᠠᠨ᠎ᠤ ᠤᠮᠪᠠᠯᠲᠠ᠎ᠶ᠋ᠢᠨ ᠲᠦᠷᠦᠯ ᠵᠦᠢᠯ᠎ᠤᠨ ᠡᠷᠡᠭ᠌ᠲᠡᠶ᠎ᠶ᠋ᠢᠨ 200 ᠮᠧᠲᠷ᠎ᠤᠨ ᠡᠷᠪᠡᠬᠡᠶ ᠤᠮᠪᠠᠯᠲᠠ᠎ᠶ᠋ᠢᠨ ᠪᠡᠯᠡᠳᠭᠡᠯ ᠤᠷᠤᠯᠳᠤᠭᠠᠨ ᠰᠢ ᠠᠨ᠎ᠤ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠲᠥᠪ᠎ᠤᠨ ᠤᠰᠤ ᠬᠠᠷᠠᠢᠯᠲᠠ᠎ᠶ᠋ᠢᠨ ᠣᠷᠳᠣᠨ᠎ᠳᠤ ᠶᠠᠪᠤᠭ᠍ᠳᠠᠵᠦ᠍᠂ ᠥᠪᠥᠷ ᠮᠣᠩᠭᠤᠯ᠎ᠤᠨ ᠲᠥᠯᠥᠭᠡᠯᠡᠭ᠌ᠴᠢᠳ᠎ᠤᠨ ᠪᠦᠯᠬᠦᠮ ᠠᠩᠬ᠎ᠠ ᠤᠳᠠᠭ᠎ᠠ ᠪᠦᠬᠦ᠌ ᠤᠯᠤᠰ᠎ᠤᠨ ᠲᠠᠮᠢᠷ᠎ᠤᠨ ᠴᠤᠭ᠍ᠯᠠᠭᠠᠨ᠎ᠤ ᠤᠮᠪᠠᠯᠲᠠ᠎ᠶ᠋ᠢᠨ ᠲᠦᠷᠦᠯ ᠵᠦᠢᠯ᠎ᠤᠨ ᠥᠷᠢᠰᠥᠯᠳᠦᠭᠡᠨ᠎ᠳᠤ ᠣᠷᠣᠯᠴᠠᠪᠠ᠃
17 ᠨᠠᠰᠤᠲᠠᠶ ᠦᠪᠤᠷ ᠮᠤᠩᠭᠤᠯ᠎ᠤᠨ ᠲᠦᠯᠦᠭᠡᠯᠡᠭ᠌ᠴᠢᠳ᠎ᠤᠨ ᠪᠦᠯᠬᠦᠮ᠎ᠤᠨ ᠲᠠᠮᠢᠷᠴᠢᠨ ᠨᠢᠤ ᠭᠤᠸᠠᠩ ᠱᠧᠩ ᠳᠤᠭᠤᠢ᠍ᠢᠯᠠᠩ᠎ᠤᠨ ᠬᠤᠶᠠᠳᠤᠭᠠᠷ᠎ᠲᠤ ᠣᠷᠣᠭ᠍ᠰᠠᠨ ᠬᠢᠷᠢ ᠪᠦᠲᠦᠮᠵᠢ᠎ᠪᠠᠷ ᠬᠠᠭᠠᠰ ᠱᠢᠢᠳᠪᠤᠷᠢᠲᠤ ᠤᠷᠤᠯᠳᠤᠭᠠᠨ᠎ᠳᠤ ᠤᠷᠤᠯᠴᠠᠬᠤ ᠡᠷᠭᠡ᠎ᠶ᠋ᠢ ᠤᠯᠪᠠ᠃ ᠡᠨᠡ ᠤᠳᠠᠭ᠎ᠠ ᠲᠡᠷᠡ᠎ᠪᠠᠷ ᠡᠷᠡᠭ᠌ᠲᠡᠶ᠎ᠶ᠋ᠢᠨ 100 ᠮᠧᠲᠷ᠎ᠤᠨ ᠲᠠᠩᠭᠠᠢᠮᠠᠯ ᠤᠮᠪᠠᠯᠲᠠ᠂ 100 ᠮᠧᠲᠷ᠎ᠤᠨ ᠡᠷᠪᠡᠬᠡᠶ ᠤᠮᠪᠠᠯᠲᠠ᠂ 200 ᠮᠧᠲᠷ᠎ᠤᠨ ᠡᠷᠪᠡᠬᠡᠶ ᠤᠮᠪᠠᠯᠲᠠ ᠪᠠ 1500 ᠮᠧᠲᠷ᠎ᠤᠨ ᠴᠢᠯᠥᠭᠡᠲᠦ ᠤᠮᠪᠠᠯᠲᠠ ᠵᠡᠷᠭᠡ 4 ᠲᠦᠷᠦᠯ᠎ᠳᠤ ᠣᠷᠣᠯᠴᠠᠬᠤ ᠪᠤᠯᠤᠨ᠎ᠠ᠃ ᠪᠢᠴᠢᠬᠠᠨ ᠲᠠᠮᠢᠷᠴᠢᠨ ᠨᠢᠤ ᠭᠤᠸᠠᠩ ᠱᠧᠩ ᠰᠤᠷᠪᠤᠯᠵᠢᠯᠠᠭ᠎ᠠ ᠬᠦᠯᠢᠶᠡᠬᠦ᠌᠎ᠳᠡᠭᠡᠨ᠄ 《ᠪᠢ ᠲᠤᠰᠭᠠᠶ ᠮᠡᠷᠭᠡᠵᠢᠯ᠎ᠤᠨ ᠤᠮᠪᠠᠯᠲᠠ᠎ᠶ᠋ᠢᠨ ᠠᠩᠭᠢ᠎ᠳᠤ ᠰᠠᠶᠢ ᠲᠦᠷᠪᠡᠭᠡᠨ ᠵᠢᠯ ᠪᠤᠯᠪᠠᠰᠤᠷᠠᠯ ᠬᠦᠷᠳᠡᠭ᠌ᠰᠡᠨ ᠶᠤᠮ᠂ ᠭᠡᠪᠡᠴᠦ᠍ ᠪᠢ ᠡᠩ᠎ᠤᠨ ᠦᠶ᠎ᠡ᠎ᠶ᠋ᠢᠨ ᠪᠣᠯᠪᠠᠰᠤᠷᠠᠯ᠎ᠢᠶᠠᠨ ᠰᠠᠢᠨ ᠬᠢᠭ᠌ᠰᠡᠨ ᠪᠤᠯᠬᠤᠷ ᠥᠪᠡᠷ᠎ᠤᠨ ᠪᠡᠶ᠎ᠡ᠎ᠳᠡᠭᠡᠨ ᠮᠠᠰᠢ ᠢᠲᠡᠭᠡᠯ᠎ᠲᠠᠢ ᠪᠠᠢᠨ᠎ᠠ》 ᠭᠡᠵᠦ᠍ ᠶᠠᠷᠢᠵᠦ᠍ ᠪᠠᠢᠯ᠎ᠠ᠃
《ᠮᠠᠨ᠎ᠤ ᠤᠷᠤᠨ᠎ᠤ ᠤᠮᠪᠠᠯᠲᠠ᠎ᠶ᠋ᠢᠨ ᠠᠩᠭᠢ᠎ᠶ᠋ᠢᠨ ᠲᠠᠮᠢᠷᠴᠢᠨ ᠪᠦᠬᠦ᠌ ᠤᠯᠤᠰ᠎ᠤᠨ ᠲᠠᠮᠢᠷ᠎ᠤᠨ ᠴᠤᠭ᠍ᠯᠠᠭᠠᠨ᠎ᠳᠤ ᠤᠷᠤᠯᠴᠠᠵᠦ᠍ ᠤᠷᠤᠯᠳᠤᠬᠤ ᠪᠤᠯᠤᠬ᠍ᠰᠠᠨ᠎ᠨᠢ ᠪᠠᠰᠠ ᠴᠤ᠌ ᠮᠠᠨ᠎ᠤ ᠤᠷᠤᠨ᠎ᠤ ᠤᠮᠪᠠᠯᠲᠠ᠎ᠶ᠋ᠢᠨ ᠲᠦᠷᠦᠯ᠎ᠤᠨ ᠨᠢᠭᠡ ᠤᠳᠠᠭᠠᠨ᠎ᠤ ᠱᠢᠪᠲᠤᠯᠤᠯᠲᠠ ᠪᠣᠯᠤᠨ᠎ᠠ᠃ ᠡᠨᠡ᠎ᠨᠢ ᠨᠢᠭᠡ ᠲᠠᠯ᠎ᠠ᠎ᠪᠠᠷ ᠥᠪᠡᠷᠲᠡᠭᠡᠨ ᠵᠠᠰᠠᠬᠤ ᠣᠷᠣᠨ᠎ᠠᠴᠠ ᠤᠮᠪᠠᠯᠲᠠ᠎ᠶ᠋ᠢᠨ ᠲᠥᠷᠥᠯ ᠵᠦᠢᠯ᠎ᠢ ᠴᠢᠬᠤᠯᠠᠴᠢᠯᠠᠨ ᠦᠵᠡᠭ᠌ᠰᠡᠨ ᠪᠠ ᠳᠡᠮᠵᠢᠭ᠌ᠰᠡᠨ᠎ᠠᠴᠠ ᠪᠣᠯᠤᠭ᠍ᠰᠠᠨ ᠶᠤᠮ᠂ ᠨᠥᠭᠦᠭᠡ ᠲᠠᠯ᠎ᠠ᠎ᠪᠠᠷ ᠳᠠᠰᠭᠠᠯᠵᠢᠭᠤᠯᠤᠭ᠍ᠴᠢ ᠪᠠ ᠲᠠᠮᠢᠷᠴᠢᠨ᠎ᠤ ᠡᠩᠨᠡᠭᠡ ᠲᠠᠰᠤᠷᠠᠯᠲᠠ ᠥᠬᠡᠶ ᠲᠡᠭᠦᠯᠳᠡᠷᠵᠢᠭ᠌ᠰᠡᠨᠢ ᠢᠯᠡᠷᠡᠭᠦᠯᠵᠦ᠍ ᠪᠠᠢᠨ᠎ᠠ᠃ ᠪᠢᠳᠡ ᠤᠤᠯ᠎ᠤᠨ ᠤᠯᠤᠰ᠎ᠤᠨ ᠤᠮᠪᠠᠯᠲᠠ᠎ᠶ᠋ᠢᠨ ᠠᠩᠭᠢ᠎ᠶ᠋ᠢᠨ ᠳᠠᠰᠭᠠᠯᠵᠢᠭᠤᠯᠤᠭ᠍ᠴᠢ ᠴᠠᠩ ᠢ ᠴᠦᠨᠢ ᠲᠤᠰᠭᠠᠢᠯᠠᠨ ᠤᠷᠢᠵᠦ᠍ ᠪᠦᠬᠦ᠋ᠢᠯᠡ ᠵᠢᠭᠠᠨ ᠪᠣᠯᠪᠠᠰᠤᠷᠠᠭᠤᠯᠬᠤ ᠳᠤᠭᠤᠢ᠍ᠢᠯᠠᠩᠢ ᠳᠠᠭᠠᠭᠤᠯᠤᠨ ᠲᠠᠮᠢᠷᠴᠢᠳ᠎ᠲᠤ ᠱᠢᠨᠵᠢᠯᠡᠬᠦ᠌ ᠤᠬᠠᠭᠠᠨᠴᠢ ᠪᠣᠯᠪᠠᠰᠤᠷᠠᠯ ᠬᠦᠷᠲᠡᠭᠡᠪᠡ᠃ ᠪᠢᠳᠡ ᠡᠨᠡ ᠬᠦ᠌ ᠤᠯᠤᠰ᠎ᠤᠨ ᠳᠣᠲᠣᠭᠠᠳᠤ᠎ᠶ᠋ᠢᠨ ᠬᠠᠮᠤᠭ᠎ᠤᠨ ᠥᠨᠳᠥᠷ ᠬᠢᠷᠢ ᠲᠦᠪᠱᠢᠨ ᠪᠦᠬᠦᠢ ᠳᠠᠮᠢᠷ᠎ᠤᠨ ᠴᠤᠬ᠍ᠯᠠᠭᠠᠨ᠎ᠳᠤ ᠤᠷᠤᠯᠴᠠᠭ᠍ᠰᠠᠨ ᠠᠵᠠ ᠳᠤᠬᠢᠶᠠᠯ᠎ᠢ ᠨᠠᠨᠳᠢᠩᠨᠠᠵᠦ᠍᠂ ᠢᠯᠡᠭᠦᠬᠡᠨ ᠲᠤᠷᠱᠢᠯᠭ᠎ᠠ ᠬᠤᠷᠠᠮᠳᠤᠭᠤᠯᠤᠨ ᠬᠤᠢᠱᠢᠳᠠ᠎ᠶ᠋ᠢᠨ ᠬᠥᠭ᠌ᠵᠢᠯᠲᠡ᠎ᠳᠤ ᠰᠠᠭᠤᠷᠢ ᠲᠠᠯᠪᠢᠬᠤ᠎ᠶ᠋ᠢ ᠬᠦᠰᠡᠵᠦ᠍ ᠪᠠᠢᠨ᠎ᠠ》 ᠭᠡᠵᠦ᠍ ᠥᠪᠥᠷ ᠮᠣᠩᠭᠤᠯ᠎ᠤᠨ ᠤᠮᠪᠠᠯᠲᠠ᠎ᠶ᠋ᠢᠨ ᠠᠩᠭᠢ᠎ᠶ᠋ᠢᠨ ᠲᠤᠰᠠᠯᠠᠬᠤ ᠳᠠᠰᠭᠠᠯᠵᠢᠭᠤᠯᠤᠭ᠍ᠴᠢ ᠫᠠᠨ ᠯᠢ ᠱᠦ᠍ ᠬᠡᠯᠡᠨ᠎ᠡ᠃