ᠲᠠᠩᠰᠤᠭ ᠨᠤᠮ᠎ᠤᠨ ᠬᠠᠭᠤᠳᠠᠰᠤ᠎ᠪᠠᠷ ᠲᠠᠯ᠎ᠠ᠎ᠪᠠᠨ ᠴᠢᠮᠡᠭ᠌ᠰᠡᠨ ᠮᠠᠯᠴᠢᠨ
2021-09-22 09:58:22
ᠵᠣᠬᠢᠶᠠᠭ᠍ᠴᠢ᠄
ᠪᠠᠢ ᠬᠠᠢ ᠱᠦᠨ ᠦᠷᠡᠴᠡᠴᠡᠭ
ᠣᠩᠱᠢᠭ᠍ᠰᠠᠨ ᠣᠳᠠᠭ᠎ᠠ᠄
★★★☆☆

ᠲᠦᠷᠦᠬᠦᠬᠡᠨ᠂ ᠬᠢᠩᠭᠠᠨ ᠠᠢᠮᠠᠬ᠎ᠤᠨ ᠬᠤᠷᠴᠢᠨ ᠪᠠᠷᠠᠭᠤᠨ ᠭᠠᠷᠤᠨ ᠡᠮᠦᠨᠡᠳᠤ ᠬᠤᠱᠢᠭᠤᠨ᠎ᠤ ᠤᠯᠠᠭᠠᠨᠮᠤᠳᠤ ᠰᠤᠮᠤ᠎ᠶ᠋ᠢᠨ ᠪᠠᠶᠠᠨᠵᠢᠷᠦᠬᠡ ᠭᠠᠴᠠᠭ᠎ᠠ᠎ᠪᠠᠷ ᠨᠤᠲᠤᠭ᠍ᠲᠠᠢ ᠮᠠᠯᠴᠢᠨ ᠢᠷᠠᠭᠤ ᠨᠠᠢᠷᠠᠭ᠍ᠴᠢ ᠰ᠊ · ᠭᠠᠯᠰᠠᠩ ᠨᠤᠮ᠎ᠤᠨ ᠦᠷᠦᠭᠡ ᠮᠢᠯᠢᠶᠠᠬᠤ ᠨᠠᠢᠷ ᠬᠢᠵᠦ᠍᠂ 《ᠨᠣᠭᠤᠭᠠᠨ ᠲᠠᠯ᠎ᠠ᠎ᠶ᠋ᠢᠨ ᠨᠣᠮ᠎ᠤᠨ ᠥᠷᠦᠭᠡ》 ᠎ᠶ᠋ᠢᠨ᠎ᠢᠶᠠᠨ ᠡᠷᠦᠬᠡ᠎ᠶ᠋ᠢ ᠰᠡᠬᠦᠯ᠎ᠡ᠃


QQ图片20210922095035.png


ᠰ᠊ · ᠭᠠᠯᠰᠠᠩ᠎ᠤᠨ᠎ᠬᠢᠨ ᠪᠣᠯ ᠲᠠᠪᠤᠨ ᠬᠤᠱᠢᠭᠤ ᠮᠠᠯ᠎ᠢᠶᠠᠷ ᠲᠠᠯ᠎ᠠ᠎ᠪᠠᠨ ᠴᠢᠮᠡᠵᠦ᠍᠂ ᠲᠠᠩᠰᠤᠭ ᠨᠤᠮ᠎ᠤᠨ ᠬᠠᠭᠤᠳᠠᠰᠦ᠎ᠪᠠᠷ ᠭᠡᠷ᠎ᠢᠶᠠᠨ ᠴᠢᠮᠡᠭ᠌ᠰᠡᠨ ᠲᠠᠯ᠎ᠠ᠎ᠶ᠋ᠢᠨ ᠮᠤᠩᠭᠤᠯ ᠠᠢᠯ ᠪᠠᠢᠯ᠎ᠠ᠃ ᠲᠠᠨᠠᠨ ᠴᠠᠭᠠᠨ ᠮᠣᠩᠭᠤᠯ ᠭᠡᠷ᠎ᠤᠨ ᠬᠤᠢᠮᠤᠷ᠎ᠲᠤᠨᠢ ᠤᠯᠠᠨ ᠠᠷᠪᠢᠨ ᠨᠤᠮ ᠲᠡᠪᠳᠡᠷ ᠪᠤᠯᠤᠨ ᠤᠷᠤᠯᠳᠤᠭᠠᠨ᠎ᠳᠤ ᠤᠷᠤᠯᠴᠠᠬ᠍ᠰᠡᠨ ᠱᠠᠩᠨᠠᠯ᠎ᠤᠨ ᠮᠧᠳᠡᠯ᠎ᠨᠤᠭᠤᠳ ᠲᠠᠯᠪᠢᠭᠠᠰᠤᠲᠠᠢ᠃

ᠰ᠊ · ᠭᠠᠯᠰᠠᠩ ᠭᠤᠸᠠᠢ 1989 ᠣᠨ᠎ᠳᠤ ᠥᠨᠳᠦᠷ ᠲᠤᠮᠳᠠᠳᠤ᠎ᠪᠠᠨ ᠲᠡᠭᠦᠰᠭᠡᠵᠦ᠍ ᠨᠤᠲᠤᠭ᠎ᠲᠠᠭᠠᠨ ᠬᠠᠷᠢᠵᠦ᠍ ᠮᠠᠯ ᠮᠠᠯᠵᠢᠬ᠍ᠰᠡᠨ ᠴᠦ᠍ ᠪᠢᠴᠢᠭ ᠰᠣᠶᠤᠯ᠎ᠢᠶᠠᠨ ᠲᠠᠶᠠᠬ᠍ᠳᠠᠭ᠎ᠠ ᠦᠭᠡᠢ᠂ ᠠᠵᠢᠯ ᠠᠮᠢᠳᠤᠷᠠᠯ᠎ᠤᠨ ᠰᠡᠯᠡᠭᠦᠦ ᠵᠠᠢ᠎ᠪᠠᠷ᠎ᠢᠶᠠᠨ ᠱᠢᠯᠦᠭ ᠪᠢᠴᠢᠵᠦ᠍ ᠥᠭᠦᠯᠡᠯᠭᠡ ᠲᠤᠭᠤᠷᠪᠢᠨ᠂ ᠤᠷᠢᠳ ᠬᠤᠵᠢᠳ 《ᠬᠢᠩᠭᠠᠨ᠎ᠤ ᠡᠳᠤᠷ᠎ᠤᠨ ᠰᠣᠨᠢᠨ》᠂ 《ᠠᠯᠳᠠᠨ ᠬᠢᠩᠭᠠᠨ》 ᠰᠡᠳᠭᠦᠯ᠂ 《ᠪᠠᠶᠠᠨᠨᠠᠭᠤᠷ᠎ᠤᠨ ᠡᠳᠤᠷ᠎ᠤᠨ ᠰᠤᠨᠢᠨ》᠂ 《ᠤᠯᠠᠭᠠᠨᠬᠠᠳᠠ᠎ᠶ᠋ᠢᠨ ᠡᠳᠤᠷ᠎ᠤᠨ ᠰᠤᠨᠢᠨ》᠂ 《ᠬᠦᠯᠦᠨ ᠪᠤᠢᠷ᠎ᠤᠨ ᠡᠳᠤᠷ᠎ᠤᠨ ᠰᠤᠨᠢᠨ》 ᠵᠡᠷᠭᠡ ᠤᠯᠠᠨ ᠰᠣᠨᠢᠨ ᠰᠡᠳᠭᠦᠯ᠎ᠳᠤ 《ᠤᠯᠠᠭᠠᠨ ᠭᠤᠤᠯ᠎ᠤᠨ ᠵᠤᠰᠠᠯᠠᠩ》᠂ 《ᠡᠬᠡ ᠤᠷᠤᠨ》᠂ 《ᠲᠦᠷᠦᠭ᠌ᠰᠡᠨ ᠨᠤᠲᠤᠭ ᠮᠢᠨᠢ》᠂ 《ᠵᠤᠨ᠎ᠤ ᠴᠠᠰᠦ》᠂ 《ᠮᠢᠨᠦ᠍ ᠲᠠᠨᠢᠭ᠍ᠰᠠᠨ ᠲᠡᠯᠡᠭᠡᠢ》᠂ 《ᠨᠠᠷᠠ》᠂ 《ᠰᠠᠯᠬᠢ ᠰᠥᠷᠦᠭ᠌ᠰᠡᠨ ᠪᠣᠳᠤᠯ》 ᠵᠡᠷᠭᠡ ᠤᠯᠡᠨ ᠠᠷᠪᠢᠨ ᠱᠢᠯᠦᠭ ᠵᠤᠬᠢᠶᠠᠯ᠎ᠢᠶᠠᠨ ᠨᠡᠢᠲᠡᠯᠡᠭᠦᠯᠵᠦ᠍ ᠤᠩᠱᠢᠭ᠍ᠴᠢ ᠲᠦᠮᠡᠨ᠎ᠤ᠎ᠪᠠᠨ ᠪᠢᠱᠢᠷᠡᠯ ᠪᠠᠭ᠍ᠠᠷᠬᠠᠯ᠎ᠢ ᠤᠯᠤᠬ᠍ᠰᠠᠭᠠᠷ ᠢᠷᠡᠵᠡᠢ᠃


QQ图片20210922095048.png


QQ图片20210922095042.png


ᠰ᠊ · ᠭᠠᠯᠰᠠᠩ ᠤᠳᠤᠮ ᠲᠠᠮᠵᠢᠭ᠍ᠰᠠᠨ ᠦᠪ ᠰᠤᠶᠤᠯ᠎ᠢᠶᠠᠨ ᠦᠶ᠎ᠡ᠎ᠶ᠋ᠢᠨ ᠦᠶ᠎ᠡ᠎ᠳᠡᠭᠡᠨ ᠮᠥᠩᠬᠡᠷᠡᠭᠦᠯᠵᠦ᠍᠂ ᠣᠷᠤᠨ ᠨᠤᠲᠤᠭ᠎ᠤᠨ ᠤᠷᠠᠨ ᠵᠤᠬᠢᠶᠡᠯ᠎ᠤᠨ ᠬᠦᠷᠦᠰᠦ ᠱᠢᠷᠤᠢ᠎ᠶ᠋ᠢ ᠱᠢᠮᠡᠵᠢᠭᠦᠯᠬᠦ᠌᠎ᠳᠤ ᠬᠦᠴᠦᠨ ᠨᠡᠮᠡᠷᠢᠯᠡᠬᠦ᠌᠎ᠶ᠋ᠢᠨ ᠲᠥᠯᠦᠭᠡ᠂ ᠤᠯᠠᠭᠠᠨᠮᠣᠳᠤ᠎ᠶ᠋ᠢᠨ ᠲᠠᠯ᠎ᠠ ᠨᠤᠲᠤᠭ᠎ᠤᠨ ᠠᠷᠥ᠍ ᠪᠠᠷᠰ᠎ᠤᠨ ᠵᠢᠯᠠᠭ᠎ᠠ᠎ᠳᠤ ᠲᠠᠪᠠᠳᠡᠢ ᠰᠠᠢᠬᠠᠨ ᠰᠠᠭᠤᠷᠢᠱᠢᠬ᠍ᠰᠡᠨ ᠲᠠᠨᠠᠨ ᠴᠠᠭᠠᠨ ᠮᠣᠩᠭᠤᠯ ᠭᠡᠷ᠎ᠲᠡᠭᠡᠨ 《ᠨᠣᠭᠤᠭᠠᠨ ᠲᠠᠯ᠎ᠠ᠎ᠶ᠋ᠢᠨ ᠨᠣᠮ᠎ᠤᠨ ᠥᠷᠦᠭᠡ》 ᠪᠠᠢᠭᠤᠯᠵᠡᠢ᠃


QQ图片20210922095056.png


QQ图片20210922095103.png

 

ᠨᠤᠮ᠎ᠤᠨ ᠦᠷᠦᠬᠡ ᠮᠢᠯᠢᠶᠠᠬᠤ ᠨᠠᠢᠷ᠎ᠨᠢ ᠨᠤᠮ ᠪᠡᠯᠬᠡᠯᠡᠬᠦ᠂ ᠲᠤᠮᠤᠴᠤᠤᠯ ᠪᠠᠭᠠᠴᠤᠳ ᠤᠷᠠᠨ ᠤᠩᠱᠢᠬᠤ᠂ ᠤᠷᠡᠨ ᠰᠠᠢᠬᠠᠨ᠎ᠤ ᠲᠣᠭ᠍ᠯᠠᠯᠲᠠ ᠭᠠᠷᠭᠠᠬᠤ ᠵᠡᠷᠭᠡ ᠪᠠᠶᠠᠯᠢᠭ ᠠᠭᠤᠯᠭ᠎ᠠ᠎ᠪᠠᠷ ᠶᠠᠪᠤᠬ᠍ᠳᠠᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号