ᠦᠭᠡ ᠬᠡᠯᠡ ᠪᠤᠯ ᠬᠦᠮᠦᠰ᠎ᠤᠨ ᠬᠤᠭᠤᠷᠤᠨᠳᠤ᠎ᠪᠠᠨ ᠬᠠᠷᠢᠯᠴᠠᠬᠤ᠂ ᠦᠵᠡᠯ ᠰᠠᠨᠠᠭ᠎ᠠ᠎ᠪᠠᠨ ᠰᠤᠯᠢᠯᠴᠠᠬᠤ ᠴᠢᠬᠤᠯᠠ ᠬᠦᠬᠦᠷᠬᠡ᠂ ᠨᠡᠢᠭᠡᠮ᠎ᠤᠨ ᠬᠠᠷᠢᠯᠴᠠᠭᠠᠨ᠎ᠤ 《ᠪᠠᠭᠠᠵᠢ》᠂ ᠮᠦᠨ ᠴᠤ᠌ ᠬᠦᠮᠦᠰ᠎ᠤᠨ ᠰᠡᠳᠭᠢᠬᠦᠢ᠎ᠶ᠋ᠢᠨ ᠬᠦᠭ᠌ᠵᠢᠯᠳᠠ᠎ᠳᠤ ᠤᠷᠤᠯᠠᠭᠤᠯᠵᠤ ᠪᠤᠯᠤᠰᠢ ᠦᠬᠡᠢ ᠴᠢᠬᠤᠯᠡ ᠦᠢᠯᠡᠳᠦᠯ ᠦᠵᠡᠬᠦᠯᠳᠡᠭ ᠲᠤᠯᠠ ᠰᠤᠷᠭᠠᠭᠤᠯᠢ᠎ᠶ᠋ᠢᠨ ᠨᠠᠰᠤᠨ᠎ᠠᠴᠠ ᠡᠮᠦᠨᠡᠬᠢ ᠬᠡᠦᠬᠡᠳ᠎ᠤᠨ ᠬᠡᠯᠡ ᠶᠠᠷᠢᠶᠠᠨ᠎ᠤ ᠴᠢᠳᠠᠪᠤᠷᠢ᠎ᠶ᠋ᠢ ᠬᠦᠭ᠌ᠵᠢᠭᠦᠯᠬᠦ᠌᠎ᠶ᠋ᠢ ᠠᠩᠬᠠᠷᠤᠭᠤᠱᠢᠳᠠᠢ᠃
ᠬᠡᠦᠬᠡᠳ᠎ᠤᠨ ᠪᠡᠶ᠎ᠡ ᠰᠡᠳᠭᠢᠴᠡ᠎ᠶ᠋ᠢᠨ ᠪᠤᠢᠵᠢᠯᠳᠡᠶ᠋ᠢᠨ ᠤᠨᠴᠠᠯᠢᠭ᠎ᠠᠴᠠ ᠠᠪᠴᠤ᠌ ᠦᠵᠡᠪᠡᠯ 3 — 6 ᠨᠠᠰᠤᠨ᠎ᠤ ᠬᠡᠦᠬᠡᠳ᠎ᠤᠨ ᠦᠬᠡ ᠬᠡᠯᠡ ᠰᠤᠷᠬᠤ ᠨᠦᠬᠦᠴᠡᠯ ᠨᠢᠬᠡᠨᠳᠡ ᠪᠦᠷᠢᠯᠳᠦᠭ᠌ᠰᠡᠨ ᠮᠦᠷᠳᠡᠭᠡᠨ ᠲᠡᠳᠡᠨ᠎ᠤ ᠰᠤᠷᠬᠤ ᠬᠦᠰᠡᠯ᠂ ᠳᠠᠭᠤᠷᠢᠶᠠᠬᠤ ᠴᠢᠨᠠᠷ᠂ ᠬᠦᠯᠢᠶᠡᠨ ᠠᠪᠬᠤ ᠴᠢᠳᠠᠪᠤᠷᠢ᠎ᠨᠢ ᠴᠤ᠌ ᠭᠠᠢᠬᠠᠯᠳᠠᠢ ᠰᠠᠢᠨ ᠪᠠᠢᠳᠠᠭ᠃ ᠡᠬᠦᠨ᠎ᠳᠤ ᠭᠡᠷ ᠪᠦᠯᠢ᠎ᠶ᠋ᠢᠨ ᠬᠦᠮᠦᠵᠢᠯ ᠪᠠ ᠴᠡᠴᠡᠷᠯᠢᠭ᠎ᠤᠨ ᠬᠦᠮᠦᠵᠢᠯ ᠴᠢᠬᠤᠯᠠ ᠦᠢᠯᠡᠳᠦᠯ ᠦᠵᠡᠭᠦᠯᠦᠨ᠎ᠡ᠃
ᠭᠡᠷ ᠪᠦᠯᠢ᠎ᠳᠡᠭᠡᠨ ᠬᠡᠤᠬᠡᠳ᠎ᠲᠤ ᠬᠡᠯᠨ ᠶᠠᠷᠢᠶᠠᠨ᠎ᠤ ᠬᠦᠮᠦᠵᠢᠯ ᠬᠦᠷᠳᠡᠭᠡᠬᠦ᠌᠎ᠨᠢ ᠦᠨᠳᠦᠰᠦᠨ ᠰᠠᠭᠤᠷᠢ ᠪᠤᠯᠳᠠᠭ ᠪᠤᠯ ᠬᠡᠦᠬᠡᠳ᠎ᠤᠨ ᠴᠡᠴᠡᠷᠯᠢᠭ᠎ᠨᠢ ᠬᠡᠦᠬᠡᠳ᠎ᠤᠨ ᠬᠡᠯᠡ ᠶᠠᠷᠢᠶᠠᠨ᠎ᠤ ᠴᠢᠳᠠᠪᠤᠷᠢ᠎ᠶ᠋ᠢ ᠬᠦᠭ᠌ᠵᠢᠭᠦᠯᠬᠦ᠌ ᠴᠢᠬᠤᠯᠠ ᠱᠠᠳᠤ ᠦᠶ᠎ᠡ ᠪᠤᠯᠤᠨ᠎ᠠ᠃ ᠴᠡᠴᠡᠷᠯᠢᠭ᠎ᠲᠤ ᠰᠠᠭᠤᠬ᠍ᠰᠠᠨ ᠪᠠ ᠴᠡᠴᠡᠷᠯᠢᠭ᠎ᠲᠤ ᠰᠠᠭᠤᠬ᠍ᠰᠠᠨ ᠦᠬᠡᠢ ᠬᠡᠦᠬᠡᠳ᠎ᠤᠨ ᠪᠠᠭ᠎ᠠ ᠰᠤᠷᠭᠠᠭᠤᠯᠢ᠎ᠳᠤ ᠤᠷᠤᠬ᠍ᠰᠠᠨ᠎ᠤ ᠳᠠᠷᠠᠭᠠᠬᠢ ᠪᠠᠢᠳᠠᠯ᠎ᠠᠴᠠ ᠠᠵᠢᠭ᠍ᠯᠠᠪᠠᠯ᠂ ᠳᠠᠭᠤᠷᠢᠶᠠᠬᠤ᠂ ᠶᠠᠷᠢᠬᠤ᠂ ᠰᠤᠷᠬᠤ᠂ ᠰᠡᠳᠭᠢᠬᠦ᠂ ᠠᠵᠢᠬ᠍ᠯᠠᠬᠤ ᠪᠠ ᠤᠷᠤᠯᠳᠤᠵᠤ ᠪᠦᠳᠦᠭᠡᠬᠦ᠌ ᠮᠡᠳᠦ᠎ᠶ᠋ᠢᠨ ᠴᠢᠳᠠᠪᠤᠷᠢ᠎ᠨᠢ ᠢᠯᠡᠷᠬᠡᠢ ᠵᠦᠷᠢᠶ᠎ᠠ᠎ᠲᠠᠢ ᠪᠠᠢᠳᠠᠭ᠃ ᠦᠭᠡᠷ᠎ᠡ᠎ᠪᠠᠷ ᠬᠡᠯᠡᠪᠡᠯ ᠴᠡᠴᠡᠷᠯᠢᠭ᠎ᠤᠨ ᠬᠦᠮᠦᠵᠢᠯ᠎ᠨᠢ ᠬᠡᠤᠬᠡᠳ᠎ᠤᠨ ᠬᠡᠯᠡ ᠶᠠᠷᠢᠶᠠᠨ᠎ᠤ ᠴᠢᠳᠠᠪᠤᠷᠢ᠎ᠶ᠋ᠢ ᠬᠦᠭ᠌ᠵᠢᠬᠦᠯᠬᠦ᠌᠎ᠳᠤ ᠮᠠᠰᠢ ᠴᠢᠬᠤᠯᠠ ᠦᠢᠯᠡᠳᠦᠯ᠎ᠲᠠᠢ᠃ ᠪᠤᠳᠠᠳᠠᠢ᠎ᠪᠠᠷ ᠦᠬᠦᠯᠡᠪᠡᠯ᠂ ᠰᠤᠷᠭᠠᠭᠤᠯᠢ᠎ᠶ᠋ᠢᠨ ᠨᠠᠰᠤᠨ᠎ᠠᠴᠠ ᠡᠮᠦᠨᠡᠬᠢ ᠬᠡᠦᠬᠡᠳ᠎ᠢ ᠨᠠᠭᠠᠳᠤᠨ ᠲᠤᠬ᠍ᠯᠠᠭᠤᠯᠬᠤᠶ᠋ᠢᠨ ᠵᠡᠷᠭᠡ᠎ᠪᠠᠷ ᠠᠪᠤ ᠡᠵᠢ᠂ ᠠᠬᠠᠰ ᠵᠠᠬᠠᠰ᠂ ᠡᠬᠡᠴᠢ ᠳᠡᠭᠦᠦ ᠨᠠᠷ᠎ᠤᠨ ᠲᠤᠬᠠᠢ ᠳᠠᠭᠤᠳᠠᠯᠭ᠎ᠠ᠂ ᠡᠩ᠎ᠤᠨ ᠡᠳᠦᠷ ᠳᠤᠳᠤᠮ᠎ᠤᠨ ᠬᠡᠷᠡᠭ᠌ᠯᠡᠬᠡᠨ᠎ᠤ ᠵᠦᠢᠯ᠂ ᠪᠠᠢᠭᠠᠯᠢ᠎ᠶ᠋ᠢᠨ ᠠᠮᠢᠳᠠᠨ ᠤᠷᠭᠤᠮᠠᠯ᠎ᠤᠨ ᠨᠡᠷ᠎ᠡ ᠳᠠᠭᠤᠳᠠᠯᠭ᠎ᠠ᠎ᠠᠴᠠ ᠡᠬᠢᠯᠡᠵᠤ ᠳᠠᠨᠢᠭᠤᠯᠵᠤ ᠶᠠᠷᠢᠭᠤᠯᠵᠤ ᠰᠤᠷᠭᠠᠪᠠᠯ ᠵᠦᠢᠳᠡᠢ᠃ ᠬᠠᠷᠢᠨ ᠦᠨᠳᠦᠰᠦᠨ ᠮᠡᠳᠡᠯᠬᠡ᠎ᠶ᠋ᠢ ᠤᠷᠢᠳᠴᠢᠯᠡᠨ ᠡᠵᠡᠮᠱᠢᠬᠦᠯᠬᠦ᠌ ᠬᠡᠮᠡᠨ ᠬᠡᠯᠡ᠎ᠨᠢ ᠵᠦᠭ᠌ᠰᠢᠷᠡᠭᠡᠳᠦᠢ ᠬᠡᠤᠬᠡᠳ᠎ᠲᠤ ᠦᠰᠦᠭ ᠳᠠᠨᠢᠭᠤᠯᠬᠤ᠎ᠶ᠋ᠢ ᠶᠠᠭᠠᠷᠠᠵᠤ ᠪᠤᠯᠬᠤ ᠦᠭᠡᠢ᠂ ᠡᠰᠡᠪᠡᠯ ᠦᠰᠭᠡᠬᠦ᠌ ᠭᠡᠳ ᠦᠭ᠌ᠳᠡᠭᠡᠭ᠌ᠰᠡᠨ ᠶᠠᠪᠤᠳᠠᠯ ᠪᠤᠯᠵᠤ ᠮᠡᠳᠡᠨ᠎ᠡ᠃ ᠲᠠᠬᠢᠪᠠᠯ ᠬᠡᠯᠡ ᠶᠠᠷᠢᠶ᠎ᠠ᠎ᠪᠠᠷ ᠲᠠᠮᠵᠢᠨ ᠬᠡᠦᠬᠡᠳ᠎ᠤᠨ ᠰᠡᠳᠭᠢᠬᠦᠢ᠎ᠶ᠋ᠢ ᠬᠦᠭ᠌ᠵᠢᠬᠦᠯᠵᠤ ᠬᠡᠦᠬᠡᠳ᠎ᠤᠨ ᠪᠦᠬᠦ᠌ ᠲᠠᠯ᠎ᠠ᠎ᠶ᠋ᠢᠨ ᠬᠦᠭ᠌ᠵᠢᠯᠳᠡ᠎ᠶ᠋ᠢ ᠠᠭᠢᠭᠤᠯᠵᠤ ᠪᠤᠯᠤᠨ᠎ᠠ᠃ ᠦᠭᠡ ᠬᠡᠯᠡ᠎ᠪᠠᠷ ᠳᠠᠮᠵᠢᠭᠤᠯᠤᠨ ᠬᠡᠦᠬᠡᠳ᠎ᠢ ᠰᠠᠢᠨ ᠰᠠᠢᠬᠠᠨ ᠦᠵᠡᠯ ᠰᠠᠨᠠᠭ᠎ᠠ᠂ ᠵᠠᠩ ᠳᠠᠳᠭᠠᠯ᠎ᠲᠠᠢ ᠪᠤᠯᠭᠠᠨ ᠬᠦᠮᠦᠵᠢᠭᠦᠯᠵᠦ᠍ ᠪᠤᠯᠤᠨ᠎ᠠ᠂ ᠦᠭᠡ ᠬᠡᠯᠡ᠎ᠪᠠᠷ ᠳᠠᠮᠵᠢᠭᠤᠯᠤᠨ ᠬᠡᠦᠬᠡᠳ᠎ᠢ ᠡᠷᠡᠭᠦᠯ ᠰᠠᠷᠠᠭᠤᠯ ᠤᠢ ᠤᠬᠠᠭᠠᠨ᠂ ᠡᠷᠡᠭᠦᠯ ᠴᠢᠬᠢᠷᠠᠭ ᠪᠠᠶ᠎ᠠ ᠮᠠᠬᠠᠪᠤᠳ᠂ ᠡᠷᠡᠭᠦᠯ ᠬᠠᠮᠠᠭᠠᠯᠠᠯ᠎ᠤᠨ ᠪᠤᠯᠪᠠᠰᠤᠨ ᠳᠠᠳᠭᠠᠯ᠎ᠲᠠᠢ ᠪᠤᠯᠭᠠᠵᠤ᠂ ᠪᠡᠶ᠎ᠡ ᠮᠠᠬᠠᠪᠤᠳ᠎ᠢᠶᠠᠨ ᠬᠡᠷᠬᠢᠨ ᠪᠤᠯᠪᠠᠰᠤᠷᠠᠭᠤᠯᠵᠤ ᠬᠡᠷᠬᠢᠨ ᠡᠷᠡᠬᠦᠯ ᠰᠠᠷᠠᠭᠤᠯ᠎ᠢᠶᠠᠷ ᠦᠰᠦᠨ ᠪᠤᠢᠵᠢᠬᠤ᠎ᠶ᠋ᠢ ᠮᠡᠳᠡᠭᠦᠯᠵᠦ᠍ ᠪᠤᠯᠤᠨ᠎ᠠ᠂ ᠦᠭᠡ ᠬᠡᠯᠡ᠎ᠪᠠᠷ ᠳᠠᠮᠵᠢᠭᠤᠯᠤᠨ ᠬᠡᠦᠬᠡᠳ᠎ᠤᠨ ᠤᠷᠴᠢᠨ ᠲᠤᠭᠤᠷᠢᠨ᠎ᠤ ᠬᠡᠷᠡᠭ ᠪᠤᠳᠠᠰ᠎ᠲᠤ ᠵᠦᠪ᠎ᠢᠶᠠᠷ ᠬᠠᠨᠳᠤᠬᠤ ᠵᠢᠴᠢ ᠤᠢ᠍ᠢᠯᠠᠭᠠᠬᠤ᠂ ᠬᠦᠯᠢᠶᠡᠨ ᠠᠪᠬᠤ ᠴᠢᠳᠠᠪᠤᠷᠢ᠎ᠶ᠋ᠢ᠎ᠨᠢ ᠬᠦᠮᠦᠵᠢᠭᠦᠯᠵᠤ᠂ ᠳᠡᠳᠡᠨᠦᠰ᠎ᠤᠨ ᠨᠦᠬᠦᠷᠰᠡᠭ ᠵᠠᠩ᠂ ᠨᠡᠢᠳᠡᠴᠢ ᠦᠵᠡᠯ᠎ᠲᠠᠢ᠂ ᠠᠯᠤᠰ ᠬᠡᠳᠦ᠎ᠶ᠋ᠢᠨ ᠬᠦᠰᠡᠯᠡᠩ ᠪᠠ ᠢᠳᠡᠭᠡᠯ ᠪᠢᠱᠢᠷᠡᠯ᠎ᠲᠠᠢ᠂ ᠬᠦᠴᠢᠷ᠎ᠠᠴᠠ ᠠᠶᠤᠬᠤ ᠦᠭᠡᠢ᠂ ᠴᠤᠴᠠᠰᠢ ᠦᠭᠡᠢ ᠴᠢᠷᠮᠠᠢᠬᠤ ᠡᠷᠡᠰ ᠪᠠᠳᠤ ᠬᠠᠷᠠᠯᠳᠠ ᠵᠤᠷᠢᠯᠳᠠ᠎ᠲᠠᠢ ᠬᠦᠮᠦᠨ ᠪᠤᠯᠭᠠᠨ ᠬᠦᠮᠦᠵᠢᠬᠦᠯᠵᠦ᠍ ᠪᠤᠯᠤᠨ᠎ᠠ᠃
ᠪᠠᠯᠴᠢᠷ ᠬᠡᠤᠬᠡᠳ᠎ᠤᠨ ᠬᠡᠯᠡ ᠶᠠᠷᠢᠶᠠᠨ᠎ᠤ ᠴᠢᠳᠠᠪᠤᠷᠢ᠎ᠶ᠋ᠢ ᠬᠦᠭ᠌ᠵᠢᠬᠦᠯᠬᠦ᠌᠎ᠨᠢ ᠠᠯᠤᠰ ᠬᠡᠳᠦ᠎ᠶ᠋ᠢᠨ ᠤᠯᠠᠨ ᠲᠠᠯ᠎ᠠ᠎ᠶ᠋ᠢᠨ ᠠᠴᠢ ᠬᠤᠯᠪᠤᠬ᠍ᠳᠠᠯ᠎ᠲᠠᠢ ᠪᠠᠢᠳᠠᠭ᠃ ᠲᠡᠭᠡᠬᠦᠯᠡᠷ ᠭᠡᠷ᠎ᠤᠨ ᠠᠬᠠᠮᠠᠳ ᠪᠠ ᠪᠠᠭ᠍ᠰᠢ ᠨᠠᠷ ᠴᠠᠭ᠎ᠢ ᠠᠮᠵᠢᠨ ᠰᠠᠢᠳᠤᠷ ᠬᠦᠮᠦᠵᠢᠬᠦᠯᠪᠡᠯ ᠵᠤᠬᠢᠨ᠎ᠠ᠃