ᠠᠩᠬᠠᠳᠠᠭᠴᠢ ᠠᠩᠬᠢ᠎ᠶᠢᠨ ᠡᠷᠬᠢᠯᠡᠭᠴᠢ᠎ᠶᠢᠨ ᠪᠠᠶᠠᠷ
ᠠᠩᠭᠢ᠎ᠶ᠋ᠢᠨ ᠡᠷᠬᠢᠯᠡᠭ᠌ᠴᠢ ᠪᠣᠯ ᠰᠤᠷᠭᠠᠭᠤᠯᠢ᠎ᠶ᠋ᠢᠨ ᠬᠠᠮᠢᠶᠠᠷᠤᠯᠲᠠ᠎ᠶ᠋ᠢᠨ
ᠭᠣᠣᠯ ᠬᠦᠴᠦᠨ᠂ ᠰᠤᠷᠤᠭ᠍ᠴᠢᠳ᠎ᠤᠨ ᠦᠵᠡᠯ ᠰᠠᠨᠠᠭᠠᠨ᠎ᠤ ᠬᠥᠮᠦᠵᠢᠯ᠎ᠦᠨ ᠭᠣᠣᠯ ᠬᠦᠴᠦᠨ᠂ ᠰᠤᠷᠭᠠᠭᠤᠯᠢ᠂ ᠭᠡᠷ ᠪᠦᠯᠢ᠂
ᠨᠡᠢᠭᠡᠮ᠎ᠦᠨ ᠬᠠᠷᠢᠯᠴᠠᠭᠠᠨ᠎ᠤ ᠬᠦᠬᠦᠷᠭᠡ ᠬᠣᠯᠪᠣᠭᠠᠰᠤ᠂ ᠮᠦᠨ ᠴᠸ᠋ ᠵᠢᠭᠠᠨ ᠰᠤᠷᠭᠠᠯᠳᠠ᠎ᠶᠢᠨ ᠶᠠᠰᠤ ᠴᠢᠨᠠᠷ᠎ᠢ
ᠳᠡᠭᠡᠭ᠌ᠰᠢᠯᠡᠭᠦᠯᠬᠦ᠌ ᠪᠠᠲᠤᠯᠠᠭ᠎ᠠ ᠮᠥᠨ᠃

ᠡᠢᠨᠬᠦ᠂ ᠠᠩᠭᠢ᠎ᠶ᠋ᠢᠨ ᠡᠷᠬᠢᠯᠡᠭ᠌ᠴᠢ᠎ᠶ᠋ᠢᠨ ᠡᠩᠨᠡᠭᠡᠨ᠎ᠦ ᠪᠠᠢᠭᠤᠯᠤᠯᠲᠠ᠎ᠶ᠋ᠢ
ᠴᠢᠩᠭᠠᠳᠭᠠᠵᠤ᠂ ᠠᠩᠭᠢ᠎ᠶ᠋ᠢᠨ ᠡᠷᠬᠢᠯᠡᠭ᠌ᠴᠢ᠎ᠶ᠋ᠢᠨ ᠢᠳᠡᠪᠬᠢᠵᠢᠯ᠂ ᠬᠠᠷᠢᠭᠤᠴᠠᠯᠭᠠᠲᠤ ᠰᠡᠳᠭᠢᠯᠭᠡ ᠪᠠ ᠪᠦᠲᠦᠮᠵᠢᠲᠦ
ᠴᠢᠨᠠᠷ᠎ᠢ ᠳᠡᠭᠡᠭ᠌ᠰᠢᠯᠡᠭᠦᠯᠬᠦ᠌᠎ᠶ᠋ᠢᠨ ᠲᠥᠯᠥᠭᠡ᠂ ᠬᠠᠢᠯᠠᠷ ᠲᠤᠭᠤᠷᠢᠭ᠎ᠤᠨ ᠬᠦᠯᠦᠨ ᠪᠠᠭ᠎ᠠ ᠰᠤᠷᠭᠠᠭᠤᠯᠢ 11 ᠰᠠᠷ᠎ᠠ᠎ᠶᠢᠨ
22᠎ᠤ᠋ᠨ
ᠡᠳᠦᠷ ᠡᠴᠡ 11
ᠰᠠᠷ᠎ᠠ᠎ᠶᠢᠨ
29᠎ᠤ᠋
ᠡᠳᠦᠷ ᠪᠤᠯᠲᠠᠯ᠎ᠠ ᠠᠩᠬᠠᠳᠤᠭᠠᠷ ᠬᠤᠭᠤᠴᠠᠭᠠᠨ᠎ᠤ ᠠᠩᠭᠢ᠎ᠶ᠋ᠢᠨ
ᠡᠷᠬᠢᠯᠡᠭ᠌ᠴᠢ᠎ᠶ᠋ᠢᠨ ᠪᠠᠶᠠᠷ᠎ᠢ ᠪᠡᠯᠭᠡᠯᠡᠬᠦ ᠠᠵᠢᠯᠯᠠᠭ᠎ᠠ ᠵᠤᠬᠢᠶᠠᠨ ᠪᠠᠢᠭᠤᠯᠵᠠᠢ᠃
—
ᠦᠷᠦᠭᠡᠯ᠎ᠤᠨ
ᠬᠡᠤᠬᠡᠳ᠎ᠢ ᠠᠮᠢᠨᠴᠢᠷᠬᠠᠨ ᠰᠠᠨᠠᠳᠠᠭ ᠮᠠᠨ᠎ᠤ ᠠᠩᠭᠢ᠎ᠶ᠋ᠢᠨ ᠡᠷᠬᠢᠯᠡᠭ᠌ᠴᠢᠳ ᠪᠤᠯ ᠮᠠᠰᠢ ᠬᠦᠨᠳᠦᠲᠡᠢ ᠬᠦᠮᠦᠰ᠃
ᠲᠡᠳᠡᠨᠠᠷ᠎ᠤᠨ ᠠᠵᠢᠯ ᠬᠠᠮᠤᠭ ᠡᠴᠡ ᠶᠠᠭᠠᠷᠠᠤ᠂ ᠡᠬᠦᠷᠭᠡ ᠬᠠᠮᠤᠭ᠎ᠤᠨ ᠬᠦᠨᠳᠦ᠃ ᠠᠨᠭᠬᠢ᠎ᠶᠢᠨ ᠡᠷᠬᠢᠯᠡᠭᠴᠢ ᠪᠠᠬᠰᠢ
ᠨᠠᠷ᠎ᠤᠨ᠎ᠢᠶᠡᠨ ᠠᠵᠢᠯ᠎ᠤᠨ ᠴᠢᠯᠡᠭᠡ᠎ᠶᠢ ᠲᠠᠢᠯᠵᠤ ᠦᠭᠬᠦ᠎ᠶᠢᠨ ᠲᠦᠯᠦᠭᠡ ᠵᠤᠬᠢᠶᠠᠨ ᠪᠠᠢᠭᠤᠯᠤᠬᠰᠠᠨ ᠮᠠᠨ᠎ᠤ ᠠᠵᠢᠯᠯᠠᠭ᠎ᠠ
ᠮᠠᠰᠢ ᠠᠮᠵᠢᠯᠳᠠ ᠲᠠᠢ ᠶᠠᠪᠤᠬᠳᠠᠪᠠ᠃ ᠠᠵᠢᠯᠯᠠᠭ᠎ᠠ ᠵᠢ ᠪᠠᠭᠠᠴᠤᠳ᠎ᠤᠨ ᠬᠤᠰᠢᠭᠤᠴᠢ ᠠᠨᠭᠬᠢ᠎ᠶᠢᠨ ᠬᠢᠨ ᠡᠴᠡ ᠭᠤᠤᠯᠯᠠᠨ
ᠡᠷᠬᠢᠯᠡᠵᠦ᠂ ᠭᠡᠷ᠎ᠤᠨ ᠠᠬᠠᠮᠠᠳ ᠪᠤᠯᠤᠨ ᠰᠤᠷᠤᠬᠴᠢᠳ ᠬᠠᠮᠳᠤᠷᠠᠨ ᠪᠡᠶᠡᠯᠡᠬᠦᠯᠦᠭᠰᠡᠨ ᠭᠡᠵᠤ ᠰᠤᠷᠭᠠᠭᠤᠯᠢ᠎ᠶᠢᠨ
ᠶᠡᠬᠡ ᠠᠨᠭᠬᠢ᠎ᠶᠢᠨ ᠬᠠᠪᠰᠤᠷᠤᠨ ᠵᠢᠯᠤᠭᠤᠳᠤᠬᠴᠢ ᠨᠤᠮᠢᠨ ᠶᠠᠷᠢᠨ᠎ᠠ᠃

ᠰᠢᠬᠢᠷ ᠱᠠᠩᠨᠠᠳᠠᠭ ᠪᠠᠭᠰᠢ ᠰᠢᠭᠦᠮᠵᠢᠯᠡᠨ
ᠵᠠᠩᠨᠠᠳᠠᠭ ᠪᠠᠬᠰᠢ
ᠪᠦᠬᠦ ᠰᠤᠷᠭᠠᠭᠤᠯᠢ᠎ᠶᠢᠨ 600 ᠭᠠᠷᠤᠢ
ᠰᠤᠷᠤᠬᠴᠢ ᠪᠤᠯᠤᠨ 1000
ᠭᠠᠷᠤᠢ
ᠭᠡᠷ᠎ᠤᠨ ᠠᠬᠠᠮᠠᠳ ᠡᠴᠡ 16 ᠠᠨᠭᠬᠢ᠎ᠶᠢᠨ ᠡᠷᠬᠢᠯᠡᠭᠴᠢ᠎ᠳᠤ ᠪᠠᠨ ᠤᠷᠠᠨ ᠰᠠᠢᠬᠠᠨ᠎ᠤ ᠲᠤᠬᠯᠠᠯᠲᠠ᠂
ᠰᠡᠳᠬᠢᠯ᠎ᠤᠨ ᠦᠭᠡ ᠪᠠᠨ ᠬᠡᠯᠡᠭᠰᠡᠨ ᠤᠬᠤᠷ ᠹᠢᠯᠢᠮ᠂ ᠤᠷ᠎ᠠ ᠠᠪᠢᠶᠠᠰ᠎ᠤᠨ ᠮᠦᠷᠦᠢᠴᠡᠬᠡᠨ᠂ ᠤᠶᠤᠨ᠎ᠤ ᠲᠤᠬᠯᠠᠭᠠᠮ
ᠬᠡᠬᠦ ᠵᠡᠷᠭᠡ ᠤᠯᠠᠨ ᠰᠠᠢᠬᠠᠨ ᠲᠤᠬᠯᠠᠯᠲᠠ ᠲᠤᠬᠢᠷᠠᠭᠤᠯᠵᠤ᠂ ᠪᠠᠰᠠ ᠠᠩᠭᠢ᠎ᠶᠢᠨ ᠡᠷᠬᠢᠯᠡᠭᠴᠢ ᠪᠠᠬᠰᠢ ᠨᠠᠷ ᠲᠸ᠋
ᠪᠠᠨ ᠱᠠᠨᠭᠨᠠᠯ ᠭᠠᠷᠳᠠᠭᠤᠯᠵᠡᠢ᠃
—
ᠮᠢᠨᠦ ᠠᠨᠭᠬᠢ᠎ᠶᠢᠨ ᠡᠷᠬᠢᠯᠡᠭᠴᠢ ᠨᠠᠨᠳᠢᠨ ᠪᠠᠬᠰᠢ ᠪᠤᠯ ᠮᠢᠨᠦ ᠬᠠᠮᠤᠭ᠎ᠤᠨ ᠬᠠᠢᠷᠠᠲᠠᠢ
ᠪᠠᠬᠰᠢ᠃ ᠬᠡᠷᠪᠡ ᠪᠢᠳᠡ ᠶᠤᠰᠤ ᠨᠤᠮ ᠲᠠᠢ ᠪᠤᠯ ᠪᠠᠬᠰᠢ ᠮᠢᠨᠢ ᠰᠢᠬᠢᠷ ᠱᠠᠩᠨᠠᠳᠠᠭ᠂ ᠪᠢᠳᠡ ᠡᠪᠡᠳᠴᠤ ᠬᠠᠯᠠᠭᠤᠷᠠᠪᠠᠯ
ᠬᠠᠢᠷᠠᠯᠠᠨ ᠬᠠᠷᠠᠭᠠᠯᠵᠠᠳᠠᠭ᠂ ᠬᠡᠷᠪᠡ ᠪᠢᠳᠡ ᠤᠬᠠᠭᠠᠨ ᠦᠭᠡᠢ ᠠᠭᠠᠰᠢᠯᠠᠪᠠᠯ ᠪᠠᠰᠠ ᠬᠠᠳᠠᠭᠤᠬᠠᠨ ᠰᠢᠭᠦᠮᠵᠢᠯᠡᠳᠡᠭ
ᠭᠡᠵᠤ ᠭᠤᠷᠪᠠᠳᠤᠭᠠᠷ ᠤᠨ᠎ᠤ ᠰᠤᠷᠤᠬᠴᠢ ᠨᠠᠷᠠᠠᠱᠠᠭᠠ ᠦᠪᠡᠷ᠎ᠤᠨ ᠪᠢᠴᠢᠭᠰᠡᠨ 《ᠨᠠᠨᠳᠢᠨ ᠪᠦᠷᠢᠯᠸ᠎ᠠ ᠮᠢᠨᠦ ᠪᠠᠬᠰᠢ 》 ᠭᠡᠬᠦ ᠤᠬᠤᠷ ᠰᠢᠯᠦᠭ᠎ᠢᠶᠡᠨ
ᠪᠠᠬᠰᠢ᠎ᠳᠤ ᠪᠠᠨ ᠡᠷᠭᠦᠯ᠎ᠡ᠃
—
ᠰᠤᠷᠭᠠᠭᠤᠯᠢ
ᠡᠴᠡ ᠡᠨᠡ ᠬᠦ᠌ ᠠᠵᠢᠯᠯᠠᠭ᠎ᠠ ᠵᠢ ᠦᠷᠨᠢᠬᠦᠯᠬᠦ ᠵᠢ ᠮᠡᠳᠡᠭᠳᠡᠮᠡᠭᠴᠡ ᠭᠡᠷ᠎ᠤᠨ ᠠᠬᠠᠮᠠᠳ᠎ᠤᠨ ᠵᠦᠪᠯᠡᠯ᠎ᠤᠨ ᠬᠢᠨ
ᠠᠵᠢᠯᠯᠠᠭ᠎ᠠ᠎ᠶᠢᠨ ᠲᠤᠬᠠᠢ ᠤᠯᠠᠨ ᠲᠦᠰᠦᠪ ᠭᠠᠷᠭᠠᠭᠰᠠᠨ᠃ ᠭᠡᠷ᠎ᠤᠨ ᠠᠬᠠᠮᠠᠳ ᠪᠢᠳᠡ ᠠᠵᠢᠯ᠎ᠤᠨ ᠴᠢᠯᠦᠭᠡ ᠪᠠᠨ
ᠠᠰᠢᠬᠯᠠᠵᠤ ᠬᠡᠤᠬᠡᠳ ᠲᠠᠢ ᠪᠠᠨ ᠬᠠᠮᠳᠤᠷᠠᠯᠴᠠᠵᠤ᠂ ᠠᠨᠭᠬᠢ ᠪᠦᠷᠢ᠎ᠶᠢᠨ ᠤᠨᠴᠠᠯᠢᠭ᠎ᠢ ᠦᠨᠳᠦᠰᠦᠯᠡᠵᠤ᠂ ᠤᠯᠠᠨ
ᠰᠠᠢᠬᠠᠨ ᠠᠭᠤᠯᠭ᠎ᠠ ᠲᠤᠬᠢᠷᠠᠭᠤᠯᠤᠬᠰᠠᠨ᠃ ᠠᠩᠬᠢ᠎ᠶᠢᠨ ᠡᠷᠬᠢᠯᠡᠭᠴᠢᠳ ᠮᠢᠨᠢ ᠵᠦᠳᠡᠷᠡᠯ᠎ᠡ ! ᠡᠨᠡ ᠪᠤᠯ ᠠᠨᠭᠬᠢ᠎ᠶᠢᠨ ᠡᠷᠬᠢᠯᠡᠭᠴᠢᠳ᠎ᠲᠤ ᠪᠠᠨ ᠡᠷᠬᠦᠭᠰᠡᠨ ᠤᠨᠴᠠᠭᠠᠢ ᠪᠡᠯᠡᠭ ᠶᠤᠮ ᠭᠡᠵᠤ
ᠭᠡᠷ᠎ᠤᠨ ᠠᠬᠠᠮᠠᠳ ᠵᠤᠯᠠ ᠪᠠᠶᠠᠷᠲᠠᠢ ᠲᠠᠨᠢᠯᠴᠠᠭᠤᠯᠤᠨ᠎ᠠ᠃


ᠬᠡᠯᠡᠭᠰᠡᠨ ᠭᠠᠭᠴᠠ ᠦᠭᠡᠨ
ᠳ᠋ᠤ ᠨᠢ ᠪᠠᠶᠠᠰᠤᠯ᠎ᠠ ᠬᠦᠬᠡᠷᠦᠬᠦᠨ ᠴᠠᠢᠯᠭᠠᠨ ᠰᠡᠳᠭᠢᠯ
ᠳ᠋ᠤ ᠨᠢ ᠤᠶᠠᠷᠠᠯ᠎ᠠ
—
ᠡᠨᠡ
ᠪᠤᠯ ᠮᠢᠨᠦ ᠬᠠᠷᠢᠭᠤᠴᠠᠬᠰᠠᠨ ᠬᠤᠶᠠᠳᠡᠭᠢ ᠠᠨᠭᠬᠢ᠃ ᠰᠤᠷᠭᠠᠭᠤᠯᠢ᠂ ᠭᠡᠷ᠎ᠤᠨ ᠠᠬᠠᠮᠠᠳ᠂ ᠮᠠᠨ᠎ᠤ ᠬᠦᠭᠡᠷᠦᠬᠦᠨ
ᠰᠤᠷᠤᠬᠴᠢᠳ ᠮᠠᠨᠢ ᠨᠠᠳᠠ᠎ᠳᠤ ᠡᠢᠮᠦ ᠶᠡᠬᠡ ᠰᠠᠨᠠᠭᠠᠨ ᠳ᠋ᠤ ᠦᠭᠡᠢ ᠪᠡᠯᠡᠭ ᠬᠦᠷᠭᠡᠬᠦ ᠵᠢ ᠪᠤᠳᠤᠵᠤ ᠤᠯᠤᠬᠰᠠᠨ
ᠦᠭᠡᠢ᠃ ᠲᠡᠳᠡᠨ᠎ᠤ ᠰᠢᠨᠭᠭᠡᠭᠡᠭᠰᠡᠨ ᠤᠬᠤᠷ ᠹᠢᠯᠢᠮ ᠳ᠋ᠡᠬᠢ ᠬᠦᠭᠡᠷᠦᠬᠦᠨ ᠳᠦᠷᠢ᠂ ᠭᠡᠨᠡᠨ ᠬᠤᠨᠭᠭᠤᠷ ᠦᠭᠡ ᠶᠠᠷᠢᠶᠠᠨ᠎ᠳᠤ
ᠨᠢ ᠰᠡᠳᠬᠢᠯ ᠤᠶᠠᠷᠠᠴᠢᠬᠠᠯᠠ ᠭᠡᠵᠤ ᠨᠢᠭᠡᠳᠦᠭᠡᠷ ᠤᠨ᠎ᠤ ᠠᠨᠭᠬᠢ᠎ᠶᠢᠨ ᠡᠷᠬᠢᠯᠡᠭᠴᠢ ᠦᠷᠢᠨᠳᠤᠶᠠᠭᠠ ᠪᠠᠬᠰᠢ
ᠲᠤᠬᠳᠤᠯᠤᠩᠬᠠᠨ᠃
ᠦᠷᠢᠨᠳᠤᠶᠠᠭᠠ ᠪᠠᠬᠰᠢ᠎ᠶᠢᠨ ᠠᠨᠭᠬᠢ᠎ᠶᠢᠨ 37 ᠰᠤᠷᠤᠬᠴᠢ
ᠨᠢ ᠬᠠᠬᠢᠷ ᠬᠦᠢᠲᠡᠨ᠎ᠢ ᠰᠦᠷᠴᠤ᠂ ᠬᠠᠰᠠᠷ ᠬᠦᠬᠦᠷᠭᠡ᠎ᠳᠤ ᠬᠦᠷᠴᠤ 《ᠪᠠᠬᠰᠢ ᠮᠢᠨᠢ》 ᠭᠡᠬᠦ ᠰᠢᠯᠦᠭ᠎ᠢ ᠤᠶᠠᠨᠭᠭᠠᠯᠠᠵᠤ᠂
ᠪᠠᠬᠰᠢ᠎ᠳᠤ ᠪᠠᠨ ᠬᠠᠢᠷᠠᠲᠠᠢ ᠰᠡᠳᠬᠢᠯᠭᠡ ᠪᠠᠨ ᠢᠯᠡᠳᠭᠡᠯ᠎ᠡ᠃
—
ᠬᠦᠬᠡᠷᠦᠬᠦᠨ ᠰᠤᠷᠤᠬᠴᠢᠳ᠎ᠤᠨ ᠮᠠᠨᠢ ᠪᠠᠬᠰᠢ ᠨᠠᠳᠠ᠎ᠳᠤ ᠪᠠᠨ ᠳᠠᠭᠤᠤ᠂ ᠪᠦᠵᠢᠭ᠂
ᠰᠢᠯᠦᠭ ᠤᠶᠠᠨᠭᠭᠠᠯᠠᠬᠤᠶᠢ ᠦᠵᠡᠭᠡᠳ ᠰᠡᠳᠬᠢᠯ ᠶᠡᠬᠡ ᠲᠤᠬᠳᠤᠯᠤᠯᠠ᠃ ᠡᠳᠦᠷᠵᠢᠨ ᠬᠢᠴᠢᠶᠡᠯ ᠰᠤᠷᠤᠯᠭ᠎ᠠ ᠭᠡᠵᠤ
ᠶᠠᠭᠠᠷᠠᠵᠤ ᠪᠠᠢᠭ᠎ᠠ ᠬᠡᠤᠬᠡᠳ ᠮᠠᠨᠢ ᠠᠯᠢ ᠵᠠᠪᠢᠶᠡᠷᠢᠶᠡᠨ ᠡᠳᠡᠭᠡᠷ᠎ᠢ ᠪᠡᠯᠡᠳᠭᠡᠵᠤ ᠠᠮᠵᠢᠭ᠎ᠠ ᠪᠢᠯᠡ ?
ᠮᠦᠨ ᠴᠸ᠋ ᠰᠤᠷᠭᠠᠭᠤᠯᠢ᠂ ᠭᠡᠷ᠎ᠤᠨ ᠠᠬᠠᠮᠠᠳ᠂ ᠰᠤᠷᠤᠬᠴᠢᠳ ᠡᠴᠡ ᠠᠨᠭᠬᠢ᠎ᠶᠢᠨ ᠡᠷᠬᠢᠯᠡᠭᠴᠢ
ᠪᠤᠯᠤᠬᠰᠠᠨ ᠪᠢᠳᠡᠨ᠎ᠤ ᠠᠵᠢᠯ᠎ᠢ ᠤᠢᠯᠠᠭᠠᠵᠤ᠂ ᠮᠡᠳᠡᠷᠡᠵᠤ ᠶᠠᠪᠤᠭ᠎ᠠ᠎ᠳᠤ ᠮᠠᠰᠢ ᠪᠠᠶᠠᠷᠯᠠᠵᠤ ᠪᠠᠢᠨ᠎ᠠ ᠭᠡᠵᠤ
ᠬᠤᠶᠠᠳᠤᠭᠠᠷ ᠤᠨ᠎ᠤ ᠠᠨᠭᠬᠢ᠎ᠶᠢᠨ ᠡᠷᠬᠢᠯᠡᠭᠴᠢ ᠨᠠᠷᠠᠰᠤᠨ ᠶᠠᠷᠢᠨ᠎ᠠ᠃
《ᠪᠠᠬᠰᠢ ᠡ᠂ ᠪᠢ ᠲᠠᠨ᠎ᠳᠤ ᠪᠠᠨ ᠬᠠᠢᠷᠠᠲᠠᠢ ᠰᠢᠦ》 ᠭᠡᠬᠦᠪᠤᠯᠪᠠᠷᠠᠢ ᠬᠡᠤᠬᠡᠳ᠎ᠤᠨ
ᠪᠤᠷᠤᠬᠵᠢᠭᠤᠬᠠᠨ ᠭᠠᠬᠴᠠᠬᠠᠨ ᠦᠭᠡᠨ ᠳ᠋ᠤ ᠪᠠᠶᠠᠰᠴᠤ᠂ ᠡᠩᠭᠦᠷᠡᠢᠯᠡᠨ ᠰᠠᠨᠠᠬᠰᠠᠨ ᠬᠡᠤᠬᠡᠳ᠎ᠤᠳ᠎ᠤᠨ᠎ᠢᠶᠡᠨ ᠡᠷᠬᠡᠯᠡᠩᠭᠦᠢ
ᠲᠠᠩᠬᠢᠯ ᠠᠷᠠᠨᠰᠢᠨ ᠳ᠋ᠤ ᠤᠶᠠᠷᠠᠵᠤ ᠲᠤᠬᠳᠤᠯᠳᠠᠭ ᠠᠩᠬᠢ᠎ᠶᠢᠨ ᠡᠷᠬᠢᠯᠡᠭᠴᠢᠳ ᠮᠠᠨᠢ ᠬᠦᠨᠳᠦᠳᠡᠢ ᠡ᠃
( ᠭᠡᠷᠡᠯ ᠵᠢᠷᠤᠭ ᠢ ᠨᠤᠮᠢᠨ ᠬᠠᠩᠭᠠᠪᠠ )