ᠮᠢᠨᠦ᠍ ᠠᠪᠤ
2022-01-19 16:33:07
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠬᠤᠷᠴᠢᠨ ᠪᠠᠷᠠᠭᠤᠨ ᠭᠠᠷᠤᠨ ᠲᠤᠮᠳᠠᠳᠤ ᠬᠤᠱᠢᠭᠤᠨ᠎ᠤ ᠪᠠᠶᠠᠨᠨᠠᠭᠤᠷ ᠭᠤᠤᠯ ᠪᠠᠭ᠎ᠠ ᠰᠤᠷᠭᠠᠭᠤᠯᠢ᠎ᠶ᠋ᠢᠨ 5.1 ᠠᠩᠭᠢ   ᠭᠤᠤ ᠼᠠᠢ ᠶᠦᠨ

 

《ᠡᠨᠡᠷᠢᠯᠳᠤ ᠠᠪᠤ ᠮᠢᠨᠢ ᠮᠠᠯᠴᠢᠨ ᠬᠦᠮᠦᠨ ᠰᠠᠨ

ᠡᠭᠡᠷᠡᠮ᠎ᠡ ᠲᠠᠯ᠎ᠠ᠎ᠶ᠋ᠢᠨ ᠬᠤᠨᠢᠴᠢᠨ ᠬᠦᠮᠦᠨ ᠰᠠᠨ

ᠡᠵᠢ ᠪᠢᠳᠡ ᠬᠡᠳᠦ᠍᠎ᠶ᠋ᠢᠨ ᠲᠦᠱᠢᠵᠦ᠍ ᠶᠠᠪᠤᠭ᠍ᠰᠠᠨ

ᠡᠷ᠎ᠡ ᠬᠦᠮᠦᠨ᠎ᠤ ᠬᠡᠢᠮᠣᠷᠢ ᠶᠤᠮ ᠰᠠᠨ ᠠᠪᠤ ᠮᠢᠨᠢ ᠁》

ᠡᠨᠡ ᠬᠦ᠌ ᠲᠠᠭᠤᠤ᠎ᠶ᠋ᠢ ᠰᠣᠨᠤᠰᠭᠤ ᠪᠦᠷᠢ ᠪᠢ ᠠᠪᠤ ᠪᠠᠨ ᠨᠡᠩ ᠢᠯᠡᠭᠦᠦ ᠰᠠᠨᠠᠳᠠᠭ ᠡ᠃

ᠮᠢᠨᠦ᠍ ᠠᠪᠤ ᠪᠣᠯ ᠡᠨᠡᠷᠢᠩᠭᠦᠢ  ᠵᠦᠭᠡᠯᠡᠨ ᠰᠡᠳᠭᠢᠯ᠎ᠲᠠᠢ᠂ ᠠᠵᠢᠯᠴᠢ ᠬᠦᠳᠡᠯᠮᠦᠷᠢᠴᠢ ᠵᠢᠷ᠎ᠤᠨ ᠨᠢᠭᠡᠨ ᠲᠠᠷᠢᠶᠠᠴᠢᠨ ᠶᠤᠮ᠃ ᠠᠪᠤ ᠵᠢᠨ ᠮᠢᠨᠢ ᠪᠠᠶ᠎ᠠ ᠠᠨᠠᠢ᠎ᠴᠤ᠌ ᠭᠡᠷ᠎ᠤᠨ ᠭᠠᠳᠠᠨ᠎ᠠ ᠲᠤᠳᠤᠨᠠᠬᠢ ᠬᠠᠮᠤᠭ ᠠᠵᠢᠯ᠎ᠢ ᠵᠠᠪᠳᠤᠨ ᠬᠢᠳᠡᠭ᠃ ᠨᠠᠮ᠎ᠠ᠎ᠶ᠋ᠢ ᠪᠠᠭ᠎ᠠ ᠪᠠᠢᠬᠤ᠎ᠳᠤ ᠠᠪᠤ ᠮᠢᠨᠢ ᠲᠣᠰᠤᠨ ᠳ᠋ᠧᠩ᠎ᠤᠨ ᠪᠦᠳᠡᠬᠢ ᠭᠡᠷᠡᠯ ᠳ᠋ᠤ ᠡᠵᠢ᠎ᠶ᠋ᠢ ᠬᠠᠪᠰᠤᠷᠴᠤ᠌ ᠱᠠᠬᠠᠢ᠎ᠶ᠋ᠢᠨ ᠤᠯᠠ ᠱᠢᠷᠢᠵᠤ  ᠪᠠᠢᠭ᠍ᠰᠠᠨ᠎ᠢ᠎ᠨᠢ ᠪᠢ ᠣᠳᠤ ᠪᠣᠯᠲᠠᠯ᠎ᠠ ᠴᠡᠭᠡᠵᠢᠯᠡᠭ᠌ᠰᠡᠭᠡᠷ᠃ ᠪᠢᠳᠠᠨ᠎ᠢ ᠲᠤᠯᠠᠭᠠᠨ ᠡᠪᠤᠯᠵᠢᠭᠦᠯᠬᠦ᠌ ᠭᠡᠳ ᠠᠪᠤ ᠮᠢᠨᠢ ᠬᠠᠬᠢᠷ ᠬᠦᠢᠲᠡᠨ᠎ᠳᠤ ᠦᠦᠷ᠎ᠢᠶᠠᠷ ᠪᠣᠰᠴᠤ᠌ ᠮᠣᠷᠢᠨ ᠲᠡᠷᠭᠡ᠎ᠪᠠᠨ ᠭᠡᠯᠢᠵᠦ᠍᠂ ᠬᠤᠯᠠ ᠬᠦᠷᠴᠦ ᠲᠦᠯᠡᠭᠡ ᠲᠡᠭᠡᠭᠡᠵᠦ ᠠᠪᠴᠢᠷᠠᠳᠠᠭ᠃ ᠵᠤᠨ ᠪᠤᠯᠪᠠᠯ ᠠᠪᠤ ᠮᠢᠨᠢ ᠤᠯᠠᠮ᠎ᠴᠤ ᠶᠠᠭᠠᠷᠠᠤ ᠪᠤᠯᠵᠦ᠂ ᠪᠠᠶ᠎ᠠ ᠨᠢ ᠪᠠᠭ᠎ᠠ ᠰᠠᠭ᠎ᠠ ᠲᠠᠭ᠎ᠠ ᠦᠭᠡᠢ᠎ᠴᠤ ᠬᠡᠰᠡᠨ ᠡᠵᠢ᠎ᠶ᠋ᠢ ᠬᠠᠪᠰᠤᠷᠴᠤ᠌ ᠲᠠᠷᠢᠶ᠎ᠠ ᠠᠷᠴᠢᠬᠤ᠂ ᠬᠡᠭᠡᠷ᠎ᠡ᠎ᠶ᠋ᠢᠨ ᠨᠣᠭᠤᠭ᠎ᠠ ᠲᠡᠭᠦᠬᠦ᠂ ᠢᠳᠡᠱᠢᠨ ᠨᠣᠭᠤᠭ᠎ᠠ ᠲᠠᠷᠢᠵᠤ ᠠᠷᠠᠴᠢᠯᠠᠬᠤ ᠭᠡᠳ ᠡᠳᠦᠷ ᠪᠦᠷᠢ ᠪᠣᠷᠪᠢ ᠪᠤᠬᠢᠰᠭᠢᠯ ᠦᠭᠡᠢ ᠶᠠᠭᠠᠷᠠᠵᠦ ᠬᠦᠶᠦᠳᠡᠭ ᠰᠠᠨ᠃

ᠬᠡᠷ᠎ᠤᠨ ᠭᠠᠳᠠᠨᠡᠬᠢ ᠠᠵᠢᠯ ᠵᠢᠡᠨ ᠬᠢᠵᠦ ᠲᠠᠭᠤᠰᠪᠠᠯ ᠠᠪᠤ ᠮᠢᠨᠢ ᠬᠡᠷ᠎ᠲᠤ ᠬᠠᠷᠢᠵᠦ ᠨᠠᠰᠤ ᠠᠬᠢᠭ᠍ᠰᠠᠨ ᠡᠪᠦᠭᠡ᠎ᠶ᠋ᠢᠨ ᠢᠳᠡᠵᠦ᠍ ᠤᠤᠭᠤᠬᠤ ᠵᠢ ᠨᠢ ᠪᠡᠯᠡᠳᠭᠡᠨ ᠬᠠᠯᠠᠭᠤᠨ ᠪᠦᠯᠢᠶᠡᠨ᠎ᠢ᠎ᠨᠢ ᠲᠡᠩᠴᠡᠭᠦᠯᠵᠦ᠍ ᠣᠢᠷᠠᠲᠤᠭᠤᠯᠬᠤ ᠬᠡᠳ ᠶᠠᠭᠠᠷᠠᠨ᠎ᠠ᠃ ᠠᠬᠠᠮᠠᠳ᠎ᠢᠶᠠᠨ ᠬᠦᠨᠳᠦᠯᠡᠵᠦ᠍᠂ ᠠᠩᠭ᠎ᠠ ᠦᠷᠡᠰ᠎ᠢᠶᠠᠨ ᠬᠠᠢᠷᠠᠯᠠᠳᠠᠭ ᠠᠪᠤ ᠮᠢᠨᠢ ᠲᠠ ᠵᠦᠳᠡᠷᠡᠯ᠎ᠠ !

ᠠᠪᠤ ᠮᠢᠨᠢ ᠪᠢᠴᠢᠭ ᠰᠤᠶᠤᠯ᠎ᠤᠨ ᠮᠦᠷ ᠲᠡᠮᠡᠢ ᠬᠦᠭᠡᠭᠡ ᠦᠭᠡᠢ ᠴᠸ᠋ ᠮᠠᠨ᠎ᠤ ᠠᠬ᠎ᠠ ᠲᠡᠬᠦᠦ ᠬᠡᠳᠦᠬᠦᠯᠠ ᠵᠢ ᠪᠢᠴᠢᠭ ᠡᠷᠳᠡᠮ ᠲᠠᠢ ᠬᠦᠮᠦᠨ ᠪᠤᠯᠭᠠᠨ᠎ᠠ ᠬᠡᠵᠦ ᠦᠷᠬᠦᠯᠵᠢ ᠬᠡᠯᠡᠳᠡᠭ᠃ ᠨᠠᠮ᠎ᠠ ᠵᠢ ᠠᠩᠬ᠎ᠠ ᠲᠡᠳᠠᠨ ᠡᠴᠡ ᠰᠠᠯᠵᠤ ᠰᠣᠮᠤᠨ᠎ᠤ ᠰᠤᠷᠭᠠᠭᠤᠯᠢ᠎ᠳᠤ ᠰᠤᠷᠤᠯᠴᠠᠬᠤ ᠪᠤᠯᠬᠤ᠎ᠳᠤ ᠠᠪᠤ ᠮᠢᠨᠢ᠄《ᠬᠦᠦ ᠮᠢᠨᠢ ᠪᠢᠳᠡᠭᠡᠢ ᠬᠡᠷ ᠵᠢᠡᠨ ᠰᠠᠨᠠᠭᠠᠳ ᠪᠠᠢ᠂ ᠰᠠᠢᠨ ᠰᠤᠷᠤᠯᠴᠠᠭᠠᠳ ᠬᠤᠵᠢᠮ ᠢᠷᠡᠭᠡᠳᠦᠢ᠎ᠳᠤ ᠨᠡᠢᠭᠡᠮ᠎ᠳᠤ ᠬᠡᠷᠡᠭᠴᠡᠭᠡ ᠲᠠᠢ ᠬᠦᠮᠦᠨ ᠪᠤᠯᠪᠠᠯ ᠠᠪᠤ ᠡᠵᠢ ᠨᠢ ᠬᠡᠨ ᠡᠴᠡ᠎ᠴᠤ ᠢᠯᠡᠬᠦᠦ ᠪᠠᠶᠠᠷᠯᠠᠨ᠎ᠠ ᠰᠢᠤ !》 ᠭᠡᠵᠦ ᠵᠤᠷᠢᠭᠵᠢᠭᠤᠯᠵᠤ ᠪᠠᠢᠭᠰᠠᠨ᠃ ᠲᠤᠬᠠᠢ ᠵᠢᠨ ᠦᠶ᠎ᠠ᠎ᠳᠤ ᠪᠢ ᠲᠠᠩᠴᠦ ᠪᠠᠭ᠎ᠠ ᠪᠠᠢᠵᠦ ᠠᠪᠤ ᠵᠢᠨ ᠶᠠᠷᠢᠭᠰᠠᠨ᠎ᠢ ᠲᠡᠮᠡᠢ ᠤᠢᠯᠠᠭᠠᠭ᠎ᠠ ᠦᠭᠡᠢ᠂ ᠤᠳᠤ ᠬᠠᠷᠢᠨ ᠡᠷᠬᠢᠴᠡᠬᠦᠯᠦᠨ ᠪᠤᠳᠤᠬᠤ ᠪᠦᠷᠢ ᠤᠷᠮ᠎ᠠ ᠵᠤᠷᠢᠭ ᠮᠢᠨᠢ ᠬᠦᠪᠴᠢᠯᠡᠭᠳᠡᠳᠡᠭ ᠡ᠃

ᠪᠢ ᠠᠪᠤ᠎ᠳᠤ᠎ᠪᠠᠨ ᠬᠠᠢᠷᠠᠲᠠᠢ᠃ ᠠᠪᠤ ᠡᠵᠢ ᠬᠦᠮᠦᠨ᠎ᠤ ᠲᠡᠭᠡᠳᠦ᠂ ᠠ ᠦᠰᠦᠭ ᠡᠷᠳᠡᠮ᠎ᠤᠨ ᠲᠡᠭᠡᠵᠢ !                       

                           ᠵᠢᠯᠤᠭᠤᠳᠤᠭ᠍ᠰᠠᠨ ᠪᠠᠭ᠍ᠰᠢ᠄ ᠪᠦᠷᠢᠨᠴᠡᠴᠡᠭ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号