ᠪᠥᠵᠥᠩ
ᠰᠡᠷᠭᠦᠯᠡᠩ ᠴᠤᠪᠤᠭᠤ ᠪᠦᠭᠡᠳ ᠨᠣᠮ ᠤᠩᠱᠢᠬᠤ ᠳᠤᠷᠠᠳᠠᠢ᠃ ᠨᠢᠭᠡ ᠤᠳᠠᠭ᠎ᠠ ᠨᠣᠮ᠎ᠠᠴᠠ᠄ ᠲᠠᠷᠪᠤᠰ ᠲᠠᠷᠢᠪᠠᠯ ᠲᠠᠷᠪᠤᠰ
ᠬᠤᠷᠢᠶᠠᠵᠦ᠍᠂ ᠪᠤᠷᠴᠠᠭ ᠲᠠᠷᠢᠪᠠᠯ ᠪᠤᠷᠴᠠᠭ ᠬᠤᠷᠢᠶᠠᠳᠠᠭ ᠭᠡᠰᠡᠨ᠎ᠢ ᠤᠩᠱᠢᠴᠢᠬᠠᠵᠡᠢ᠃ ᠲᠡᠭᠡᠭᠡᠳ ᠵᠡᠷᠭᠡᠯᠡᠳᠡᠭᠡ
ᠠᠢᠯ᠎ᠤᠨ ᠡᠮᠡᠭᠡ᠎ᠶ᠋ᠢᠨ ᠲᠥᠮᠥᠰᠥ᠍ ᠲᠠᠷᠢᠭ᠍ᠰᠠᠨ ᠤᠴᠢᠷ᠎ᠢ ᠪᠤᠳᠤᠭᠠᠳ ᠰᠡᠮ ᠪᠠᠶᠠᠷᠯᠠᠪᠠ᠃
ᠰᠡᠷᠭᠦᠯᠡᠩ
ᠪᠥᠵᠥᠩ ᠰᠡᠷᠳ᠋᠎ᠬᠢᠨ ᠰᠠᠢᠨ ᠠᠷᠭ᠎ᠠ ᠪᠤᠳᠤᠵᠦ᠍ ᠤᠯᠵᠡᠢ᠃ ᠵᠣᠭᠤᠰ ᠲᠠᠷᠢᠨ᠎ᠠ᠂ ᠵᠤᠭᠤᠰ ᠲᠠᠷᠢᠪᠠᠯ ᠵᠤᠭᠤᠰ ᠤᠷᠭᠤᠨ᠎ᠠ
ᠱᠢᠳᠠ ᠭᠡᠳ ᠲᠡᠷᠡ ᠬᠤᠷᠭᠤ᠎ᠪᠠᠨ ᠤᠷᠪᠠᠭᠤᠯᠤᠭᠠᠳ ᠨᠢᠭᠡ ᠵᠣᠭᠤᠰ ᠣᠯᠵᠤ ᠠᠪᠤᠭᠠᠳ ᠲᠠᠷᠢᠶᠠᠨ᠎ᠳᠤ ᠲᠠᠷᠢᠴᠢᠬᠠᠯᠠ᠃
ᠬᠦᠬᠡᠷᠦᠬᠦᠨ ᠪᠦᠵᠦᠩ ᠬᠦᠭ᠌ᠰᠡᠨ ᠪᠠᠶᠠᠷᠯᠠᠵᠦ᠍ ᠡᠳᠦᠷ ᠡᠳᠦᠷ ᠤᠰᠤᠯᠠᠵᠤ ᠪᠣᠷᠳᠣᠭᠤᠷ ᠣᠷᠣᠭᠤᠯᠤᠨ᠎ᠠ᠃
《 ᠪᠠᠶᠠᠷᠯᠠᠭ᠍ᠰᠠᠨ ᠬᠡᠷᠢᠶ᠎ᠠ
ᠪᠠᠷᠬᠢᠷᠠᠭ᠎ᠠ》 ᠭᠡᠭ᠌ᠴᠢ᠎ᠪᠠᠷ᠂ ᠪᠥᠵᠥᠩ
ᠰᠠᠢᠨ ᠨᠠᠢᠵᠠ ᠪᠢᠯᠵᠤᠤᠬᠠᠢᠲᠠᠢᠪᠠᠨ ᠠᠭᠤᠯᠵᠠᠭᠠᠳ᠄《ᠨᠠᠮᠤᠷ ᠪᠤᠯᠪᠠᠯ ᠨᠠᠢᠵᠠᠳᠤᠪᠠᠨ ᠬᠠᠪᠰᠤᠷᠤᠭᠠᠳ ᠵᠣᠭᠤᠰ
ᠬᠤᠷᠢᠶᠠᠵᠦ᠍ ᠦᠭ᠌ᠬᠦᠭᠡᠷᠡᠢ ! 》ᠭᠡᠳ ᠴᠢᠬᠢᠨ᠎ᠳᠤᠨᠢ ᠰᠡᠮᠡᠭᠡᠨ ᠬᠡᠯᠡᠭᠡᠳ ᠳᠡᠯᠳᠡᠩ
ᠬᠤᠶᠠᠷ ᠴᠢᠬᠢ᠎ᠪᠠᠨ ᠳᠡᠯᠳᠡᠰᠬᠢᠨ ᠣᠳᠪᠠ᠃ 《ᠪᠤᠯᠤᠯ ᠦᠬᠡᠢ ᠶᠠᠭᠠᠬᠢᠬᠤᠪ 》ᠭᠡᠵᠦ᠍ ᠪᠢᠯᠵᠤᠤᠬᠠᠢ
ᠴᠸ᠋ ᠵᠢᠷᠬᠢᠨ ᠨᠢᠰᠦᠯᠠ᠃ ᠪᠦᠵᠦᠩ ᠳᠡᠭ᠌ᠳᠡᠨ ᠳᠡᠭ᠌ᠳᠡᠭ᠌ᠰᠡᠭᠡᠷ ᠬᠡᠷᠡᠮᠦ᠍ᠶ᠋ᠢᠨ ᠭᠡᠷ᠎ᠲᠤ ᠤᠴᠢᠭᠠᠳ᠄《ᠨᠠᠮᠤᠷ ᠨᠠᠢᠵᠠ᠎ᠳᠤ
ᠪᠠᠨ ᠵᠣᠭᠤᠰ ᠳᠠᠮᠨᠠᠵᠤ ᠦᠭ᠌ᠬᠦᠭᠡᠷᠡᠢ 》 ᠭᠡᠯ᠎ᠠ᠃ ᠬᠡᠷᠡᠮᠦ᠍ ᠴᠤ᠌《ᠪᠣᠯᠤᠨ᠎ᠠ᠂ ᠪᠤᠯᠤᠨ᠎ᠠ》 ᠭᠡᠳ ᠨᠠᠮᠤᠷ ᠪᠤᠯᠬᠤ᠎ᠶ᠋ᠢ
ᠲᠡᠰᠴᠤ᠌ ᠶᠠᠳᠠᠨ ᠬᠦᠯᠢᠶᠡᠪᠡ᠃
ᠠᠯᠲᠠᠨ
ᠱᠢᠷᠭᠠᠯ ᠨᠠᠮᠤᠷ ᠠᠢᠯ ᠠᠢᠯ᠎ᠤᠨ ᠬᠠᠱᠢᠶᠠᠨ᠎ᠳᠤ ᠰᠠᠭᠠᠲᠠᠯ᠎ᠠ᠃ ᠪᠢᠯᠵᠤᠤᠬᠠᠶ ᠭᠡᠷ᠎ᠠᠴᠠ᠎ᠪᠠᠨ ᠨᠢᠭᠡ ᠲᠣᠮᠣ ᠰᠠᠭ᠍ᠰᠤ
ᠵᠠᠭᠤᠭᠠᠳ ᠢᠷᠡᠵᠡᠢ᠃ ᠬᠡᠷᠡᠮᠦ᠍ ᠴᠤ᠌ ᠵᠣᠭᠤᠰ ᠮᠠᠰᠢ ᠬᠦᠨᠳᠦ ᠭᠡᠵᠦ᠍ ᠰᠣᠨᠣᠰᠤᠭᠠᠳ᠂ ᠨᠢᠭᠡ ᠨᠠᠷᠠᠰᠤᠨ ᠮᠣᠳᠣ
ᠠᠪᠴᠢᠷᠠᠭᠠᠳ ᠳᠠᠮᠨᠠᠬᠤ᠎ᠪᠠᠷ ᠪᠡᠯᠡᠳᠭᠡᠯᠠ᠃ 《ᠨᠠᠢᠵᠠ ᠨᠠᠷ ᠮᠢᠨᠢ ᠡ᠂ ᠪᠠᠶᠠᠷᠲᠤ ᠮᠦᠴᠡ ᠢᠷᠡᠯ᠎ᠠ ᠳ᠋ᠠ᠃
ᠵᠣᠭᠤᠰ ᠭᠠᠷᠴᠤ᠌ ᠢᠷᠡᠬᠦ᠌ ᠪᠤᠯᠤᠯ᠎ᠠ》 ᠭᠡᠳ ᠪᠦᠵᠦᠩ ᠬᠦᠯ᠎ᠨᠢ ᠭᠠᠵᠠᠷ ᠬᠦᠷᠬᠦ᠌ ᠦᠬᠡᠢ ᠪᠠᠶᠠᠷᠯᠠᠵᠤ
ᠵᠤᠭᠤᠰ᠎ᠢᠶᠠᠨ ᠮᠠᠯᠲᠠᠪᠠ᠃ ᠭᠡᠲᠡᠯ᠎ᠡ ᠵᠥᠪᠬᠡᠨ ᠨᠢᠭᠡ ᠵᠢᠪᠡᠷᠡᠭ᠌ᠰᠡᠨ ᠵᠣᠭᠤᠰ ᠪᠤᠯᠤᠨ ᠨᠢᠭᠡ ᠴᠢᠭᠢᠭ᠎ᠤᠨ ᠤᠯᠠᠭᠠᠨ
ᠬᠤᠷᠣᠬᠠᠶ ᠮᠠᠯᠳᠠᠵᠦ ᠭᠠᠷᠭᠠᠵᠡᠢ᠃
《ᠶᠠᠭᠠᠬᠢᠭᠠᠳ ᠡᠢᠮᠦ᠍
ᠪᠣᠯᠤᠭ᠍ᠰᠠᠨ ᠶᠤᠮ ?》 ᠭᠡᠵᠦ᠍ ᠤᠷᠮ᠎ᠠ ᠬᠤᠭᠤᠷᠠᠭ᠍ᠰᠠᠨ
ᠪᠦᠵᠦᠩ ᠨᠦᠬᠦᠭᠡ ᠨᠣᠮ᠎ᠲᠠᠢ᠎ᠪᠠᠨ ᠬᠠᠷᠢᠴᠠᠭᠤᠯᠵᠤ ᠦᠵᠡᠪᠡ᠃ ᠶᠠᠮᠠᠷ ᠴᠤ᠌ ᠠᠰᠠᠭᠤᠳᠠᠯ ᠠᠯᠠᠭ᠎ᠠ᠂ ᠪᠦᠵᠦᠩ ᠴᠤ᠌
ᠲᠠᠷᠪᠤᠰ ᠲᠠᠷᠢᠪᠠᠯ ᠲᠠᠷᠪᠤᠰ ᠬᠤᠷᠢᠶᠠᠨ᠎ᠠ᠂ ᠪᠤᠷᠴᠠᠭ ᠲᠠᠷᠢᠪᠠᠯ ᠪᠤᠷᠴᠠᠭ ᠬᠤᠷᠢᠶᠠᠨ᠎ᠠ ᠭᠡᠵᠦ᠍ ᠪᠢᠴᠢᠭ᠌ᠰᠡᠨ
ᠶᠤᠰᠤᠭᠠᠷ ᠬᠢᠭ᠌ᠰᠡᠨ ᠠᠵᠠᠢ᠃
《ᠯᠠᠪ ᠡᠨᠡ ᠮᠠᠭᠤ ᠴᠢᠭᠢᠭ᠎ᠤᠨ
ᠤᠯᠠᠭᠠᠨ ᠬᠤᠷᠣᠬᠠᠶ ᠬᠤᠯᠠᠭᠠᠢᠯᠠᠭᠠᠳ ᠠᠪᠴᠢᠬᠠᠵᠡᠢ》 ᠭᠡᠵᠦ᠍ ᠪᠥᠵᠥᠩ ᠴᠢᠭᠢᠭ᠎ᠤᠨ
ᠤᠯᠠᠭᠠᠨ ᠬᠤᠷᠣᠬᠠᠶ᠎ᠶ᠋ᠢ ᠪᠠᠷᠢᠵᠤ ᠠᠪᠤᠭᠠᠳ ᠵᠣᠭᠤᠰ᠎ᠢᠶᠠᠨ ᠲᠦᠯᠦᠭᠦᠯᠬᠦ᠌ ᠭᠡᠪᠡ᠃
《ᠪᠢ ᠶᠠᠮᠠᠷ ᠴᠤ᠌ ᠵᠣᠭᠤᠰ
ᠠᠪᠤᠭ᠍ᠰᠠᠨ ᠦᠭᠡᠢ ᠱᠢᠦ !》 ᠭᠡᠵᠦ᠍ ᠴᠢᠭᠢᠭ᠎ᠤᠨ ᠤᠯᠠᠭᠠᠨ ᠬᠤᠷᠣᠬᠠᠶ ᠠᠶᠤᠵᠦ᠍ ᠰᠠᠨᠳᠤᠷᠤᠯᠠ᠃《ᠶᠠᠭᠠᠬᠢᠭᠠᠳ ᠮᠢᠨᠤ
ᠲᠠᠷᠢᠭ᠍ᠰᠠᠨ ᠵᠣᠭᠤᠰ ᠠᠯᠠᠭ᠎ᠠ ᠪᠣᠯᠴᠢᠬᠠᠪᠠ ? ᠠᠳᠡ ᠵᠦᠪᠬᠡᠨ ᠴᠢ ᠭᠠᠭ᠍ᠴᠠᠭᠠᠷ᠎ᠢᠶᠠᠨ
ᠪᠠᠢᠭ᠍ᠰᠠᠨ᠂ ᠴᠢᠮ᠎ᠠ᠎ᠠᠴᠠ ᠥᠭᠡᠷ᠎ᠡ ᠭᠡᠨ ᠮᠢᠨᠤ ᠵᠤᠭᠤᠰ᠎ᠢ ᠬᠤᠯᠠᠭᠠᠢᠯᠠᠵᠦ᠍ ᠠᠪᠬᠤ ᠪᠤᠢ ? ᠮᠢᠨᠦ᠍ ᠵᠣᠭᠤᠰ᠎ᠢ ᠪᠤᠴᠠᠭᠠᠵᠦ᠍
ᠥᠭ ! 》 ᠭᠡᠵᠦ᠍ ᠪᠦᠵᠦᠩ ᠠᠭᠤᠷᠳᠠᠢ ᠬᠠᠰᠭᠢᠷᠪᠠ᠃
ᠡᠨᠡ
ᠦᠶᠡᠰ ᠶᠠᠭ ᠰᠠᠶᠢᠬᠠᠨ ᠱᠢᠨᠵᠢᠯᠡᠬᠦ᠌ ᠤᠬᠠᠭᠠᠨ᠎ᠤ ᠰᠤᠳᠤᠯᠭᠠᠨ ᠬᠢᠵᠦ᠍ ᠪᠠᠢᠭ᠍ᠰᠠᠨ ᠲᠠᠷᠢᠶᠠᠯᠠᠩ᠎ᠤᠨ ᠤᠬᠠᠭᠠᠨ᠎ᠤ
ᠳ᠋ᠣᠺᠲ᠋ᠣᠷ ᠰᠠᠮᠵᠠ ᠭᠤᠸᠠᠢ ᠬᠦᠷᠦᠭᠡᠳ ᠢᠷᠡᠵᠡᠢ᠃ ᠳ᠋ᠣᠺᠲ᠋ᠣᠷ ᠰᠠᠮᠵᠠ ᠢᠨᠢᠶᠡᠭᠡᠳ᠄《ᠵᠣᠭᠤᠰ ᠳᠠᠷᠢᠨ᠎ᠠ ᠭᠡᠪᠡᠯ
ᠪᠠᠩᠬᠢ᠎ᠳᠤ ᠣᠴᠢᠵᠤ ᠳᠠᠷᠢᠨ᠎ᠠ ᠱᠢᠦ᠂ ᠡᠢᠮᠦ᠍ ᠠᠷᠭ᠎ᠠ᠎ᠪᠠᠷ ᠵᠣᠭᠤᠰ ᠤᠷᠭᠤᠵᠤ ᠳᠡᠢᠯᠬᠦ᠌ ᠥᠬᠡᠶ !》 ᠭᠡᠪᠠ᠃ ᠪᠥᠵᠥᠩ ᠮᠠᠨᠢ
ᠰᠠᠮᠵᠠ ᠳ᠋ᠣᠺᠲ᠋ᠣᠷ᠎ᠤᠨ ᠦᠭᠡ᠎ᠶ᠋ᠢ ᠰᠣᠨᠣᠰᠤᠭᠠᠳ ᠪᠠᠩᠬᠢ᠎ᠳᠤ ᠵᠤᠭᠤᠰ᠎ᠢᠶᠠᠨ ᠠᠪᠠᠴᠢᠵᠦ᠍ ᠥᠭ᠌ᠬᠦᠯᠠ᠃ ᠪᠠᠩᠬᠢ᠎ᠶ᠋ᠢᠨ
ᠳᠠᠷᠤᠭ᠎ᠠ ᠴᠤ᠌ ᠪᠦᠵᠦᠩ᠎ᠤᠨ ᠵᠣᠭᠤᠰ᠎ᠢ ᠲᠠᠷᠢᠵᠦ᠍ ᠥᠭ᠌ᠪᠠ᠃
《ᠪᠠᠶᠠᠷ ᠳᠡᠭᠡᠷ᠎ᠠ ᠪᠠᠶᠠᠷ᠂
ᠪᠠᠮᠪᠠᠷ ᠳᠡᠭᠡᠷ᠎ᠠ ᠱᠢᠬᠦᠷ》 ᠭᠡᠭ᠌ᠴᠢ᠎ᠪᠠᠷ᠂ ᠨᠢᠭᠡ ᠵᠢᠯ᠎ᠤᠨ ᠳᠠᠷᠠᠭ᠎ᠠ ᠪᠦᠵᠦᠩ ᠤᠭᠤᠳᠠ ᠳᠦᠭᠦᠷᠡᠩ ᠵᠣᠭᠤᠰ ᠲᠠᠢ ᠪᠤᠯᠵᠡᠢ᠃ ᠲᠡᠷᠡ ᠵᠣᠭᠤᠰ᠎ᠢᠶᠠᠨ
ᠡᠭᠦᠷᠦᠭᠡᠳ ᠳᠠᠭᠤᠤ ᠠᠶᠠᠯᠠᠨ ᠳᠡᠭ᠌ᠳᠡᠯᠡ᠃ ᠡᠪᠦᠯ᠎ᠤᠨ ᠬᠦᠢᠳᠡᠨ᠎ᠳᠤ ᠨᠤᠭᠤᠰᠤ ᠡᠪᠦᠭᠡ ᠬᠥᠯ ᠨᠢᠴᠦᠭᠦᠨ ᠶᠠᠪᠤᠵᠦ᠍
ᠪᠠᠢᠬᠤ᠎ᠶ᠋ᠢ ᠦᠵᠡᠭᠡᠳ ᠬᠥᠪᠥᠩ ᠱᠠᠬᠠᠶ ᠠᠪᠴᠤ᠌ ᠥᠭ᠌ᠴᠡᠶ᠂ ᠳᠠᠬᠢᠶ᠎ᠠ ᠡᠮᠡᠭᠡ᠎ᠶ᠋ᠢᠨ ᠴᠢᠬᠢ᠎ᠨᠢ ᠤᠯᠠᠢᠭ᠍ᠰᠠᠨᠢ
ᠦᠵᠡᠭᠡᠳ ᠨᠢᠭᠡ ᠬᠦᠵᠦᠭᠦᠨ᠎ᠤ ᠣᠷᠢᠶᠠᠯᠲᠠ ᠠᠪᠴᠤ᠌ ᠥᠭ᠌ᠪᠠ᠃ ᠪᠥᠵᠥᠩ᠂ ᠪᠠᠰᠠ ᠳᠡᠯᠭᠡᠭᠦᠷ᠎ᠠᠴᠠ ᠠᠮᠳᠠᠲᠤ ᠰᠠᠢᠬᠠᠨ
ᠱᠢᠬᠢᠷ ᠠᠪᠤᠭᠠᠳ ᠴᠢᠭᠢᠭ᠎ᠤᠨ ᠤᠯᠠᠭᠠᠨ ᠬᠤᠷᠣᠬᠠᠶ᠎ᠳᠤ ᠪᠤᠷᠤᠭᠤ ᠬᠦᠯᠢᠶᠡᠬᠦ᠌᠎ᠪᠠᠷ ᠤᠴᠢᠯ᠎ᠠ᠃ ᠭᠡᠲᠡᠯ᠎ᠡ ᠴᠢᠭᠢᠭ᠎ᠤᠨ
ᠤᠯᠠᠭᠠᠨ ᠬᠤᠷᠣᠬᠠᠶ ᠨᠢᠭᠡᠨᠲᠡ ᠢᠴᠡᠭᠡᠯᠡᠴᠢᠬᠡᠭ᠌ᠰᠡᠨ ᠪᠠᠢᠵᠡᠢ᠃ ᠪᠥᠵᠥᠩ ᠠᠮᠳᠠᠳᠤ ᠰᠠᠢᠬᠠᠨ ᠱᠢᠬᠢᠷ᠎ᠢᠶᠠᠨ ᠭᠡᠷ᠎ᠲᠤ
ᠨᠢ ᠲᠠᠯᠪᠢᠭᠠᠳ ᠵᠠᠬᠢᠶᠠᠰᠤ ᠪᠢᠴᠢᠵᠦ᠍ ᠦᠯᠡᠳᠡᠭᠡᠪᠡ᠃
ᠴᠢᠭᠢᠭ᠎ᠤᠨ
ᠤᠯᠠᠭᠠᠨ ᠬᠤᠷᠣᠬᠠᠶ ᠳᠡᠭᠦᠦᠳᠡᠢ ᠮᠢᠨᠢ ᠡ ! ᠪᠢ ᠴᠢᠮ᠎ᠠ᠎ᠳᠤ ᠦᠨᠡᠭᠡᠷ
ᠶᠡᠭᠡ ᠣᠰᠣᠯᠳᠠᠯᠠ᠂ ᠳᠡᠭᠡᠷ᠎ᠡ ᠤᠳᠠᠭ᠎ᠠ ᠴᠢᠮ᠎ᠠ ᠵᠢ ᠶᠤᠰᠤᠳᠠᠢ ᠨᠢᠭᠡ ᠮᠠᠭᠤᠬᠠᠢ ᠬᠢᠯᠢᠰᠳᠡᠭᠦᠯᠵᠡᠶ᠂ ᠠᠭᠤᠴᠢᠯᠠᠭᠠᠷᠠᠶ
! ᠬᠠᠪᠤᠷ ᠪᠤᠯᠪᠠᠯ ᠳᠡᠭᠦᠦᠳᠡᠢ
ᠮᠢᠨᠢ ᠮᠠᠨ᠎ᠤ ᠭᠡᠷ᠎ᠲᠤ ᠠᠢᠯᠴᠢᠯᠠᠬᠤ᠎ᠶ᠋ᠢ ᠤᠭ᠍ᠲᠤᠵᠤ ᠪᠠᠢᠨ᠎ᠠ᠂ ᠪᠢ ᠴᠢᠮ᠎ᠠ᠎ᠳᠤ ᠶᠠᠭᠠᠬᠢᠵᠦ᠍ ᠵᠤᠭᠤᠰ ᠲᠠᠷᠢᠬᠤ᠎ᠶ᠋ᠢ
ᠵᠢᠭᠠᠵᠤ ᠥᠭ᠌ᠬᠦᠶᠡ᠂ ᠪᠢᠳᠡ ᠬᠠᠮᠲᠤ᠎ᠪᠠᠷ ᠵᠣᠭᠤᠰ ᠲᠠᠢ ᠪᠤᠯᠤᠶ᠎ᠠ᠃ ᠤᠬᠠᠭᠠᠨ ᠦᠭᠡᠢ ᠠᠬ᠎ᠠ ᠨᠢ ᠠᠭᠤᠴᠢᠯᠠᠯ
ᠬᠦᠰᠡᠵᠦ᠍ ᠪᠠᠢᠨ᠎ᠠ᠃
ᠵᠤᠭᠤᠰ
ᠲᠠᠷᠢᠳᠠᠭ ᠪᠦᠵᠦᠩ ᠡᠴᠡ ᠬᠢᠴᠢᠶᠡᠩᠬᠦᠢᠯᠡᠪᠡ᠃
( ᠳᠤᠮᠳᠠᠳᠤ ᠤᠯᠤᠰ᠎ᠤᠨ
ᠪᠠᠭᠠᠴᠤᠳ ᠬᠡᠤᠬᠡᠳ᠎ᠤᠨ ᠤᠷᠠᠨ ᠵᠤᠬᠢᠶᠠᠯ᠎ᠤᠨ ᠰᠦᠯᠵᠢᠶ᠎ᠠ᠎ᠠᠴᠠ ᠨᠠᠢᠷᠠᠭᠤᠯᠤᠨ ᠠᠪᠤᠪᠠ )