ᠰᠤᠷᠭᠠᠭᠤᠯᠢ᠎ᠶ᠋ᠢᠨ ᠬᠦᠷᠢᠶᠡᠨ᠎ᠦ ᠰᠠᠢᠨ ᠰᠠᠢᠬᠠᠨ ᠰᠣᠶᠣᠯ᠎ᠤᠨ
ᠠᠭᠤᠷ ᠠᠮᠢᠰᠭᠤᠯ᠎ᠢ ᠪᠣᠶ ᠪᠣᠯᠭᠠᠨ᠂ ᠰᠤᠷᠤᠭ᠍ᠴᠢᠳ᠎ᠤᠨ ᠬᠢᠴᠢᠶᠡᠯ᠎ᠦᠨ ᠭᠠᠳᠠᠨᠠᠬᠢ ᠠᠮᠢᠳᠤᠷᠠᠯ᠎ᠢ ᠪᠠᠶᠠᠯᠢᠭ᠍ᠵᠢᠭᠤᠯᠵᠤ᠂
ᠤᠯᠠᠮᠵᠢᠯᠠᠯᠳᠤ ᠱᠣᠭ ᠶᠠᠷᠢᠶᠠᠨ᠎ᠤ ᠰᠣᠶᠣᠯ᠎ᠢ ᠵᠠᠯᠭᠠᠮᠵᠢᠯᠠᠬᠤ᠎ᠶ᠋ᠢᠨ ᠲᠥᠯᠥᠭᠡ᠂ᠪᠠᠭᠠᠷᠢᠨ ᠪᠠᠷᠠᠭᠤᠨ ᠬᠤᠰᠢᠭᠤᠨ᠎ᠤ
ᠳ᠋ᠠᠪᠠᠨ᠎ᠤ ᠮᠤᠩᠭᠤᠯ ᠦᠨᠳᠦᠰᠦᠲᠡᠨ᠎ᠤ ᠲᠤᠷᠰᠢᠯᠳᠠ ᠵᠢᠨ ᠪᠠᠭ᠎ᠠ ᠰᠤᠷᠭᠠᠭᠤᠯᠢ ᠨᠢ 11 ᠰᠠᠷ᠎ᠠ ᠵᠢᠨ 25᠎ᠤ᠋ ᠡᠳᠦᠷ 《ᠰᠤᠨᠤᠷ᠎ᠤᠨ ᠰᠤᠷᠢᠨᠵᠢᠨ》 ᠱᠣᠭ ᠶᠠᠷᠢᠶᠠᠨ᠎ᠤ ᠤᠷᠤᠯᠳᠤᠭᠠᠨ
ᠥᠷᠨᠢᠭᠦᠯᠪᠡ᠃

ᠤᠷᠤᠯᠳᠤᠭᠠᠨ᠎ᠳᠤ᠂ ᠳᠥᠷᠪᠡ᠎ᠡᠴᠡ ᠵᠢᠷᠭᠤᠳᠤᠭᠠᠷ ᠣᠨ᠎ᠤ
ᠰᠤᠷᠤᠭᠴᠢᠳ ᠤᠷᠤᠯᠴᠠᠵᠤ᠂ ᠤᠨᠵᠢᠡᠷ ᠨᠢᠭᠡᠴᠡᠯᠡᠨ ᠤᠷᠤᠯᠳᠤᠪᠠ᠃ ᠤᠷᠤᠯᠳᠤᠭᠠᠨ᠎ᠤ ᠲᠠᠯᠠᠪᠠᠢ᠎ᠳᠤ᠂ ᠰᠤᠷᠤᠭᠴᠢᠳ《ᠬᠤᠪᠢᠷᠠᠯᠳᠠ》 ᠂《ᠰᠠᠢᠨ ᠬᠦᠦ》᠂《ᠵᠢᠷᠭᠠᠯᠳᠤ ᠪᠠᠭᠠᠴᠤᠳ》᠂《ᠲᠠᠷᠤᠭ᠎ᠠ ᠵᠢᠨ ᠰᠤᠷᠤᠯᠴᠠᠯᠭ᠎ᠠ》᠂《 ᠪᠢ ᠠᠩᠬᠢ ᠨᠡᠢᠳᠡ᠎ᠳᠤ
ᠪᠡᠨ ᠬᠠᠢᠷᠠᠳᠠᠢ》᠂《 ᠪᠠᠭᠰᠢ᠎ᠳᠤ ᠪᠡᠨ ᠡᠷᠬᠦᠬᠦ
ᠨᠠᠨᠳᠢᠨ ᠪᠡᠯᠡᠭ》᠂《 ᠠᠭᠤᠴᠢᠯᠠᠭᠠᠷᠠᠢ》 ᠵᠡᠷᠭᠡ ᠤᠯᠠᠨ ᠰᠠᠢᠬᠠᠨ
ᠠᠭᠤᠯᠭ᠎ᠠ ᠪᠦᠬᠦᠢ ᠱᠤᠭ ᠶᠠᠷᠢᠶ᠎ᠠ ᠪᠠᠨ ᠲᠤᠭᠯᠠᠪᠠ᠃ ᠲᠤᠬᠯᠠᠯᠳᠠ ᠨᠢ ᠦᠵᠡᠭᠴᠢᠳ᠎ᠤᠨ ᠠᠩᠬᠠᠷᠤᠯ᠎ᠢ ᠶᠡᠭᠡᠳᠡ ᠲᠠᠲᠠᠵᠤ᠂
ᠨᠢᠵᠢᠭᠢᠨᠡᠭᠰᠡᠨ ᠠᠯᠠᠭ᠎ᠠ ᠲᠠᠰᠢᠯᠳᠠ᠂ ᠤᠤᠬᠠᠢᠯᠠᠨ ᠬᠠᠰᠭᠢᠷᠬᠤ ᠲᠠᠭᠤᠨ ᠲᠠᠰᠤᠷᠠᠯᠳᠠ ᠦᠬᠡᠢ ᠦᠷᠬᠦᠯᠵᠢᠯᠡᠵᠦ
ᠪᠠᠢᠯ᠎ᠠ᠃

ᠬᠤᠷᠴᠠ ᠰᠢᠷᠦᠬᠦᠨ ᠦᠷᠢᠰᠦᠯᠳᠦᠬᠡᠨᠵᠢᠡᠷ ᠲᠠᠮᠵᠢᠨ ᠬᠠᠮᠤᠭ
ᠰᠡᠬᠦᠯ᠎ᠳᠤ᠂ ᠳᠥᠷᠪᠡᠳᠦᠭᠡᠷ ᠣᠨ᠎ᠤ ᠳᠤᠭᠤᠢᠯᠠᠩ᠎ᠳᠤ 4.3 ᠠᠩᠭᠢ ᠵᠢᠨ ᠴᠢᠩᠳᠠᠱ᠌ᠢ᠂ ᠠᠷᠢᠭᠤᠨᠵᠠᠶᠠᠭ᠎ᠠ᠂ ᠲᠠᠪᠤᠳᠤᠭᠠᠷ
ᠣᠨ᠎ᠤ ᠳᠤᠭᠤᠢᠯᠠᠩ᠎ᠳᠤ 5.1
ᠠᠩᠭᠢ ᠵᠢᠨ ᠡᠩᠬᠡᠵᠢᠨ᠂
ᠰᠠᠨᠢᠴᠢᠷ᠂ ᠠᠵᠠᠵᠠᠶᠠᠭ᠎ᠠ᠂ ᠵᠢᠷᠭᠤᠳᠤᠭᠠᠷ ᠣᠨ᠎ᠤ ᠳᠤᠭᠤᠢᠯᠠᠩ᠎ᠳᠤ 6.4 ᠠᠩᠬᠢ᠎ᠵᠢᠨ ᠬᠠᠨᠢ᠂ ᠨᠢᠩᠵᠢᠨ ᠲᠤᠰ ᠲᠤᠰ ᠲᠡᠷᠢᠬᠦᠯᠡᠪᠡ᠃
ᠡᠨᠡ ᠬᠦ᠌ ᠤᠷᠤᠯᠳᠤᠭᠠᠨ᠎ᠨᠢ ᠰᠤᠷᠤᠭᠴᠢᠳ᠎ᠲᠤ ᠤᠷ᠎ᠠ ᠠᠪᠢᠶᠠᠰᠵᠢᠡᠨ
ᠪᠠᠳᠠᠷᠠᠭᠤᠯᠬᠤ ᠲᠠᠪᠴᠠᠩ ᠬᠠᠩᠭᠠᠨ ᠥᠭ᠌ᠬᠦᠭᠰᠡᠨᠵᠢᠡᠷ ᠪᠠᠷᠠᠬᠤ ᠦᠬᠡᠢ ᠰᠤᠷᠤᠭᠴᠢᠳ ᠲᠤᠭᠯᠠᠯᠳᠠ ᠪᠡᠷ ᠲᠠᠮᠵᠢᠨ
ᠱᠣᠭ ᠶᠠᠷᠢᠶᠠᠨ᠎ᠤ ᠷᠢᠳᠢ ᠱᠢᠳᠢ᠎ᠶ᠋ᠢ ᠮᠡᠳᠡᠷᠡᠵᠦ᠂ ᠶᠠᠷᠢᠵᠤ ᠢᠯᠡᠳᠭᠡᠬᠦ᠌ ᠴᠢᠳᠠᠪᠤᠷᠢ ᠪᠠ ᠴᠡᠭᠡᠵᠢᠯᠡᠬᠦ᠌ ᠴᠢᠳᠠᠪᠤᠷᠢ
ᠪᠡᠨᠲᠠᠪᠲᠠᠨ ᠪᠣᠯᠪᠠᠰᠤᠷᠠᠭᠤᠯᠵᠤ᠂ ᠵᠤᠭ᠎ᠠ ᠴᠡᠩᠭᠡᠯ᠎ᠦᠨ ᠳᠤᠮᠳᠠ ᠮᠡᠳᠡᠯᠭᠡ ᠮᠡᠷᠭᠡᠵᠢᠯ ᠡᠵᠡᠮᠰᠢᠵᠡᠭᠡᠯᠠ᠃
— ᠨᠢᠩᠵᠢᠨ ᠪᠢᠳᠡ ᠬᠤᠶᠠᠷ 《ᠵᠢᠷᠭᠠᠯᠳᠤ ᠪᠠᠭᠠᠴᠤᠳ》 ᠬᠡᠬᠦ ᠱᠤᠭ ᠶᠠᠷᠢᠶ᠎ᠠ
ᠵᠢ ᠶᠠᠷᠢᠵᠤ᠂ ᠰᠠᠨᠠᠭᠠᠨ ᠡᠴᠡ ᠭᠠᠳᠠᠭᠤᠷ ᠲᠡᠷᠢᠬᠦᠯᠡᠭᠰᠡᠨ ᠬᠡᠵᠤ 6.4 ᠠᠩᠬᠢ᠎ᠵᠢᠨ ᠬᠠᠨᠢ ᠪᠠᠶᠠᠷᠳᠠᠢᠬᠠᠨ ᠪᠠᠢᠯ᠎ᠠ᠃
— ᠤᠷᠤᠯᠳᠤᠭᠠᠨ ᠡᠴᠡ ᠡᠮᠦᠨ᠎ᠠ ᠪᠠᠭᠰᠢ ᠪᠢᠳᠡᠨ᠎ᠳᠤ ᠪᠡᠯᠡᠳᠭᠡᠯ
ᠪᠤᠯᠪᠠᠰᠤᠷᠠᠯ ᠵᠢᠴᠢ ᠲᠠᠢᠰᠠᠨ᠎ᠳᠤ ᠭᠠᠷᠴᠤ ᠭᠡᠷᠬᠢᠨ ᠲᠤᠬᠯᠠᠬᠤ ᠠᠷᠭ᠎ᠠ᠎ᠵᠢ ᠵᠢᠭᠠᠵᠤ ᠦᠭᠬᠦᠬᠰᠡᠨ ᠬᠡᠵᠤ 5.1 ᠠᠩᠬᠢ᠎ᠵᠢᠨ ᠰᠠᠨᠢᠴᠢᠷ
ᠡᠷᠬᠢᠴᠡᠬᠦᠯᠦᠨ᠎ᠠ᠃
— ᠲᠤᠰ ᠤᠳᠠᠭᠠᠨ᠎ᠤ ᠱᠣᠭ ᠶᠠᠷᠢᠶᠠᠨ᠎ᠤ ᠤᠷᠤᠯᠳᠤᠭᠠᠨ ᠠᠮᠵᠢᠯᠳᠠ
ᠲᠦᠬᠦᠷᠡᠩ ᠶᠠᠪᠤᠭᠳᠠᠵᠤ᠂ ᠪᠠᠭᠠᠴᠤᠳ ᠬᠡᠦᠬᠡᠳ᠎ᠲᠤ ᠤᠶᠤᠨ᠎ᠤ ᠬᠦᠷᠳᠡᠭᠡᠯ ᠪᠤᠯᠤᠭᠰᠠᠨ ᠰᠠᠢᠬᠠᠨ ᠤᠷᠤᠯᠳᠤᠭᠠᠨ ᠪᠤᠯᠵᠠᠢ᠃
ᠮᠠᠨ᠎ᠤ ᠰᠤᠷᠭᠠᠭᠤᠯᠢ 《ᠰᠤᠨᠤᠷ᠎ᠤᠨ ᠰᠤᠷᠢᠨᠵᠢᠨ》 ᠱᠣᠭ ᠶᠠᠷᠢᠶᠠᠨ᠎ᠤ ᠤᠷᠤᠯᠳᠤᠭᠠᠨᠵᠢᠡᠨ
ᠬᠤᠶᠠᠳᠡᠬᠢ ᠤᠳᠠᠭ᠎ᠠ ᠦᠷᠨᠢᠬᠦᠯᠵᠤ ᠪᠤᠢ᠃ ᠲᠤᠰ ᠤᠳᠠᠭᠠᠨ᠎ᠤ ᠤᠷᠤᠯᠳᠤᠭᠠᠠᠤ ᠠᠭᠤᠯᠭ᠎ᠠ ᠪᠡᠨ ᠴᠠᠭ ᠦᠶ᠎ᠠ᠎ᠵᠢᠨ
ᠤᠨᠴᠠᠯᠢᠭᠲᠤ ᠲᠤᠬᠢᠷᠠᠭᠤᠯᠤᠨ ᠰᠤᠩᠭᠤᠭᠰᠠᠨ ᠶᠤᠮ᠃ ᠪᠠᠭᠰᠢ᠂ ᠰᠤᠷᠤᠭᠴᠢ᠂ ᠭᠡᠷ᠎ᠤᠨ ᠠᠬᠠᠮᠠᠳ ᠬᠠᠮᠵᠢᠯᠴᠠᠨ ᠱᠤᠭ
ᠶᠠᠷᠢᠶᠠᠨ᠎ᠤ ᠠᠭᠤᠯᠭ᠎ᠠ ᠵᠢ ᠡᠷᠢᠵᠤ᠂ ᠬᠡᠦᠬᠡᠳ᠎ᠤᠳ ᠮᠠᠰᠢ ᠢᠳᠡᠪᠬᠢᠳᠡᠢ ᠤᠷᠤᠯᠴᠠᠭᠰᠠᠨ ᠨᠢ ᠪᠠᠶᠠᠷᠯᠠᠭᠤᠰᠢᠳᠠᠢ
ᠤᠴᠢᠷ ᠡ ᠬᠡᠵᠤ ᠲᠤᠰ ᠬᠦᠳᠡᠯᠭᠡᠭᠡᠨ᠎ᠤ ᠵᠤᠬᠢᠶᠠᠨ ᠪᠠᠢᠭᠤᠯᠤᠭᠴᠢ᠂ ᠰᠤᠷᠭᠠᠭᠤᠯᠢ᠎ᠶᠢᠨ ᠬᠢᠴᠢᠶᠡᠯ ᠬᠦᠮᠦᠵᠢᠯ᠎ᠤᠨ
ᠡᠷᠭᠢᠯᠡᠭᠴᠢ ᠵᠢᠨ ᠷᠦᠩ ᠪᠠᠭᠰᠢ ᠶᠠᠷᠢᠨ᠎ᠠ᠃