ᠤᠷᠮᠠᠰᠢᠭᠤᠯᠤᠨ ᠳᠠᠪᠰᠢᠭᠤᠯᠳᠠᠭ 《ᠤᠯᠠᠭᠠᠨ ᠪᠦᠴᠡᠳᠡᠨ᠎ᠤ ᠬᠦᠬᠢᠭᠦᠯᠦᠯ》
2022-01-21 09:19:08
ᠵᠣᠬᠢᠶᠠᠭ᠍ᠴᠢ᠄
​ᠨᠠᠨᠳᠢᠨ
ᠣᠩᠱᠢᠭ᠍ᠰᠠᠨ ᠣᠳᠠᠭ᠎ᠠ᠄
★★★☆☆

《ᠨᠠᠮ᠎ᠤᠨ ᠲᠦᠪ ᠬᠤᠷᠢᠶᠠᠨ᠎ᠤ ᠰᠢᠨ᠎ᠠ ᠴᠠᠭ ᠦᠶ᠎ᠡ᠎ᠶᠢᠨ ᠪᠠᠭᠠᠴᠤᠳ᠎ᠤᠨ ᠬᠤᠰᠢᠭᠤᠴᠢ ᠠᠩᠬᠢ᠎ᠶᠢᠨ ᠠᠵᠢᠯ᠎ᠢ ᠪᠦᠬᠦ ᠳᠠᠯ᠎ᠠ ᠪᠡᠷ ᠴᠢᠩᠭᠠᠳᠬᠠᠬᠤ ᠲᠤᠬᠠᠢ ᠰᠠᠨᠠᠯ》 ᠵᠢᠴᠢ 《ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠱᠠᠳᠤᠯᠵᠢᠨ ᠮᠠᠶᠢᠭ᠎ᠤᠨ ᠤᠷᠮᠠᠰᠢᠭᠤᠯᠬᠤ ᠰᠢᠰᠲᠸᠮ᠎ᠢ ᠪᠠᠢᠭᠤᠯᠤᠨ ᠬᠤᠰᠢᠭᠤᠴᠢ ᠠᠩᠬᠢ᠎ᠶᠢᠨ ᠭᠡᠰᠢᠭᠦᠳ᠎ᠤᠨ ᠢᠷᠠᠭᠤ ᠠᠯᠳᠠᠷᠳᠤ ᠰᠡᠳᠬᠢᠯᠭᠡ ᠵᠢ ᠨᠡᠮᠡᠭᠳᠡᠭᠦᠯᠬᠦ ᠳᠤᠬᠠᠢ ᠬᠡᠷᠡᠭᠵᠢᠬᠦᠯᠬᠦ ᠲᠦᠰᠦᠪ》᠎ᠤ᠋ᠨ ᠵᠤᠷᠢᠭ ᠰᠠᠨᠠᠭ᠎ᠠ ᠵᠢ ᠲᠤᠭᠤᠱ᠌ᠢᠯᠠᠭᠤᠯᠤᠨ ᠨᠠᠢᠳᠠᠪᠤᠷᠢᠵᠢᠭᠤᠯᠬᠤ᠎ᠶᠢᠨ ᠲᠦᠯᠦᠭᠡ ᠮᠠᠨ᠎ᠤ ᠤᠷᠤᠨ᠎ᠤ ᠡᠯ᠎ᠡ ᠳᠤᠮᠳᠠᠳᠤ ᠪᠠᠭ᠎ᠠ ᠰᠤᠷᠭᠠᠭᠤᠯᠢ《ᠤᠯᠠᠭᠠᠨ ᠪᠦᠴᠡᠳᠡᠨ᠎ᠤ ᠬᠦᠬᠢᠭᠦᠯᠦᠯ》᠎ᠤ᠋ᠨ ᠠᠵᠢᠯᠯᠠᠭ᠎ᠠ ᠵᠢ ᠡᠷᠴᠢᠮᠳᠡᠢ ᠶᠠᠪᠤᠭᠳᠠᠭᠤᠯᠵᠤ ᠪᠠᠢᠳᠠᠭ᠃《ᠤᠯᠠᠭᠠᠨ ᠪᠦᠴᠡᠳᠡᠨ᠎ᠤ ᠬᠦᠬᠢᠭᠦᠯᠦᠯ》 ᠳ᠋ᠤ ᠨᠡᠢᠳᠡ ᠭᠤᠷᠪᠠᠨ ᠵᠦᠢᠯ᠎ᠤᠨ ᠱᠠᠩᠨᠠᠯ᠎ᠤᠨ ᠲᠦᠷᠦᠯ ᠪᠠᠢᠳᠠᠭ᠃ ᠳᠠᠷᠤᠢ᠂ ᠦᠨᠳᠦᠰᠦᠨ ᠬᠦᠬᠢᠬᠦᠯᠦᠯ᠎ᠤᠨ ᠳᠡᠮᠳᠡᠭ᠂ ᠤᠨᠴᠠᠯᠢᠭᠳᠤ ᠬᠦᠬᠢᠬᠦᠯᠦᠯ᠎ᠤᠨ ᠳᠡᠮᠳᠡᠭ᠂ ᠤᠳᠤᠳᠤ ᠬᠦᠬᠢᠬᠦᠯᠦᠯ᠎ᠤᠨ ᠳᠡᠮᠳᠡᠭ ᠪᠤᠯᠤᠨ᠎ᠠ᠃ ᠡᠨᠡ ᠬᠦ᠌ ᠠᠵᠢᠯᠯᠠᠭ᠎ᠠ ᠨᠢ ᠦᠰᠪᠦᠷᠢ᠎ᠶᠢᠨ ᠬᠡᠤᠬᠡᠳ ᠲᠸ᠋ ᠤᠬᠠᠭᠠᠨ ᠵᠢᠭᠠᠳᠠᠭ᠂ ᠤᠷᠮᠠᠰᠢᠭᠤᠯᠤᠨ ᠲᠠᠪᠰᠢᠭᠤᠯᠳᠠᠭ ᠤᠳᠬ᠎ᠠ ᠬᠦᠨ ᠠᠵᠢᠯᠯᠠᠭ᠎ᠠ ᠪᠤᠯᠤᠬᠰᠠᠨ ᠶᠤᠮ᠃


ᠡᠯᠪᠡᠭ ᠠᠭᠤᠯᠭ᠎ᠠ ᠲᠠᠢ ᠦᠨᠳᠦᠰᠦᠨ ᠬᠦᠬᠢᠭᠦᠯᠦᠯ᠎ᠤᠨ ᠳᠡᠮᠳᠡᠭ

ᠦᠨᠳᠦᠰᠦᠨ ᠬᠦᠬᠢᠭᠦᠯᠦᠯ᠎ᠤᠨ ᠳᠡᠮᠳᠡᠭ ᠪᠤᠯ 《ᠤᠯᠠᠭᠠᠨ ᠪᠦᠴᠡᠳᠡᠨ᠎ᠤ ᠬᠦᠬᠢᠭᠦᠯᠦᠯ》 ᠎ᠤ᠋ᠨ ᠵᠠᠪᠠᠯ ᠦᠷᠢᠰᠦᠯᠳᠦᠬᠦ ᠳᠡᠮᠳᠡᠭ ᠪᠤᠯᠤᠨ᠎ᠠ᠃ ᠳᠡᠭᠦᠨ ᠳ᠋ᠤ ᠭᠤᠷᠪᠠᠨ ᠶᠡᠬᠡ ᠳᠦᠷᠦᠯ᠎ᠤᠨ ᠳᠦᠷᠪᠡᠨ ᠵᠢᠵᠢᠭ ᠬᠤᠪᠢᠶᠠᠷᠢ ᠲᠠᠢ ᠨᠡᠢᠳᠡ 12 ᠳᠡᠮᠳᠡᠭ ᠪᠠᠢᠳᠠᠭ᠃

ᠤᠯᠠᠭᠠᠨᠬᠠᠳᠠ ᠬᠤᠳᠠ᠎ᠶᠢᠨ ᠬᠤᠩᠱᠠᠨ ᠳᠤᠭᠤᠷᠢᠭ᠎ᠤᠨ ᠠᠷᠪᠠᠨ ᠨᠢᠭᠡᠳᠦᠭᠡᠷ ᠪᠠᠭ᠎ᠠ ᠰᠤᠷᠭᠠᠭᠤᠯᠢ ᠨᠢ ᠤᠢᠷ᠎ᠠ᠎ᠳᠦ《ᠤᠯᠠᠭᠠᠨ ᠪᠦᠴᠡᠳᠡᠨ᠎ᠤ ᠬᠦᠬᠢᠭᠦᠯᠦᠯ》ᠤ᠋ᠨ ᠦᠨᠳᠦᠰᠦᠨ 12 ᠳᠡᠮᠳᠡᠭ ᠲᠤᠳᠤᠷᠠᠬᠢ《ᠪᠢᠴᠢᠬᠠᠨ ᠡᠵᠡᠨ》 ᠳᠡᠮᠳᠡᠭ ᠦᠷᠢᠰᠦᠯᠳᠦᠬᠦ ᠠᠵᠢᠯᠯᠠᠭ᠎ᠠ ᠵᠢ ᠡᠷᠴᠢᠮᠳᠡᠢ ᠦᠷᠨᠢᠭᠦᠯᠵᠡᠢ᠃

— ᠪᠢ ᠬᠢᠴᠢᠶᠡᠯ᠎ᠤᠨ ᠵᠠᠪᠰᠠᠷᠯᠠᠭ᠎ᠠ ᠬᠦᠶᠦᠯᠳᠦᠵᠦ ᠨᠤᠴᠤᠯᠳᠤᠬᠤ ᠦᠭᠡᠢ᠂ ᠨᠠᠮ ᠵᠢᠮ᠎ᠢ ᠡᠷᠬᠢᠮᠯᠡᠨ᠎ᠡ᠃  ᠪᠠᠭᠰᠢ ᠲᠠᠢ ᠪᠠᠨ ᠤᠴᠠᠷᠠᠪᠠᠯ ᠶᠤᠰᠤᠷᠬᠠᠭ᠎ᠢᠶᠡᠷ ᠮᠡᠨᠳᠦᠴᠢᠯᠡᠨ᠎ᠡ᠃

ᠪᠠᠭᠠᠴᠤᠳ ᠬᠡᠤᠬᠡᠳ᠎ᠤᠳ ᠵᠢᠵᠢᠭ ᠶᠠᠪᠤᠳᠠᠯ ᠡᠴᠡ ᠭᠠᠷᠳᠠᠨ ᠬᠢᠵᠦ ᠪᠠᠭᠠᠴᠤᠳ᠎ᠤᠨ ᠬᠤᠰᠢᠭᠤᠴᠢ ᠠᠩᠬᠢ᠎ᠶᠢᠨ《ᠪᠢᠴᠢᠬᠠᠨ ᠡᠵᠡᠨ》ᠪᠤᠯᠬᠤ ᠢᠷᠠᠭᠤ ᠠᠯᠳᠠᠷ᠎ᠢᠶᠡᠷ᠎ᠢᠶᠡᠨ ᠪᠠᠬᠠᠳᠤᠨ᠎ᠠ᠃

《ᠤᠯᠠᠭᠠᠨ ᠪᠦᠴᠡᠳᠡᠨ᠎ᠤ ᠬᠦᠬᠢᠭᠦᠯᠦᠯ》᠎ᠤᠨ ᠠᠵᠢᠯᠯᠠᠭ᠎ᠠ ᠰᠤᠷᠭᠠᠭᠤᠯᠢ᠎ᠶᠢᠨ ᠬᠦᠷᠢᠶᠡᠨ᠎ᠳᠦ ᠬᠦᠭᠵᠢᠶᠡᠨᠳᠡᠢ ᠶᠠᠪᠤᠭᠳᠠᠨ ᠪᠠᠭᠠᠴᠤᠳ ᠬᠡᠦᠬᠡᠳ᠎ᠤᠨ ᠤᠷᠮ᠎ᠠ ᠵᠢ ᠰᠡᠷᠭᠦᠭᠡᠵᠦ ᠠᠪᠢᠶᠠᠰ᠎ᠢᠶᠡᠨ ᠪᠠᠳᠠᠷᠠᠭᠤᠯᠬᠤ᠎ᠳᠦ ᠨᠡᠩ ᠤᠯᠠᠨ ᠳᠠᠪᠴᠠᠩ ᠬᠠᠩᠭᠠᠵᠤ ᠪᠠᠢᠳᠠᠭ᠃

— ᠮᠠᠨ᠎ᠤ ᠠᠩᠬᠢ ᠨᠤᠮ ᠳᠠᠨᠢᠯᠴᠠᠭᠤᠯᠬᠤ ᠠᠵᠢᠯᠯᠠᠭ᠎ᠠ ᠪᠡᠷ ᠳᠠᠮᠵᠢᠨ 《ᠬᠦᠰᠡᠯᠡᠩᠳᠦ》ᠳᠡᠮᠳᠡᠭ᠎ᠢ ᠦᠷᠢᠰᠦᠯᠳᠦᠯ᠎ᠠ᠃ ᠪᠢᠳᠡ ᠤᠩᠰᠢᠬᠤ ᠳᠤᠷᠠᠳᠠᠢ ᠨᠤᠮ᠎ᠢᠶᠡᠨ ᠬᠠᠷᠢᠯᠴᠠᠨ ᠳᠠᠨᠢᠯᠴᠠᠭᠤᠯᠵᠤ ᠶᠡᠬᠡ ᠤᠯᠠᠨ ᠮᠡᠳᠡᠯᠭᠡ ᠵᠢ ᠤᠯᠵᠤ ᠰᠤᠷᠤᠭᠰᠠᠨ᠃ ᠪᠢ ᠰᠡᠭᠦᠯᠡᠷ ᠠᠩᠬᠢ᠎ᠶᠢᠨ᠎ᠢᠶᠡᠨ ᠳᠡᠮᠳᠡᠭ ᠦᠷᠢᠰᠦᠯᠳᠦᠬᠦ ᠠᠵᠢᠯᠯᠠᠭᠠᠨ᠎ᠳᠦ ᠢᠳᠡᠪᠬᠢᠳᠡᠢ ᠤᠷᠤᠯᠴᠠᠵᠤ᠂ ᠤᠯᠠᠨ ᠳᠡᠮᠳᠡᠭ ᠤᠯᠬᠤ ᠪᠡᠷ ᠴᠢᠷᠮᠠᠢᠨ᠎ᠠ ᠭᠡᠵᠦ ᠰᠢᠯᠢᠩᠬᠤᠳᠠ᠎ᠶᠢᠨ ᠮᠤᠩᠭᠤᠯ ᠦᠨᠳᠦᠰᠦᠳᠡᠨ᠎ᠤ ᠪᠠᠭ᠎ᠠ ᠰᠤᠷᠭᠠᠭᠤᠯᠢ᠎ᠶᠢᠨ 5.4 ᠠᠩᠬᠢ᠎ᠶᠢᠨ ᠠᠮᠢᠨ᠎ᠠ ᠤᠷᠮᠠᠳᠠᠢ ᠬᠡᠯᠡᠨ᠎ᠡ᠃

— ᠮᠠᠨ᠎ᠤ ᠰᠤᠷᠭᠠᠭᠤᠯᠢ᠎ᠶᠢᠨ 《ᠤᠯᠠᠭᠠᠨ ᠪᠦᠴᠡᠳᠡᠨ᠎ᠤ ᠬᠦᠬᠢᠭᠦᠯᠦᠯ》᠎ᠤ᠋ᠨ ᠠᠵᠢᠯᠯᠠᠭ᠎ᠠ ᠮᠠᠰᠢ ᠬᠦᠷ ᠬᠦᠭᠵᠢᠶᠡᠨ ᠲᠠᠢ ᠶᠠᠪᠤᠭᠳᠠᠵᠤ ᠪᠠᠢᠨ᠎ᠠ᠃ ᠮᠦᠨᠴᠦ ᠰᠤᠷᠤᠭᠴᠢ ᠨᠢᠭᠡᠪᠦᠷᠢ᠎ᠶᠢᠨ ᠢᠳᠡᠪᠬᠢᠵᠢᠯ᠎ᠢ ᠬᠦᠢᠴᠡᠳ ᠳᠠᠢᠴᠢᠯᠠᠨ ᠰᠤᠷᠤᠭᠴᠢᠳ᠎ᠢ ᠤᠷᠮᠠᠰᠢᠭᠤᠯᠬᠤ ᠵᠤᠷᠢᠯᠭ᠎ᠠ᠎ᠳᠦ ᠪᠠᠨ ᠬᠦᠷᠴᠦ ᠴᠢᠳᠠᠵᠠᠢ᠃ ᠬᠤᠢᠰᠢᠳᠠ ᠠᠵᠢᠯᠯᠠᠭ᠎ᠠ ᠪᠠᠨ ᠨᠡᠩ ᠳᠡᠭᠦᠯᠳᠡᠷᠵᠢᠬᠦᠯᠵᠦ ᠰᠤᠷᠤᠭᠴᠢᠳ᠎ᠤᠨ᠎ᠢᠶᠡᠨ ᠰᠤᠷᠤᠯᠭ᠎ᠠ ᠠᠮᠢᠳᠤᠷᠠᠯ᠎ᠳᠦ ᠨᠢ ᠨᠡᠩ ᠤᠯᠠᠨ ᠠᠰᠢᠭ ᠳᠤᠰᠠ ᠵᠢ ᠬᠦᠷᠳᠡᠭᠡᠨ᠎ᠡ ᠭᠡᠵᠦ ᠰᠢᠯᠢᠨᠭᠬᠤᠳᠠ᠎ᠶᠢᠨ ᠮᠤᠩᠭᠤᠯ ᠪᠠᠭ᠎ᠠ ᠰᠤᠷᠭᠠᠭᠤᠯᠢ᠎ᠶᠢᠨ ᠶᠡᠬᠡ ᠠᠩᠬᠢ᠎ᠶᠢᠨ ᠵᠢᠯᠤᠭᠤᠳᠤᠭᠴᠢ ᠪᠠᠭᠰᠢ  ᠱ᠌ᠢᠷᠦᠨᠨᠠᠪᠴᠢ  ᠶᠠᠷᠢᠯ᠎ᠠ᠃


ᠤᠷᠮ᠎ᠠ ᠵᠢ ᠰᠡᠷᠭᠦᠭᠡᠳᠡᠭ ᠤᠨᠴᠠᠯᠢᠭᠳᠤ ᠬᠦᠬᠢᠬᠦᠯᠦᠯ᠎ᠤᠨ ᠳᠡᠮᠳᠡᠭ

ᠤᠨᠴᠠᠯᠢᠭᠳᠤ ᠬᠦᠬᠢᠭᠦᠯᠦᠯ᠎ᠤᠨ ᠳᠡᠮᠳᠡᠭ ᠪᠤᠯ《ᠤᠯᠠᠭᠠᠨ ᠪᠦᠴᠡᠳᠡᠨ᠎ᠤ ᠬᠦᠬᠢᠭᠦᠯᠦᠯ》ᠤ᠋ᠨ ᠰᠤᠩᠭᠤᠨ ᠦᠷᠢᠰᠦᠯᠳᠦᠬᠦ ᠳᠡᠮᠳᠡᠭ ᠪᠠᠢᠵᠤ᠂ ᠦᠨᠳᠦᠰᠦᠨ ᠬᠦᠬᠢᠬᠦᠯᠦᠯ᠎ᠤᠨ ᠳᠡᠮᠳᠡᠭ᠎ᠤᠨ ᠪᠦᠳᠦᠮᠵᠢᠳᠡᠢ ᠨᠦᠬᠦᠪᠦᠷᠢ ᠪᠤᠯᠳᠠᠭ᠃

ᠳᠦᠷᠦᠭᠦᠬᠡᠨ᠂ ᠬᠢᠵᠢᠭ᠎ᠤᠨ ᠨᠦᠯᠦᠭᠡᠯᠡᠯ ᠳᠤᠤᠷ᠎ᠠ ᠰᠦᠯᠵᠢᠶᠡᠨ ᠬᠢᠴᠢᠶᠡᠯ ᠤᠷᠤᠵᠤ ᠪᠠᠢᠭᠰᠠᠨ ᠠᠯᠠᠱᠠ ᠵᠡᠭᠦᠨ ᠬᠤᠰᠢᠭᠤᠨ᠎ᠤ ᠬᠤᠶᠠᠳᠤᠭᠠᠷ ᠳᠤᠷᠰᠢᠯᠳᠠ᠎ᠶᠢᠨ ᠪᠠᠭ᠎ᠠ ᠰᠤᠷᠭᠠᠭᠤᠯᠢ ᠨᠢ《ᠤᠯᠠᠭᠠᠨ ᠪᠦᠴᠡᠳᠡᠨ᠎ᠤ ᠬᠦᠬᠢᠭᠦᠯᠦᠯ》ᠤ᠋ᠨ ᠤᠨᠴᠠᠯᠢᠭᠳᠤ ᠬᠦᠬᠢᠭᠦᠯᠦᠯ᠎ᠤᠨ ᠳᠡᠮᠳᠡᠭ — 《ᠪᠢᠴᠢᠬᠠᠨ ᠮᠤᠩᠭᠤᠯ ᠮᠤᠷᠢ》ᠳᠡᠮᠳᠡᠭ᠎ᠢ ᠦᠷᠢᠰᠦᠯᠳᠦᠬᠦ ᠠᠵᠢᠯᠯᠠᠭ᠎ᠠ ᠪᠠᠨ ᠰᠦᠯᠵᠢᠶᠡᠨ ᠳᠡᠭᠡᠷ᠎ᠡ ᠦᠷᠨᠢᠭᠦᠯᠵᠡᠢ᠃ ᠡᠭᠦᠨ᠎ᠢᠶᠡᠷ ᠳᠠᠮᠵᠢᠨ ᠰᠤᠷᠤᠭᠴᠢᠳ᠎ᠤᠨ ᠬᠢᠵᠢᠭ᠎ᠢ ᠡᠰᠡᠷᠭᠦᠴᠡᠬᠦ ᠮᠡᠳᠡᠯᠭᠡ ᠵᠢ ᠡᠵᠡᠮᠰᠢᠬᠦ᠂ ᠡᠮᠦᠨ᠎ᠡ ᠹᠷᠤᠨᠲ᠎ᠲᠦ ᠪᠠᠢᠭ᠎ᠠ ᠠᠵᠢᠯᠳᠠᠳ᠎ᠲᠦ ᠳᠠᠯᠠᠷᠬᠠᠯ᠎ᠢᠶᠡᠨ ᠢᠯᠡᠳᠬᠡᠬᠦ᠂ ᠠᠮᠢᠳᠤᠷᠠᠯ ᠰᠤᠷᠤᠯᠭ᠎ᠠ ᠪᠠᠨ ᠵᠤᠬᠢᠰᠳᠠᠢ ᠳᠤᠬᠢᠷᠠᠭᠤᠯᠬᠤ᠂ ᠠᠵᠢᠯ ᠬᠦᠳᠡᠯᠮᠦᠷᠢ᠎ᠳᠦ ᠢᠳᠡᠪᠬᠢᠳᠡᠢ ᠤᠷᠤᠯᠴᠠᠬᠤ ᠵᠢ ᠲᠠᠢᠴᠢᠯᠠᠭᠰᠠᠨ ᠪᠠᠢᠨ᠎ᠠ᠃

ᠪᠢ ᠬᠢᠵᠢᠭ᠎ᠢ ᠡᠰᠡᠷᠭᠦᠴᠡᠬᠦ ᠭᠤᠤᠯ ᠰᠡᠳᠦᠪᠳᠦ ᠭᠠᠷ ᠪᠢᠴᠢᠮᠡᠯ ᠰᠤᠨᠢᠨ ᠵᠢᠷᠤᠯ᠎ᠠ᠂ ᠪᠢ ᠡᠵᠢ ᠲᠠᠢ ᠪᠠᠨ ᠬᠠᠮᠳᠤ ᠳᠡᠷᠭᠡ ᠪᠠᠨ ᠤᠬᠢᠶᠠᠯ᠎ᠠ᠂ ᠪᠢ ᠳᠡᠭᠡᠰᠦ ᠦᠰᠦᠷᠦᠯ᠎ᠠ᠂ ᠪᠢ ᠡᠮᠡᠭᠡ ᠪᠠᠨ ᠬᠠᠮᠵᠢᠵᠤ ᠪᠠᠩᠰᠢ ᠪᠠᠷᠢᠯ᠎ᠠ᠂ ᠪᠢ ᠤᠷᠠᠨ ᠪᠢᠴᠢᠯᠭᠡ ᠪᠤᠯᠪᠠᠰᠤᠷᠠᠯ᠎ᠠ ᠁ ᠦᠩᠭᠡ᠎ᠶᠢᠨ ᠴᠡᠴᠡᠭ ᠮᠢᠷᠠᠯᠵᠠᠨ ᠳᠡᠯᠭᠡᠷᠡᠭᠰᠡᠨ ᠭᠡᠮᠡᠷ ᠦᠯᠢᠭᠡᠷ ᠲᠠᠢ ᠤᠯᠠᠨ ᠰᠡᠭᠦᠳᠡᠷ ᠡᠴᠡ ᠪᠢᠴᠢᠬᠠᠨ ᠨᠠᠢᠵᠠ ᠨᠠᠷ᠎ᠤᠨ ᠤᠷᠭᠢᠯᠤᠮ᠎ᠠ ᠰᠡᠳᠬᠢᠯᠭᠡ᠂ ᠦᠭᠡᠳᠡᠯᠡᠨ ᠳᠠᠪᠰᠢᠬᠤ᠎ᠶᠢᠨ ᠰᠢᠨᠵᠢ ᠪᠦᠷᠢᠨ ᠬᠠᠷᠠᠭᠳᠠᠨ᠎ᠠ᠃

ᠤᠨᠴᠠᠯᠢᠬᠳᠤ ᠬᠦᠬᠢᠭᠦᠯᠦᠯ᠎ᠤᠨ ᠲᠡᠮᠳᠡᠭ ᠨᠢ ᠢᠩᠬᠢᠵᠦ ᠰᠤᠷᠭᠠᠭᠤᠯᠢ᠎ᠶᠢᠨ ᠡᠳᠦᠷ ᠳᠤᠳᠤᠮ᠎ᠤᠨ ᠵᠢᠭᠠᠨ ᠰᠤᠷᠭᠠᠯᠳᠠ ᠪᠠ ᠦᠨᠡᠯᠡᠨ ᠵᠤᠷᠢᠭᠵᠢᠭᠤᠯᠬᠤ ᠴᠢᠬᠤᠯᠠ ᠠᠷᠭ᠎ᠠ ᠬᠡᠮᠵᠢᠶ᠎ᠡ ᠪᠤᠯᠵᠤ᠂ ᠬᠤᠰᠢᠭᠤᠴᠢ ᠠᠩᠬᠢ᠎ᠶᠢᠨ ᠭᠡᠰᠢᠭᠦᠳ᠎ᠤᠨ ᠬᠠᠷᠢᠭᠤᠴᠠᠯᠭᠠᠳᠤ ᠰᠡᠳᠬᠢᠯᠭᠡ ᠵᠢ ᠦᠨᠡᠨᠬᠦ ᠨᠡᠮᠡᠭᠳᠡᠭᠦᠯᠵᠦ ᠪᠠᠢᠭ᠎ᠠ ᠶᠤᠮ᠃


ᠤᠯᠠᠭᠠᠨ ᠪᠦᠴᠡᠳᠡᠨ᠎ᠤ ᠪᠠᠬᠠᠷᠬᠠᠯ ᠤᠳᠤᠳᠤ ᠬᠦᠬᠢᠭᠦᠯᠦᠯ᠎ᠤᠨ ᠳᠡᠮᠳᠡᠭ

ᠤᠳᠤᠳᠤ ᠤᠳᠤᠳᠤ ᠬᠦᠬᠢᠭᠦᠯᠦᠯ᠎ᠤᠨ ᠳᠡᠮᠳᠡᠭ ᠪᠤᠯ《ᠤᠯᠠᠭᠠᠨ ᠪᠦᠴᠡᠳᠡᠨ᠎ᠤ ᠬᠦᠬᠢᠭᠦᠯᠦᠯ》 ᠲᠤᠳᠤᠷᠠᠬᠢ ᠬᠠᠮᠤᠭ᠎ᠤᠨ ᠢᠷᠠᠭᠤ ᠠᠯᠳᠠᠷᠳᠤ ᠬᠦᠬᠢᠭᠦᠯᠦᠯ᠎ᠤᠨ ᠳᠡᠮᠳᠡᠭ ᠪᠤᠯᠤᠨ᠎ᠠ᠃

ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤᠨ᠎ᠤ ᠨᠢᠭᠡᠳᠦᠭᠡᠷ ᠪᠠᠭ᠎ᠠ ᠰᠤᠷᠭᠠᠭᠤᠯᠢ᠎ᠶᠢᠨ 4.1 ᠠᠩᠬᠢ᠎ᠶᠢᠨ ᠳᠡᠭᠦᠯᠢᠨ ᠪᠤᠯ ᠳᠤᠰ ᠬᠤᠭᠤᠴᠠᠭᠠᠨ᠎ᠤ ᠬᠤᠰᠢᠭᠤᠨ ᠳᠡᠰ᠎ᠤᠨ ᠬᠤᠶᠠᠷ ᠤᠳᠤᠳᠤ ᠳᠡᠮᠳᠡᠭ᠎ᠢ ᠬᠦᠷᠳᠡᠭᠰᠡᠨ ᠰᠢᠯᠢᠳᠡᠭ ᠬᠡᠦᠬᠡᠳ ᠪᠤᠯᠤᠨ᠎ᠠ᠃

— ᠳᠤᠰ ᠬᠤᠭᠤᠴᠠᠭ᠎ᠠ ᠮᠠᠨ᠎ᠤ ᠰᠤᠷᠭᠠᠭᠤᠯᠢ 《ᠤᠯᠠᠭᠠᠨ ᠪᠦᠴᠡᠳᠡᠨ᠎ᠤ ᠬᠦᠬᠢᠭᠦᠯᠦᠯ》᠎ᠤ᠋ᠨ ᠦᠨᠳᠦᠰᠦᠨ 12 ᠳᠡᠮᠳᠡᠭ᠎ᠤᠨ ᠳᠤᠮᠳᠠ ᠡᠴᠡ 《ᠦᠭᠡᠳᠡᠯᠡᠨ ᠳᠠᠪᠰᠢᠭᠴᠢ》᠂ 《ᠪᠢᠴᠢᠬᠠᠨ ᠠᠨᠠᠷ᠎ᠤᠨ ᠦᠷ᠎ᠠ》᠂ 《ᠳᠠᠮᠢᠷᠴᠢᠨ》᠂ 《ᠬᠦᠳᠡᠯᠮᠦᠷᠢᠴᠢᠨ》 ᠭᠡᠬᠦ ᠳᠦᠷᠪᠡᠨ ᠬᠦᠬᠢᠭᠦᠯᠦᠯ᠎ᠤᠨ ᠳᠡᠮᠳᠡᠭ᠎ᠢ ᠰᠤᠩᠭᠤᠵᠤ ᠦᠷᠢᠰᠦᠯᠳᠦᠬᠡᠨ ᠦᠷᠨᠢᠭᠦᠯᠵᠡᠢ᠃ ᠡᠨᠡ ᠳᠦᠷᠪᠡᠨ ᠳᠡᠮᠳᠡᠭ᠎ᠢ ᠪᠦᠬᠦᠨ᠎ᠢ ᠤᠯᠤᠭᠰᠠᠨ ᠰᠤᠷᠤᠭᠴᠢ ᠰᠤᠷᠭᠠᠭᠤᠯᠢ᠎ᠶᠢᠨ ᠳᠡᠰ᠎ᠤᠨ ᠨᠢᠭᠡ ᠤᠳᠤᠳᠤ ᠲᠡᠮᠳᠡᠭ᠎ᠢ ᠬᠦᠷᠳᠡᠨ᠎ᠠ᠃ ᠳᠠᠷᠠᠭ᠎ᠠ ᠨᠢ ᠬᠤᠰᠢᠭᠤᠨ᠎ᠤ ᠰᠢᠯᠭᠠᠷᠠᠭᠤᠯᠤᠯᠳᠠ᠎ᠳᠦ ᠳᠠᠪᠰᠢᠵᠤ᠂ ᠤᠯᠠᠨ ᠳᠠᠯ᠎ᠠ᠎ᠶᠢᠨ ᠦᠨᠡᠯᠡᠯᠳᠡ ᠪᠡᠷ ᠳᠠᠮᠵᠢᠨ ᠬᠤᠶᠠᠷ ᠤᠳᠤᠳᠤ ᠳᠡᠮᠳᠡᠭ ᠬᠦᠷᠳᠡᠬᠦ ᠪᠤᠯᠤᠨ᠎ᠠ᠂ ᠡᠨᠡ ᠪᠤᠯ《ᠤᠯᠠᠭᠠᠨ ᠪᠦᠴᠡᠳᠡᠨ᠎ᠤ ᠬᠦᠬᠢᠬᠦᠯᠦᠯ》 ᠤ᠋ᠨ ᠲᠤᠳᠤᠷᠠᠬᠢ ᠬᠤᠰᠢᠭᠤᠨ ᠲᠡᠰ᠎ᠤᠨ ᠬᠠᠮᠤᠭ᠎ᠤᠨ ᠲᠡᠭᠡᠳᠦ ᠢᠷᠠᠭᠤ ᠠᠯᠳᠠᠷ ᠮᠦᠨ ᠭᠡᠵᠦ ᠰᠤᠷᠭᠠᠭᠤᠯᠢ᠎ᠶᠢᠨ ᠶᠡᠬᠡ ᠠᠩᠬᠢ᠎ᠶᠢᠨ ᠵᠢᠭᠠᠨ ᠵᠢᠯᠤᠭᠤᠳᠤᠭᠴᠢ ᠵᠤᠤ ᠯᠢ ᠬᠤᠩ ᠪᠠᠭᠰᠢ ᠳᠠᠨᠢᠯᠴᠠᠭᠤᠯᠪᠠ᠃

ᠲᠡᠷᠡ ᠤᠯᠠᠨ ᠰᠤᠷᠤᠭᠴᠢᠳ᠎ᠤᠨ ᠳᠤᠮᠳᠠ ᠡᠴᠡ ᠳᠦᠷᠪᠡᠨ ᠬᠦᠬᠢᠭᠦᠯᠦᠯ᠎ᠤᠨ ᠳᠡᠮᠳᠡᠭ᠎ᠢ ᠪᠦᠬᠦᠨ᠎ᠢ ᠦᠷᠢᠰᠦᠯᠳᠦᠨ ᠤᠯᠬᠤ ᠭᠡᠭᠴᠢ ᠬᠢᠯᠪᠠᠷ ᠶᠠᠪᠤᠳᠠᠯ ᠪᠢᠰᠢ ᠠᠵᠠᠢ᠃ 

— ᠪᠢ ᠳᠠᠮᠢᠷ᠎ᠤᠨ ᠤᠷᠤᠯᠳᠤᠭᠠᠨ᠎ᠳᠦ ᠮᠠᠰᠢ ᠤᠯᠠᠨ ᠳᠦᠷᠦᠭᠦᠦ ᠱᠠᠩ ᠤᠯᠤᠭᠰᠠᠨ ᠰᠢᠤ ! ᠨᠠᠢᠵᠠ ᠨᠠᠷ᠎ᠲᠦ ᠪᠠᠨ ᠬᠦᠯ ᠪᠦᠮᠪᠦᠭᠡ ᠢᠰᠭᠦᠯᠬᠦ᠂ ᠳᠡᠭᠡᠰᠦ ᠦᠰᠦᠷᠬᠦ ᠪᠠ ᠨᠤᠮᠤ ᠰᠤᠮᠤ ᠬᠠᠷᠪᠤᠬᠤ ᠵᠡᠷᠭᠡ ᠮᠡᠷᠭᠡᠵᠢᠯ᠎ᠢ ᠵᠢᠭᠠᠵᠤ ᠦᠭᠴᠦ᠂ ᠡᠴᠦᠰ ᠲᠸ᠋ ᠪᠠᠨ《ᠳᠠᠮᠢᠷᠴᠢᠨ》ᠳᠡᠮᠳᠡᠭ᠎ᠢ᠋ ᠤᠯᠤᠯ᠎ᠠ᠃《ᠦᠭᠡᠳᠡᠯᠡᠨ ᠳᠠᠪᠰᠢᠭᠴᠢ》ᠳᠡᠮᠳᠡᠭ᠎ᠢ᠋ ᠤᠯᠬᠤ᠎ᠶᠢᠨ ᠲᠦᠯᠦᠭᠡ ᠰᠤᠷᠭᠠᠭᠤᠯᠢ᠎ᠶᠢᠨ᠎ᠢᠶᠡᠨ ᠤᠯᠠᠭᠠᠨ ᠪᠦᠴᠡᠳᠡᠨ ᠳᠠᠢᠯᠪᠤᠷᠢᠯᠠᠭᠴᠢ ᠪᠤᠯᠵᠠᠢ᠂ ᠳᠡᠭᠡᠭᠡᠳ ᠨᠠᠮ᠎ᠤᠨ ᠳᠡᠦᠬᠡ᠂ ᠰᠢᠨ᠎ᠡ ᠳᠤᠮᠳᠠᠳᠤ ᠤᠯᠤᠰ᠎ᠤᠨ ᠳᠡᠦᠬᠡ᠂ ᠬᠤᠰᠢᠭᠤᠴᠢ ᠠᠩᠬᠢ᠎ᠶᠢᠨ ᠳᠡᠦᠬᠡ ᠵᠡᠷᠭᠡ ᠵᠢ ᠤᠯᠠᠨ ᠴᠡᠭᠡᠵᠢᠯᠡᠭᠰᠡᠨ ᠶᠤᠮ᠃ ᠤᠶᠤᠨ᠎ᠢᠶᠡᠨ ᠰᠤᠷᠢᠨ ᠤᠬᠠᠭᠠᠨ᠎ᠢᠶᠡᠨ ᠳᠡᠯᠡᠵᠦ ᠶᠤᠰᠤᠳᠠᠢ ᠪᠠᠬᠠᠳᠠᠢ ᠭᠡᠵᠦ ᠳᠡᠭᠦᠯᠢᠨ ᠮᠠᠨᠢ 《ᠤᠯᠠᠭᠠᠨ ᠪᠦᠴᠡᠳᠡᠨ᠎ᠤ ᠬᠦᠬᠢᠭᠦᠯᠦᠯ》 ᠤ᠋ᠨ᠎ᠢᠶᠡᠨ ᠳᠤᠬᠠᠢ ᠦᠯᠢᠭᠡᠷ᠎ᠢᠶᠡᠨ ᠪᠠᠶᠠᠷᠳᠠᠢ ᠬᠤᠪᠢᠶᠠᠯᠴᠠᠨ᠎ᠠ᠃

ᠡᠢᠨ᠎ᠬᠦ᠂ ᠤᠬᠠᠭᠠᠨ ᠪᠢᠯᠢᠭ ᠬᠤᠤᠰᠯᠠᠭᠰᠠᠨ ᠪᠠᠭᠠᠴᠤᠳ᠎ᠤᠨ ᠬᠤᠰᠢᠭᠤᠴᠢ ᠠᠩᠬᠢ᠎ᠶᠢᠨ ᠭᠡᠰᠢᠭᠦᠳ ᠮᠠᠨᠢ《ᠤᠯᠠᠭᠠᠨ ᠪᠦᠴᠡᠳᠡᠨ᠎ᠤ ᠬᠦᠬᠢᠭᠦᠯᠦᠯ》 ᠡᠴᠡ ᠢᠷᠠᠭᠤ ᠠᠯᠳᠠᠷ ᠪᠠ ᠵᠤᠷᠢᠭᠵᠢᠭᠤᠯᠤᠯ ᠬᠦᠷᠳᠡᠵᠦ᠂ ᠰᠢᠨ᠎ᠡ ᠴᠠᠭ ᠦᠶ᠎ᠡ᠎ᠶᠢᠨ ᠰᠢᠯᠢᠳᠡᠭ ᠪᠠᠭᠠᠴᠤᠳ ᠪᠤᠯᠬᠤ ᠪᠡᠷ ᠮᠡᠷᠡᠢᠵᠡᠭᠡᠨ᠎ᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号