ᠮᠢᠨᠦ ᠪᠠᠮᠪᠠᠷ ᠪᠠᠬᠰᠢ
2022-01-21 09:56:03
ᠵᠣᠬᠢᠶᠠᠭ᠍ᠴᠢ᠄
ᠬᠤᠷᠴᠢᠨᠬᠦᠦ
ᠣᠩᠱᠢᠭ᠍ᠰᠠᠨ ᠣᠳᠠᠭ᠎ᠠ᠄
★★★☆☆

ᠮᠢᠨᠤ ᠠᠩᠭᠢ᠎ᠶ᠋ᠢᠨ ᠪᠠᠭ᠍ᠰᠢ ᠪᠠᠮᠪᠠᠷ ᠪᠤᠯ ᠦᠨᠳᠦᠷᠬᠡᠨ ᠪᠡᠶ᠎ᠡ᠎ᠲᠠᠢ᠂ ᠬᠠᠨᠠᠭᠠᠷ ᠴᠡᠭᠡᠵᠢ᠎ᠲᠠᠢ᠂ ᠲᠥᠪᠯᠡᠭᠦᠨ ᠣᠪᠣᠷ᠎ᠲᠠᠢ᠂ ᠬᠥᠩᠭᠡᠨ ᠱᠠᠯᠠᠮᠠᠭ᠂ ᠬᠦᠳᠡᠷ ᠴᠢᠭᠢᠷᠠᠭ ᠪᠡᠶ᠎ᠡ ᠲᠡᠢ᠃

ᠪᠠᠮᠪᠡᠷ ᠪᠠᠭ᠍ᠰᠢ ᠪᠦᠯᠬᠦᠮᠳᠡᠯ᠎ᠢ ᠶᠡᠭᠡ ᠴᠢᠬᠤᠯᠠᠴᠢᠯᠠᠳᠠᠭ᠃ 《ᠪᠦᠯᠬᠦᠮᠳᠡᠯ ᠪᠣᠯ ᠬᠦᠴᠦᠨ》ᠭᠡᠳᠡᠭ ᠦᠬᠡ ᠪᠠᠷ ᠳᠠᠩᠳᠠ ᠪᠢᠳᠠᠨ᠎ᠢ ᠰᠤᠷᠭᠠᠳᠠᠭ᠃ ᠨᠢᠭᠡ ᠤᠳᠠᠭ᠎ᠠ ᠰᠤᠷᠭᠠᠭᠤᠯᠢ᠎ᠶ᠋ᠢᠨ ᠬᠡᠪᠴᠢᠶᠡᠨ᠎ᠤ ᠳᠡᠭᠡᠰᠦ ᠲᠠᠲᠠᠬᠤ ᠤᠷᠤᠯᠳᠤᠭᠠᠨ᠎ᠳᠤ ᠮᠠᠨ᠎ᠤ ᠠᠩᠭᠢ᠎ᠶ᠋ᠢᠨ᠎ᠬᠢᠨ ᠳᠤᠤᠷ᠎ᠠ ᠣᠨ᠎ᠤ ᠨᠦᠬᠦᠳ ᠲᠸ᠋ ᠪᠠᠨ ᠳᠡᠢᠯᠦᠭᠳᠡᠴᠢᠬᠡᠯ᠎ᠡ᠃ ᠪᠢᠳᠡ ᠠᠩᠭᠢ᠎ᠳᠤ᠎ᠪᠠᠨ ᠬᠠᠷᠢᠮᠠᠬᠴᠠ《ᠬᠡᠨ ᠬᠡᠨ ᠴᠢᠷᠮᠠᠢᠭ᠍ᠰᠠᠨ ᠦᠭᠡᠢ》᠂ 《ᠬᠡᠨ᠎ᠢ ᠣᠷᠣᠯᠴᠠᠭᠤᠯᠤᠭ᠍ᠰᠠᠨ ᠦᠭᠡᠢ ᠪᠣᠯ ᠲᠠᠭᠠᠷᠠᠵᠠᠢ》 ᠬᠡᠮᠡᠨ ᠬᠠᠷᠢᠯᠴᠠᠨ ᠠᠮᠠ ᠵᠦᠷᠢᠵᠦ᠍ ᠪᠠᠢᠯ᠎ᠠ᠃ ᠪᠠᠭ᠍ᠰᠢ ᠠᠩᠭᠢ᠎ᠳᠤ ᠣᠷᠣᠵᠤ ᠢᠷᠡᠭᠡᠳ ᠪᠢᠳᠡᠨ᠎ᠢ 《ᠴᠤᠪᠤᠵᠤ ᠶᠠᠪᠤᠬᠰᠠᠨ ᠪᠠᠷᠰ ᠡᠴᠡ ᠴᠤᠬᠯᠠᠷᠠᠵᠤ ᠰᠠᠭᠤᠬᠰᠠᠨ ᠱᠠᠭᠠᠵᠠᠭᠠᠢ ᠲᠡᠭᠡᠷ᠎ᠡ ᠰᠢᠤ᠎ᠳᠠ》 ᠭᠡᠵᠦ᠍ ᠴᠢᠩᠭ᠎ᠠ ᠱᠢᠭᠦᠮᠵᠢᠯᠡᠪᠡ᠃

ᠪᠠᠮᠪᠠᠷ ᠪᠠᠭ᠍ᠰᠢ ᠦᠨᠡᠨᠴᠢ ᠱᠢᠳᠤᠷᠭᠤ ᠵᠢ ᠶᠡᠬᠡ ᠡᠷᠬᠢᠮᠯᠡᠳᠡᠭ᠃ ᠨᠢᠭᠡ ᠤᠳᠠᠭ᠎ᠠ ᠪᠢ ᠲᠤᠭᠠᠨ᠎ᠤ ᠳᠠᠰᠭᠠᠯ᠎ᠤᠨ ᠲᠡᠪᠳᠡᠷ᠎ᠢᠶᠡᠨ ᠠᠩᠭᠢ᠎ᠳᠤ᠎ᠪᠠᠨ ᠮᠠᠷᠲᠠᠴᠢᠬᠠᠵᠠᠢ᠃ ᠤᠷᠤᠢ ᠨᠢ ᠪᠢ《ᠣᠳᠣ ᠪᠠᠷᠠᠵᠠᠢ᠂ ᠮᠠᠷᠭᠠᠰᠢ ᠯᠠᠪ ᠰᠢᠬᠦᠮᠵᠢᠯᠡᠭᠳᠡᠨ᠎ᠡ》ᠭᠡᠵᠦ᠍ ᠪᠣᠳᠣᠭᠠᠳ ᠰᠦᠨᠢᠵᠢᠨ ᠨᠣᠢᠷ ᠬᠤᠯᠵᠢᠯ᠎ᠠ᠃ ᠮᠠᠷᠭᠠᠰᠢ ᠨᠢ ᠰᠤᠷᠭᠠᠭᠤᠯᠢ᠎ᠳᠤ ᠢᠷᠡᠩᠭᠦᠲᠡ ᠤᠴᠢᠷ᠎ᠢᠶᠠᠨ ᠲᠣᠳᠤᠷᠬᠠᠢᠯᠠᠬᠤ᠎ᠳᠤ ᠪᠠᠮᠪᠠᠷ ᠪᠠᠭ᠍ᠰᠢ ᠨᠠᠮ᠎ᠠ᠎ᠶ᠋ᠢ ᠱᠢᠭᠦᠮᠵᠢᠯᠡᠭ᠌ᠰᠡᠨ ᠦᠭᠡᠢ ᠮᠥᠷᠲᠡᠭᠡᠨ《ᠦᠨᠡᠨᠴᠢ ᠬᠡᠤᠬᠡᠳ ᠪᠠᠢᠨ᠎ᠠ᠃ ᠦᠳᠡ᠎ᠶ᠋ᠢᠨ ᠬᠤᠢᠨ᠎ᠠ ᠲᠠᠰᠬᠠᠯ᠎ᠢᠶᠡᠨ ᠨᠦᠬᠦᠵᠦ᠍ ᠬᠢᠭᠡᠳ ᠲᠤᠱᠢᠶᠠᠭᠠᠷᠠᠢ᠂ ᠳᠠᠷᠠᠭᠠᠴᠢ᠎ᠪᠠᠷ ᠳᠠᠰᠭᠠᠯ᠎ᠢᠶᠠᠨ ᠪᠢᠲᠡᠭᠡᠢ ᠮᠠᠷᠲᠠ》 ᠭᠡᠵᠦ᠍ ᠵᠠᠬᠢᠵᠦ ᠪᠢᠯᠡ᠃

ᠪᠠᠭ᠍ᠰᠢ ᠮᠢᠨᠢ ᠪᠢᠳᠠᠨ᠎ᠢ ᠬᠢᠴᠢᠶᠡᠯ ᠰᠤᠷᠤᠯᠭ᠎ᠠ᠎ᠳᠤ᠎ᠪᠠᠨ ᠰᠠᠢᠨ᠂ ᠶᠣᠰᠤ ᠮᠤᠷᠠᠯ᠎ᠲᠠᠢ ᠰᠤᠷᠤᠭ᠍ᠴᠢ ᠪᠣᠯᠵᠤ ᠬᠥᠮᠥᠵᠢᠭ᠌ᠳᠡᠬᠦ᠌᠎ᠶ᠋ᠢ ᠱᠠᠭᠠᠷᠳᠠᠬᠤ᠎ᠪᠠᠷ ᠪᠠᠷᠠᠬᠤ ᠦᠭᠡᠢ᠂ ᠪᠦᠬᠦ᠌ ᠲᠠᠯ᠎ᠠ᠎ᠪᠠᠷ ᠬᠥᠭ᠌ᠵᠢᠭ᠌ᠰᠡᠨ ᠰᠢᠯᠢᠳᠡᠭ ᠰᠠᠢᠨ ᠰᠤᠷᠤᠭ᠍ᠴᠢ ᠪᠣᠯᠬᠤ᠎ᠶ᠋ᠢ ᠬᠦᠰᠡᠳᠡᠭ᠃ ᠬᠡᠨ ᠨᠢᠭᠡᠨ ᠬᠥᠮᠦᠨ ᠤᠷᠤᠯᠳᠤᠭᠠᠨ᠎ᠳᠤ ᠣᠷᠣᠯᠴᠠᠭᠰᠠᠨ ᠯᠠ ᠪᠣᠯ ᠪᠠᠭ᠍ᠰᠢ ᠮᠢᠨᠢ ᠳᠠᠰ᠎ᠲᠤ ᠣᠷᠣᠭ᠍ᠰᠠᠨ ᠡᠰᠡᠬᠦ᠌᠎ᠶ᠋ᠢ ᠨᠢ ᠬᠠᠮᠢᠶᠠᠷᠬᠤ ᠦᠭᠡᠢ ᠵᠣᠷᠢᠭ᠍ᠵᠢᠭᠤᠯᠤᠨ ᠬᠥᠬᠢᠭᠦᠯᠳᠡᠭ᠃ ᠮᠠᠨ᠎ᠤ ᠠᠩᠭᠢ᠎ᠶ᠋ᠢᠨ ᠡᠯᠪᠡᠭ᠌ᠰᠠᠢᠨ ᠨᠢᠭᠡ ᠤᠳᠠᠭᠠᠨ᠎ᠤ ᠬᠤᠲᠠ᠎ᠶᠢᠨ ᠬᠡᠪᠴᠢᠶᠡᠨ᠎ᠤ ᠳᠡᠯᠡᠬᠡᠢ᠎ᠶ᠋ᠢᠨ ᠱᠢᠲᠠᠷ᠎ᠠ᠎ᠶ᠋ᠢᠨ ᠤᠷᠤᠯᠳᠤᠭᠠᠨ᠎ᠳᠤ ᠲᠦᠷᠦᠭᠦᠯᠡᠭ᠌ᠰᠡᠨ᠎ᠳᠤ ᠪᠠᠭ᠍ᠰᠢ ᠮᠢᠨᠢ ᠪᠠᠶᠠᠷᠯᠠᠵᠤ᠂ ᠪᠦᠬᠦ᠌ ᠠᠩᠭᠢ᠎ᠶ᠋ᠢᠨ ᠰᠤᠷᠤᠭ᠍ᠴᠢ᠎ᠶ᠋ᠢ ᠱᠢᠲᠠᠷ᠎ᠠ᠎ᠶ᠋ᠢᠨ ᠳᠠᠰ ᠱᠢᠯᠭᠠᠬᠤ ᠤᠷᠤᠯᠳᠤᠭᠠᠨ᠎ᠳᠤ ᠢᠳᠡᠪᠬᠢᠯᠡᠨ ᠣᠷᠤᠯᠴᠠᠬᠤ᠎ᠶ᠋ᠢ ᠵᠤᠷᠢᠭᠵᠢᠭᠤᠯᠪᠠ᠃ ᠡᠭᠦᠨ᠎ᠤ ᠳ᠋ᠦᠩ᠎ᠳᠤ᠂ ᠮᠠᠨ᠎ᠤ ᠠᠩᠭᠢ᠎ᠶ᠋ᠢᠨ ᠳᠠᠪᠤᠨ ᠡᠷᠡᠭ᠌ᠲᠡᠢ ᠰᠤᠷᠤᠭ᠍ᠴᠢ ᠤᠳᠠᠭ᠎ᠠ ᠳᠠᠷᠠᠭᠠᠯᠠᠨ ᠣᠷᠣᠨ᠎ᠤ ᠳᠠᠰ᠎ᠤᠨ ᠱᠢᠲᠠᠷ᠎ᠠ᠎ᠶ᠋ᠢᠨ ᠣᠷᠤᠯᠳᠤᠭᠠᠨ᠎ᠳᠤ ᠱᠠᠩᠨᠠᠯ ᠬᠦᠷᠳᠡᠭᠰᠡᠨ ᠶᠤᠮ᠃

ᠪᠠᠮᠪᠠᠷ ᠪᠠᠭ᠍ᠰᠢ ᠮᠠᠨ᠎ᠤ ᠠᠩᠭᠢ᠎ᠶ᠋ᠢᠨ ᠡᠷᠬᠢᠯᠡᠭ᠌ᠴᠢ ᠪᠣᠯᠣᠭ᠍ᠰᠠᠨ᠎ᠠᠴᠠ ᠬᠤᠢᠰᠢ ᠪᠢᠳᠡᠨ᠎ᠤ ᠰᠤᠷᠤᠯᠭ᠎ᠠ᠂ ᠲᠠᠮᠢᠷ ᠤᠷᠠᠯᠢᠭ᠎ᠤᠨ ᠲᠠᠯ᠎ᠠ᠎ᠪᠠᠷ ᠶᠡᠬᠡᠬᠡᠨ ᠳᠠᠪᠰᠢᠯᠲᠠ᠎ᠲᠠᠢ ᠪᠣᠯᠣᠯ᠎ᠡ᠃ ᠮᠠᠨ᠎ᠤ ᠠᠩᠬᠢ᠎ᠶ᠋ᠢᠨ ᠡᠮᠡᠭ᠌ᠲᠡᠢ᠎ᠶ᠋ᠢᠨ ᠬᠥᠯ ᠪᠥᠮᠪᠦᠭᠡ᠂ ᠡᠷᠡᠭ᠌ᠲᠡᠢ ᠡᠮᠡᠭ᠌ᠲᠡᠢ ᠬᠦᠴᠦ᠍ ᠵᠠᠯᠭᠠᠵᠤ ᠭᠦᠶᠦᠬᠦ᠂ ᠡᠪᠦᠯ᠎ᠤᠨ ᠬᠤᠯᠠ ᠭᠦᠶᠦᠬᠦ᠌ ᠣᠷᠤᠯᠳᠤᠭᠠᠨ᠎ᠳᠤ ᠳᠡᠭᠡᠷ᠎ᠡ ᠣᠨ᠎ᠤ ᠠᠬ᠎ᠠ ᠡᠭᠡᠴᠢ ᠪᠠᠨ ᠢᠯᠠᠭ᠍ᠰᠠᠨ ᠤᠳᠠᠭ᠎ᠠ᠎ᠴᠤ ᠤᠯᠠᠨ ᠪᠤᠢ᠃

ᠪᠢ ᠡᠢᠮᠦ᠍ ᠨᠢᠭᠡᠨ ᠱᠢᠯᠢᠳᠡᠭ ᠰᠠᠢᠨ ᠠᠩᠭᠢ᠎ᠶ᠋ᠢᠨ ᠡᠷᠬᠢᠯᠡᠭ᠌ᠴᠢ ᠲᠠᠢ ᠳ᠋ᠤ ᠪᠠᠨ ᠡᠷᠬᠡ ᠦᠭᠡᠢ ᠣᠮᠣᠭ᠍ᠰᠢᠨ᠎ᠠ᠃

                                                                                                      ᠵᠢᠯᠤᠭᠤᠳᠤᠭ᠍ᠰᠠᠨ ᠪᠠᠭ᠍ᠰᠢ᠄ ᠣᠶᠣᠨᠽᠠᠮᠪᠠ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号