ᠭᠠᠷ ᠤᠳᠠᠰᠤ ᠴᠡᠨᠡᠭᠯᠡᠭᠦᠷ᠎ᠤᠨ ​ᠮᠠᠷᠭᠤᠯᠳᠣᠭᠠᠨ
2022-01-21 09:58:06
ᠵᠣᠬᠢᠶᠠᠭ᠍ᠴᠢ᠄
​ ᠠᠵᠠᠨᠠᠰᠢ
ᠣᠩᠱᠢᠭ᠍ᠰᠠᠨ ᠣᠳᠠᠭ᠎ᠠ᠄
★★★☆☆

ᠭᠠᠷᠠᠭ᠎ᠤᠨ ᠡᠳᠦᠷ ᠪᠠᠢᠵᠣ ᠪᠢᠯᠡ᠃ ᠪᠢ ᠡᠮᠡᠭᠡ᠎ᠲᠠᠢ᠎ᠪᠠᠨ ᠭᠡᠷ᠎ᠲᠤ᠎ᠱᠠᠭ᠎ᠠ ᠨᠢᠰᠠᠯᠣᠨ ᠨᠠᠭᠠᠳᠴᠣ ᠪᠠᠢᠳᠠᠯ᠎ᠠ ᠡᠮᠡᠭᠡ᠎ᠶ᠋ᠢᠨ ᠭᠠᠷ ᠣᠳᠠᠰᠣ ᠱᠤᠤᠬᠢᠯᠳᠤᠵᠤ ᠡᠬᠢᠯᠡᠯ᠎ᠡ᠃ ᠶᠠᠭᠤ ᠪᠣᠯᠣᠭ᠍ᠰᠠᠨ᠎ᠢ ᠴᠢᠩᠨᠠᠪᠠᠯ ᠭᠠᠷ ᠣᠳᠠᠰᠣ ᠶᠡᠭᠡ ᠯᠡ ᠪᠠᠷᠳᠠᠮᠨᠠᠵᠣ᠄《ᠬᠦᠮᠦᠨ ᠲᠦᠷᠦᠯᠬᠢᠳᠡᠨ᠎ᠳᠤ ᠨᠠᠳᠠ᠎ᠠᠴᠠ ᠢᠯᠡᠬᠦᠦ ᠠᠴᠢ ᠲᠣᠰᠠ ᠲᠠᠢ ᠶᠠᠭᠤᠮ᠎ᠠ ᠪᠠᠢᠨ᠎ᠠ᠎ᠤᠤ ? ᠬᠡᠷᠪᠡ ᠪᠢ ᠦᠭᠡᠢ ᠪᠤᠯ ᠲᠡᠳᠡ ᠡᠳᠦᠷᠵᠢᠨ ᠶᠠᠭᠤ ᠬᠢᠬᠦ ᠪᠠᠨ ᠤᠯ ᠶᠠᠳᠠᠬᠤ ᠪᠠᠢᠬ᠎ᠠ ?》 ᠭᠡᠵᠦ᠍ ᠬᠡᠯᠡᠬᠦ᠌ ᠰᠣᠨᠣᠰᠳᠠᠯ᠎ᠠ᠃

ᠡᠨᠡ ᠦᠶ᠎ᠡ᠎ᠳᠤ ᠴᠠᠬᠢᠯᠭᠠᠨ ᠣᠳᠠᠰᠣᠨ᠎ᠳᠤ ᠵᠠᠯᠭᠠᠭ᠍ᠳᠠᠵᠣ ᠪᠠᠢᠭ᠍ᠰᠠᠨ ᠴᠡᠨᠡᠭ᠌ᠯᠡᠭᠦᠷ ᠶᠡᠭᠡ ᠯᠡ ᠠᠭᠤᠷᠯᠠᠵᠤ᠄《ᠭᠠᠷ ᠣᠳᠠᠰᠣ ᠴᠢ ᠪᠡᠶ᠎ᠡ᠎ᠪᠠᠨ ᠮᠡᠳᠡᠭ᠌ᠰᠡᠨ ᠳᠡᠭᠡᠷ᠎ᠡ᠂ ᠪᠢ ᠪᠠᠢᠬᠤ ᠦᠭᠡᠢ ᠪᠣᠯ ᠴᠢ ᠵᠦᠪᠭᠡᠨ ᠨᠢᠭᠡᠨ ᠬᠡᠷᠡᠭᠴᠡᠭᠡ ᠦᠭᠡᠢ ᠲᠡᠮᠦᠷ ᠬᠠᠪᠲᠠᠰᠤ ᠰᠢᠳᠡ᠂ ᠶᠠᠮᠠᠷ᠎ᠴᠤ ᠦᠢᠯᠡᠳᠦᠯ ᠬᠡᠷᠡᠭᠴᠡᠬᠡ ᠦᠭᠡᠢ ᠡᠳ᠋ ᠯᠡ ᠳ᠋ᠠ》 ᠭᠡᠵᠤ ᠰᠠᠬᠰᠠᠭᠤᠷᠠᠨ᠎ᠠ᠃

ᠭᠠᠷ ᠤᠲᠠᠰᠤ ᠴᠡᠨᠡᠭᠯᠡᠬᠦᠷ᠎ᠢ ᠦᠯᠦ ᠲᠤᠭᠤᠮᠰᠠᠷᠯᠠᠨ᠄《ᠴᠢᠨᠦ ᠬᠡᠯᠡᠬᠦ ᠪᠦᠷᠢᠮᠦᠰᠦᠨ ᠶᠤᠰᠤ ᠦᠭᠡᠢ ᠪᠢᠰᠢ᠃ ᠭᠡᠪᠡᠴᠦ ᠤᠳᠤᠬᠠᠨ᠎ᠤ ᠲᠤᠮᠤᠴᠤᠤᠯ᠂ ᠴᠢᠨᠠᠬᠰᠢᠯᠠᠭᠠᠳ ᠬᠡᠤᠬᠡᠳ ᠬᠦᠷᠲᠡᠯ᠎ᠡ ᠨᠠᠮ᠎ᠠ᠎ᠶᠢ ᠶᠡᠬᠡ ᠬᠠᠢᠷᠠᠯᠠᠨ ᠡᠷᠬᠢᠮᠨᠡᠵᠤ ᠪᠠᠢᠳᠠᠭ ᠨᠢ ᠶᠠᠭᠤᠨ᠎ᠤ ᠤᠴᠢᠷ ᠪᠢᠯᠡ᠂ ᠲᠡᠳᠡ ᠮᠢᠨᠦ ᠪᠡᠶ᠎ᠡ ᠳᠡᠭᠡᠷ᠎ᠡ ᠡᠴᠡ ᠮᠠᠰᠢ ᠤᠯᠠᠨ ᠪᠠᠶᠠᠷ ᠴᠡᠨᠭᠭᠡᠯ ᠡᠳ᠋ᠯᠡᠭᠡ ᠵᠢ ᠴᠢ ᠮᠡᠳᠡᠬᠦ ᠦᠬᠡᠢ ᠤᠤ ?》 ᠭᠡᠵᠤ ᠪᠠᠰᠠ ᠯᠡ ᠪᠠᠷᠳᠠᠮᠨᠠᠨ᠎ᠠ᠃

《ᠭᠡᠲᠡᠯ᠎ᠡ ᠴᠢᠮ᠎ᠠ᠎ᠶᠢ ᠢᠯᠡᠬᠦᠦ ᠱᠠᠭᠠᠢᠬᠰᠠᠨ ᠡᠴᠡ ᠪᠤᠯᠵᠤ᠂ ᠬᠦᠮᠦᠰ᠎ᠤᠨ ᠨᠢᠳᠦ ᠤᠯᠠᠢᠨ ᠡᠪᠡᠳᠴᠤ᠂ ᠪᠠᠰᠠ ᠵᠠᠷᠢᠮ ᠨᠢ ᠨᠢᠳᠦᠨ ᠰᠢᠯ ᠵᠡᠬᠦᠭᠰᠡᠨ᠎ᠴᠤ ᠪᠤᠢ᠃ ᠡᠬᠦᠨ᠎ᠢ ᠳᠠᠭᠠᠯᠳᠤᠨ᠂ ᠮᠦᠷᠦ᠂ ᠬᠦᠵᠦᠬᠦᠤ᠂ ᠲᠤᠯᠤᠭᠠᠢ ᠡᠪᠡᠳᠬᠦ ᠦᠵᠡᠭᠳᠡᠯ᠎ᠴᠤ ᠪᠠᠢᠩᠭᠤ ᠭᠠᠷᠬᠤ ᠪᠤᠯᠤᠬᠰᠠᠨ᠃ ᠡᠢᠮᠦ ᠡᠴᠡ ᠭᠠᠷ ᠤᠳᠠᠰᠤ ᠴᠢ ᠪᠤᠯ ᠬᠦᠮᠦᠨ ᠲᠦᠷᠦᠯᠬᠢᠲᠡᠨ᠎ᠳᠤ ᠶᠠᠷᠰᠢᠭ ᠤᠷᠰᠢᠭ ᠠᠪᠴᠤ ᠢᠷᠡᠭᠰᠡᠨ ᠮᠠᠭᠤᠬᠠᠢ ᠡᠳ᠋》 ᠭᠡᠵᠤ ᠴᠡᠨᠡᠭᠯᠡᠬᠦᠷ ᠱᠤᠯᠤᠭᠤᠨᠠᠯ᠎ᠠ᠃

ᠭᠠᠷ ᠤᠳᠠᠰᠤ ᠪᠤᠯᠤᠨ ᠴᠡᠨᠡᠭᠯᠡᠬᠦᠷ᠎ᠤᠨ ᠮᠠᠷᠭᠤᠯᠳᠣᠬᠤ᠎ᠶ᠋ᠢ ᠰᠣᠨᠣᠰᠣᠭ᠍ᠰᠠᠨ ᠪᠢ᠄《ᠨᠠᠢᠵᠠ ᠨᠠᠷ ᠮᠢᠨᠢ ᠮᠠᠷᠭᠤᠯᠳᠣᠬᠤ ᠬᠡᠷᠡᠭ ᠦᠭᠡᠢ᠂ ᠲᠠ ᠬᠤᠶᠠᠭᠤᠯᠠ ᠪᠤᠯ ᠨᠢᠭᠡ ᠴᠤᠬᠴᠠ᠂ ᠬᠡᠷᠪᠡ ᠬᠡᠨ ᠨᠢᠭᠡ᠎ᠨᠢ ᠪᠠᠢᠬᠤ ᠦᠭᠡᠢ ᠪᠤᠯ ᠬᠤᠶᠠᠭᠤᠯᠠ᠎ᠪᠠᠨ ᠪᠦᠷ ᠬᠡᠷᠡᠭ ᠦᠭᠡᠢ ᠶᠠᠭᠤᠮ᠎ᠠ ᠪᠣᠯᠣᠨ᠎ᠠ᠃ ᠪᠢᠳᠡ ᠲᠠ ᠬᠤᠶᠠᠭᠤᠯᠠ᠎ᠶᠢᠨ ᠬᠡᠨ ᠨᠢᠭᠡ ᠡᠴᠡ ᠰᠠᠯᠵᠤ ᠴᠢᠳᠠᠬᠤ ᠦᠭᠡᠢ ᠪᠢᠰᠢ᠂ ᠬᠠᠷᠢᠨ ᠠᠮᠢᠳᠤᠷᠠᠯ᠎ᠤᠨ ᠳᠦᠬᠦᠮ᠎ᠢ ᠪᠤᠳᠤᠵᠤ᠂ ᠬᠡᠷᠡᠭᠴᠡᠭᠡ ᠲᠠᠢ ᠦᠶ᠎ᠡ᠎ᠳᠤ ᠪᠠᠨ ᠬᠡᠷᠡᠭᠯᠡᠳᠡᠭ᠃ ᠭᠡᠲᠡᠯ᠎ᠡ ᠵᠠᠷᠢᠮ ᠬᠦᠮᠦᠰ ᠲᠠ ᠬᠤᠶᠠᠭᠤᠯᠠ᠎ᠳᠤ ᠬᠡᠳᠦᠷᠭᠡᠢ ᠰᠢᠨᠤᠵᠤ᠂ ᠡᠬᠦᠨ ᠡᠴᠡ ᠪᠤᠯᠤᠬᠰᠠᠨ ᠤᠷᠰᠢᠬᠲᠤ ᠬᠡᠷᠡᠭ᠎ᠴᠤ ᠭᠠᠷᠤᠯ᠎ᠠ᠃ ᠬᠦᠮᠦᠨ ᠲᠦᠷᠦᠯᠬᠢᠳᠡᠨ ᠪᠢᠳᠡ ᠬᠤᠵᠢᠮ ᠬᠢᠴᠢᠶᠡᠬᠦ ᠴᠢᠬᠤᠯᠠ ᠲᠠᠢ》 ᠭᠡᠬᠦ᠎ᠳᠤ᠂ ᠲᠡᠳᠡ ᠬᠤᠶᠠᠭᠤᠯᠠ᠎ᠴᠤ ᠮᠠᠷᠭᠤᠯᠳᠣᠬᠤ᠎ᠪᠠᠨ ᠪᠣᠯᠢᠵᠣ ᠳᠣᠭᠤᠢ ᠪᠣᠯᠵᠠᠭᠠᠯ᠎ᠠ᠃

ᠪᠢ ᠭᠠᠷ ᠣᠳᠠᠰᠣ ᠪᠤᠯᠤᠨ ᠴᠡᠨᠡᠭ᠌ᠯᠡᠭᠦᠷ᠎ᠤᠨ ᠮᠠᠷᠭᠤᠯᠳᠣᠭᠠᠨ᠎ᠢ ᠱᠢᠢᠳᠪᠦᠷᠢᠯᠡᠵᠦ᠍ ᠪᠠᠷᠠᠭᠠᠳ ᠡᠮᠡᠭᠡ᠎ᠲᠠᠢ᠎ᠪᠠᠨ ᠬᠤᠶᠠᠭᠤᠯᠠ ᠦᠷᠬᠦᠯᠵᠢᠯᠡᠨ ᠱᠠᠭ᠎ᠠ᠎ᠪᠠᠨ ᠨᠢᠰᠠᠯᠵᠣ ᠨᠠᠭᠠᠳᠣᠯ᠎ᠠ᠃

           

                   ᠵᠢᠯᠣᠭᠤᠳᠣᠭ᠍ᠰᠠᠨ ᠪᠠᠭ᠍ᠰᠢ᠄ ᠣᠶᠣᠨᠴᠢᠮᠡᠭ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号