ᠨᠢᠭᠡ ᠬᠤᠪᠢ ᠵᠠᠬᠢᠳᠠᠯ
2022-01-21 16:15:04
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠬᠦᠨᠳᠥᠳᠥ ᠬᠠᠢᠷᠠᠳᠤ ᠡᠵᠢ ᠮᠢᠨᠢ᠄

         ᠰᠠᠢᠨ ᠪᠠᠢᠨ᠎ᠠ ᠤᠤ ?

ᠶᠠᠭᠤᠨ᠎ᠤ ᠤᠷᠢᠳᠠ ᠳᠠᠨ᠎ᠤ ᠠᠰ᠎ᠤᠨ ᠪᠠᠶ᠎ᠠ᠎ᠶ᠋ᠢᠨ ᠡᠷᠡᠬᠦᠯ ᠴᠢᠬᠢᠷᠠᠭ᠂ ᠠᠵᠢᠯ ᠦᠢᠯᠡᠰ᠎ᠤᠨ ᠠᠮᠵᠢᠯᠳᠠ ᠪᠦᠳᠥᠭᠡᠯ᠎ᠢ ᠬᠦᠰᠡᠨ ᠵᠦᠩᠨᠠᠶ᠎ᠠ !

ᠪᠢ ᠳᠠᠨ᠎ᠳᠤ ᠶᠠᠷᠦ ᠡᠴᠡ ᠵᠠᠬᠢᠳᠠᠯ ᠪᠢᠴᠢᠵᠥ᠍ ᠦᠩᠭᠡᠷᠡᠭᠡ ᠦᠭᠡᠢ᠃ ᠪᠢᠴᠢᠬᠦ᠌ ᠳᠤᠷ᠎ᠠ ᠦᠭᠡᠢ ᠪᠢᠰᠢ᠂ ᠬᠠᠷᠢᠨ ᠮᠢᠨᠤ ᠰᠤᠷᠤᠭ᠍ᠰᠠᠨ ᠵᠦᠢᠯᠡᠰ ᠢᠯᠡᠳᠭᠡᠭᠦ᠌ ᠭᠡᠰᠡᠨ ᠰᠠᠨᠠᠭ᠎ᠠ ᠪᠠᠨ ᠢᠯᠡᠳᠭᠡᠵᠥ᠍ ᠳᠡᠢᠯᠳᠡᠭ ᠪᠤᠯᠪᠠ ᠤᠤ ᠭᠡᠵᠤ ᠲᠠᠳᠠᠭᠠᠯᠵᠠᠵᠤ ᠪᠠᠢᠬᠰᠠᠨ᠃

ᠡᠵᠢ ᠮᠢᠨᠢ ᠲᠠ ᠵᠦᠳᠡᠷᠡᠯ᠎ᠡ ! ᠲᠠᠨ᠎ᠤ ᠪᠠᠨ ᠬᠠᠢᠷ᠎ᠠ ᠪᠠᠷ ᠪᠢ ᠢᠳᠡᠭᠡᠯ ᠬᠦᠰᠡᠯ ᠲᠠᠢ ᠵᠤᠷᠢᠭ ᠰᠦᠰᠥ᠎ᠲᠠᠢ ᠦᠰᠦᠨ ᠪᠤᠢᠵᠢᠵᠤ ᠪᠠᠢᠨ᠎ᠠ ᠰᠢᠦ᠃ ᠲᠠ ᠴᠡᠭᠡᠵᠢᠯᠡᠵᠥ᠍ ᠪᠠᠢᠨ᠎ᠠ ᠤᠤ ? ᠨᠠᠮ᠎ᠠ᠎ᠶ᠋ᠢ ᠭᠤᠷᠪᠠᠳᠤᠭᠠᠷ ᠤᠨ᠎ᠤ ᠳᠡᠷᠡ ᠨᠢᠭᠡᠨ ᠭᠠᠷᠠᠭ᠎ᠤᠨ ᠵᠢᠷᠭᠤᠭᠠᠨ᠎ᠢ᠃ ᠲᠠ ᠨᠠᠮ᠎ᠠ᠎ᠶ᠋ᠢ ᠪᠦᠵᠢᠭ᠎ᠤᠨ ᠠᠩᠬᠢ᠎ᠳᠤ ᠬᠦᠷᠭᠡᠴᠢᠭᠡᠭᠡᠳ ᠭᠠᠳᠠᠨ᠎ᠠ ᠬᠦᠯᠢᠶᠡᠵᠥ᠍ ᠪᠠᠢᠳᠠᠯ᠎ᠠ ᠭᠡᠨᠡᠳᠳᠠ ᠡᠬᠦᠯᠡ ᠭᠠᠷᠴᠤ᠌ ᠪᠤᠷᠤᠭᠠᠨ ᠱᠠᠭᠢᠵᠦ ᠡᠬᠢᠯᠡᠯ᠎ᠡ᠃ ᠶᠠᠭ ᠬᠢᠴᠢᠶᠡᠯ ᠪᠠᠭᠤᠬᠤ ᠪᠤᠯᠤᠭᠰᠠᠨ ᠲᠤᠯᠠ ᠲᠠ ᠪᠤᠷᠤᠭᠠᠨ᠎ᠠᠴᠠ ᠲᠠᠯᠳᠠᠯᠠᠭᠰᠠᠨ ᠦᠭᠡᠢ ᠬᠠᠷᠢᠨ ᠪᠤᠷᠤᠭᠠᠨ᠎ᠤ ᠳᠤᠮᠳᠠ ᠨᠠᠷᠠᠨ ᠱᠢᠬᠦᠷ᠎ᠢᠶᠠᠨ ᠪᠠᠷᠢᠭᠠᠳ ᠵᠤᠭᠰᠤᠭᠠᠳ ᠯᠡ ᠪᠠᠢᠪᠠ᠃ ᠨᠠᠮ᠎ᠠ᠎ᠶ᠋ᠢ ᠦᠵᠡᠩᠭᠦᠳᠡ ᠲᠠ ᠤᠷᠤᠭ᠍ᠰᠢ᠎ᠪᠠᠨ ᠳᠦᠷᠭᠡᠯᠡᠨ ᠬᠦᠷᠴᠥ᠍ ᠨᠠᠮ᠎ᠠ᠎ᠳᠤ ᠨᠦᠮᠥᠷᠥᠬᠦᠯᠬᠦ᠌᠎ᠪᠠᠷ ᠭᠡᠵᠢᠶᠠᠳᠠ ᠠᠪᠴᠦ ᠶᠠᠪᠤᠳᠠᠭ ᠬᠤᠪᠴᠠᠰᠤ᠎ᠪᠠᠨ ᠡᠪᠦᠷ ᠡᠴᠡ ᠪᠠᠨ ᠭᠠᠷᠭᠠᠵᠤ ᠨᠦᠮᠥᠷᠥᠬᠦᠯᠪᠡ᠃ ᠲᠤᠬᠠᠢ ᠵᠢᠨ ᠦᠶ᠎ᠠ᠎ᠳᠤ ᠪᠢ ᠲᠠᠯᠠᠷᠬᠠᠬᠤ ᠰᠡᠳᠬᠢᠯᠭᠡ ᠪᠠᠨ ᠢᠯᠡᠳᠭᠡᠵᠦ ᠶᠠᠳᠠᠨ ᠰᠠᠨᠳᠤᠷᠤᠭᠰᠠᠨ᠂ ᠪᠠᠰᠠ ᠤᠯᠠᠨ ᠶᠠᠭᠤᠮ᠎ᠠ ᠶᠠᠷᠢᠬᠤ ᠡᠴᠡ ᠪᠠᠨ ᠢᠴᠢᠵᠦ ᠪᠠᠢᠯ᠎ᠠ᠃

ᠡᠵᠢ ᠮᠢᠨᠢ ᠲᠠ ᠨᠠᠳᠠ ᠦᠷᠬᠦᠯᠵᠢ 《ᠳᠠᠰᠭᠠᠯ᠎ᠢᠶᠠᠨ ᠰᠠᠢᠨ᠎ᠬᠢ᠂ ᠬᠢᠳᠡᠳ ᠭᠡᠯᠡᠨ᠎ᠤ ᠳᠠᠩ ᠦᠭᠡᠰ᠎ᠢᠶᠠᠨ ᠪᠤᠯᠪᠠᠰᠤᠷᠠᠩᠭᠤᠢ ᠪᠢᠴᠢᠵᠥ᠍ ᠰᠤᠷ᠂ ᠳᠤᠭ᠎ᠠ᠎ᠪᠠᠨ ᠨᠢᠮᠪᠠᠢ ᠪᠤᠳᠤ》 ᠭᠡᠵᠦ ᠵᠠᠬᠢᠳᠠᠭ᠃ ᠡᠨᠡ ᠨᠢ ᠪᠦᠷ ᠮᠢᠨᠦ ᠲᠦᠯᠦᠭᠡ ᠬᠡᠰᠡᠨ᠎ᠢ ᠪᠢ ᠲᠤᠳᠤ ᠮᠡᠳᠡᠵᠦ ᠪᠠᠢᠨ᠎ᠠ᠃ ᠪᠢ ᠳᠡᠭᠡᠷ᠎ᠡ ᠬᠤᠭᠤᠴᠠᠭ᠎ᠠ ᠵᠢᠨ ᠬᠤᠭᠤᠴᠠᠭᠠᠨ ᠡᠴᠥᠰ᠎ᠤᠨ ᠬᠢᠳᠡᠳ ᠭᠡᠯᠡᠨ᠎ᠤ ᠱᠢᠯᠭᠠᠯᠳᠠ᠎ᠳᠤ ᠪᠠᠨ 97 ᠬᠤᠪᠢ ᠤᠯᠤᠭᠰᠠᠨ ᠳ᠋ᠤ ᠲᠠ ᠮᠠᠰᠢ ᠪᠠᠶᠠᠷᠯᠠᠬᠰᠠᠨ᠎ᠢ ᠪᠢ ᠴᠡᠭᠡᠵᠢᠯᠡᠵᠦ ᠪᠠᠢᠨ᠎ᠠ᠃ ᠲᠠ ᠪᠠᠰᠠ ᠮᠤᠨᠳᠠᠭ ᠵᠢᠷᠤᠭ᠍ᠴᠢᠨ ᠶᠤᠮ᠃ ᠪᠠᠭ᠎ᠠ ᠳ᠋ᠤ ᠮᠢᠨᠤ ᠤᠢᠯᠠᠭᠠᠵᠤ ᠮᠡᠳᠡᠬᠦ᠌ ᠦᠭᠡᠢ ᠵᠦᠢᠯᠡᠰ᠎ᠢ ᠲᠠ ᠪᠦᠷ ᠵᠢᠷᠤᠭ ᠵᠢᠷᠤᠵᠤ ᠲᠠᠢᠯᠪᠤᠷᠢᠯᠠᠵᠤ ᠦᠭᠳᠡᠭ ᠪᠠᠢᠭᠰᠠᠨ᠂ ᠵᠠᠷᠢᠮ᠎ᠳᠤ᠎ᠪᠠᠨ ᠪᠠᠰᠠ ᠤᠶᠤᠳᠠᠯᠴᠢᠨ᠂ ᠵᠠᠷᠢᠮ᠎ᠳᠤ᠎ᠪᠠᠨ ᠡᠮᠴᠢ ᠁ ᠡᠵᠢ ᠡ᠂ ᠲᠠ ᠪᠤᠯ ᠮᠢᠨᠦ ᠬᠠᠮᠤᠭ᠎ᠤᠨ ᠪᠢᠱᠢᠷᠡᠵᠥ᠍ ᠬᠦᠨᠳᠥᠳᠭᠡᠳᠡᠭ ᠬᠦᠮᠦᠨ ᠶᠤᠮ᠃

ᠡᠵᠢ ᠡ᠂ ᠲᠠ ᠨᠠᠮ᠎ᠠ᠎ᠳᠤ ᠪᠦᠬᠦ᠌ ᠬᠠᠢᠷ᠎ᠠ᠎ᠪᠠᠨ ᠬᠠᠷᠠᠮ ᠦᠭᠡᠢ ᠦᠭᠬᠦᠭᠰᠡᠨ᠃ ᠪᠢ ᠲᠠᠨ᠎ᠤ ᠬᠠᠢᠷ᠎ᠠ ᠵᠢ ᠬᠦᠰᠡᠷᠳᠡᠬᠦᠯᠦᠯ ᠦᠭᠡᠢ ᠪᠡᠷ ᠴᠢᠷᠮᠠᠢᠨ ᠰᠤᠷᠤᠯᠴᠠᠵᠦ᠂ ᠰᠠᠷᠠᠭᠤᠯ ᠢᠷᠡᠭᠡᠳᠦᠢ ᠵᠢᠨ ᠰᠠᠢᠬᠠᠨ ᠠᠶᠠᠨ ᠵᠢᠡᠨ ᠬᠡᠷᠡᠯᠳᠦᠬᠦᠯᠦᠨ᠎ᠠ᠃

ᠵᠠᠬᠢᠳᠠᠯ᠎ᠤᠨ᠎ᠢᠶᠡᠨ ᠰᠡᠬᠦᠯ᠎ᠳᠤ ᠪᠢ 《ᠡᠵᠢ》 ᠬᠡᠬᠦ ᠰᠢᠯᠦᠭ᠎ᠢᠶᠡᠨ ᠲᠠᠭᠠᠯᠳᠤᠭᠤᠯᠤᠯ᠎ᠠ᠂ ᠡᠵᠢ ᠮᠢᠨᠢ ᠬᠦᠯᠢᠶᠠᠨ ᠠᠪᠬᠤ ᠪᠤᠯᠪᠠ ᠤᠤ ?


ᠤᠷᠳᠤᠰ ᠬᠤᠲᠠ ᠵᠢᠨ ᠮᠤᠩᠭᠤᠯ ᠦᠨᠳᠦᠰᠦᠲᠠᠨ᠎ᠤ ᠪᠠᠭ᠎ᠠ ᠰᠤᠷᠭᠠᠭᠤᠯᠢ ᠵᠢᠨ 6.1 ᠠᠩᠬᠢ   ᠬᠠᠨᠠᠭᠠᠷ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号