ᠵᠤᠯᠠ ᠡᠭᠡᠴᠢ ᠰᠠᠢᠨ ᠪᠠᠢᠨ᠎ᠠ ᠤᠤ ?
ᠪᠢ ᠪᠤᠯ ᠲᠦᠷᠪᠠᠳᠦᠭᠡᠷ ᠤᠨᠤ ᠰᠤᠷᠤᠭᠴᠢ ᠶᠤᠮ᠃ ᠨᠠᠳᠠ ᠨᠢᠭᠡ ᠰᠠᠢᠨ ᠨᠠᠢᠵᠠ ᠲᠠᠢ᠃ ᠲᠡᠬᠦᠨᠤ ᠰᠤᠷᠤᠯᠭ᠎ᠠ ᠨᠢ ᠰᠠᠢᠨ ᠮᠦᠷᠳᠡᠭᠡᠨ ᠪᠠᠰᠠ ᠶᠡᠭᠡ ᠮᠤᠷᠠᠯ ᠲᠠᠢ ᠪᠠᠢᠵᠦ᠂ ᠪᠠᠭᠰᠢ ᠨᠦᠬᠦᠳ ᠲᠡᠭᠦᠨᠢ ᠪᠦᠷ ᠶᠡᠭᠡ ᠲᠤᠭᠤᠳᠠᠭ᠃ ᠠᠩᠬ᠎ᠠ ᠡᠬᠢᠯᠡᠭᠡᠳ ᠪᠢ ᠲᠡᠬᠦᠨ ᠡᠴᠡ ᠶᠠᠭᠤᠴᠤ ᠨᠢᠭᠤᠯ ᠦᠭᠡᠢ ᠠᠯᠢᠪᠠ ᠪᠠᠨ ᠶᠠᠷᠢᠵᠦ ᠬᠤᠪᠢᠶᠠᠯᠴᠠᠳᠠᠭ ᠪᠠᠢᠭᠰᠠᠨ᠃ ᠬᠡᠳᠡᠯ᠎ᠠ ᠤᠷᠴᠢᠮ ᠪᠢ ᠲᠡᠬᠦᠨ ᠡᠴᠡ ᠵᠠᠢᠳᠠᠬᠤ ᠪᠤᠯᠤᠬᠰᠠᠨ ᠪᠦᠭᠡᠳ ᠲᠡᠷᠡ ᠰᠢᠯᠭᠠᠯᠲᠠᠳᠤ ᠪᠠᠨ ᠰᠠᠢᠨ ᠬᠢᠷᠢ ᠪᠦᠳᠦᠮᠵᠢ ᠤᠯᠪᠠᠯ ᠶᠡᠭᠡ ᠠᠳᠠᠭᠠᠷᠬᠠᠨ ᠲᠤᠷ᠎ᠠ ᠦᠭᠡᠢᠴᠡᠳᠡᠭ ᠪᠤᠯᠪᠠ᠃ ᠡᠨᠡ ᠪᠤᠳᠤᠯ ᠮᠠᠨᠢ ᠪᠤᠷᠤᠭᠤ ᠭᠡᠳᠡᠭᠢᠶᠡᠨ ᠪᠢ ᠮᠡᠳᠡᠵᠦ ᠪᠠᠢᠨ᠎ᠠ᠂ ᠭᠡᠪᠡᠴᠦ ᠠᠳᠠᠭᠠᠷᠬᠠᠭᠠᠳ ᠪᠠᠢᠬᠤ ᠨᠢ ᠬᠡᠴᠡᠬᠦᠦ᠃ ᠪᠢ ᠶᠠᠭᠠᠬᠢᠪᠠᠯ ᠲᠠᠭᠠᠷᠠᠬᠤ ᠪᠤᠢ ? ᠡᠬᠦᠨᠠ᠄ ᠰᠤᠷᠤᠭᠴᠢ ᠴᠠᠷᠢᠭᠤᠨ ᠡᠴᠡ
ᠴᠠᠷᠢᠭᠤᠨ ᠲᠡᠬᠦᠦᠳᠤ᠄
ᠲᠠᠨᠤ ᠢᠷᠡᠬᠦᠯᠦᠭᠰᠡᠨ ᠵᠠᠬᠢᠳᠠᠯᠢ ᠤᠯᠵᠦ ᠠᠪᠤᠯ᠎ᠠ᠃ ᠲᠡᠬᠦᠦ ᠵᠢᠨ ᠰᠠᠨᠠᠭᠠᠰᠢᠷᠠᠯ ᠪᠤᠯᠵᠦ ᠪᠠᠢᠭ᠎ᠠ ᠠᠰᠠᠭᠤᠳᠠᠯᠳᠤ ᠡᠭᠡᠴᠢ ᠨᠢ ᠬᠡᠳᠦᠨ ᠰᠠᠨᠠᠭᠤᠯᠤᠮᠵᠢ ᠦᠭᠬᠦᠶ᠎ᠠ᠃
ᠶᠠᠭᠤᠨᠤ ᠤᠷᠢᠳᠠ᠂ ᠰᠤᠷᠤᠯᠭ᠎ᠠ ᠵᠢᠨ ᠲᠤᠮᠳᠠᠬᠢ ᠦᠷᠢᠰᠦᠯᠳᠦᠭᠡᠨᠳᠤ ᠵᠦᠪ ᠲᠠᠨᠢᠯᠲᠠ ᠲᠠᠢ ᠪᠠᠢᠬᠤ ᠬᠡᠷᠡᠭᠲᠠᠢ᠃ ᠦᠷᠢᠰᠦᠯᠳᠦᠭᠡᠨ ᠪᠤᠯ ᠨᠡᠢᠳᠡᠮ ᠤᠷᠤᠰᠢᠳᠠᠭ ᠮᠦᠷᠳᠡᠭᠡᠨ ᠠᠮᠢᠳᠤᠷᠠᠯᠤᠨ ᠨᠢᠭᠡᠨ ᠡᠩᠤᠨ ᠦᠵᠡᠭᠳᠡᠯ ᠶᠤᠮ᠃ ᠵᠤᠬᠢᠬᠤ ᠬᠡᠮᠵᠢᠶᠡᠨᠤ ᠠᠳᠠᠭᠠᠷᠬᠠᠯ ᠨᠢ ᠬᠦᠮᠦᠰᠤᠨ ᠤᠷᠤᠬᠰᠢ ᠲᠠᠪᠰᠢᠬᠤ ᠵᠢ ᠠᠬᠢᠭᠤᠯᠳᠠᠭ ᠪᠤᠯ ᠬᠡᠳᠦ ᠠᠳᠠᠭᠠᠷᠬᠠᠬᠤ ᠨᠢ ᠬᠡᠨ ᠠᠯᠢᠨ ᠳ᠋ᠤ ᠴᠸ᠋ ᠠᠰᠢᠭ ᠦᠭᠡᠢ ᠪᠠᠢᠳᠠᠭ᠃ ᠨᠠᠢᠵᠠ ᠴᠢᠨᠢ ᠦᠪᠡᠷᠤᠨ ᠴᠢᠷᠮᠠᠢᠯᠭ᠎ᠠ ᠪᠡᠷ ᠵᠢᠡᠨ ᠰᠠᠢᠨ ᠬᠢᠷᠢ ᠪᠦᠳᠦᠮᠵᠢ ᠤᠯᠤᠭᠰᠠᠨ ᠪᠤᠯᠬᠤᠷ ᠲᠡᠬᠦᠦ ᠮᠢᠨᠢ ᠨᠠᠢᠵᠠ ᠲᠠᠢ ᠪᠠᠨ ᠠᠳᠠᠭᠠᠷᠬᠠᠵᠦ᠂ ᠨᠠᠢᠵᠠ ᠪᠠᠨ ᠮᠠᠭᠤ ᠪᠠᠷ ᠰᠠᠨᠠᠬᠤ ᠨᠢ ᠲᠠᠭᠠᠷᠠᠬᠤ ᠦᠭᠡᠢ᠃ ᠤᠯᠠᠩᠬᠢ ᠰᠤᠷᠤᠭᠴᠢ ᠡᠢᠮᠦ ᠰᠡᠳᠬᠢᠴᠠ ᠵᠢᠨ ᠦᠵᠡᠭᠳᠠᠯ ᠭᠠᠷᠳᠠᠭ᠂ ᠡᠬᠦᠨᠳᠤ ᠪᠠᠨ ᠵᠦᠪ ᠲᠠᠨᠢᠯᠲᠠ ᠲᠠᠢ ᠪᠠᠢᠭᠠᠷᠠᠢ᠃
ᠲᠠᠷᠠᠭ᠎ᠠ ᠨᠢ᠂ ᠠᠳᠠᠭᠠᠷᠬᠠᠯ ᠨᠢ ᠬᠡᠦᠬᠡᠳᠤᠨ ᠦᠰᠦᠨ ᠪᠤᠢᠵᠢᠯᠲᠠ ᠵᠢ ᠨᠦᠯᠦᠭᠡᠯᠡᠬᠦ ᠮᠦᠷᠳᠡᠭᠡᠨ ᠰᠤᠷᠤᠯᠭ᠎ᠠ ᠵᠢᠨ ᠬᠢᠷᠢ ᠪᠦᠳᠦᠮᠵᠢ ᠵᠢ ᠴᠸ᠋ ᠨᠦᠯᠦᠭᠡᠯᠡᠨ᠎ᠠ᠃ ᠰᠤᠷᠤᠯᠭ᠎ᠠ ᠰᠠᠢᠨ ᠨᠠᠢᠵᠠ ᠪᠠᠨ ᠲᠠᠢᠰᠤᠩᠨᠠᠵᠦ ᠪᠤᠯᠬᠤ ᠦᠭᠡᠢ᠂ ᠬᠠᠷᠢᠨ ᠲᠡᠳᠠᠨ ᠡᠴᠡ ᠲᠠᠭᠠᠨ ᠰᠤᠷᠤᠯᠴᠠᠵᠦ᠂ ᠲᠠᠭᠤᠷᠢᠶᠠᠯ ᠪᠤᠯᠭᠠᠵᠤ᠂ ᠦᠪᠡᠷᠢ ᠪᠠᠨ ᠲᠠᠢᠴᠢᠯᠠᠬᠤ ᠬᠦᠴᠦᠨ ᠪᠤᠯᠭᠠᠪᠠᠯ ᠵᠤᠬᠢᠨ᠎ᠠ᠃
ᠲᠠᠬᠢᠪᠠᠯ᠂ ᠦᠪᠡᠷᠤᠨ ᠬᠦᠷᠦᠯᠴᠡᠬᠦ ᠦᠭᠡᠢ ᠲᠠᠯ᠎ᠠ ᠪᠠᠨ ᠨᠦᠬᠦᠪᠦᠷᠢᠯᠡᠨ᠂ ᠰᠠᠢᠨ ᠨᠠᠢᠵᠠ ᠵᠢᠨ ᠵᠢᠡᠨ ᠰᠤᠷᠤᠯᠭ᠎ᠠ ᠵᠢᠨ ᠠᠮᠵᠢᠯᠲᠠᠳᠤ ᠪᠠᠶᠠᠷ ᠬᠦᠷᠭᠡᠵᠦ᠂ ᠬᠠᠮᠳᠤᠳᠤ ᠪᠠᠨ ᠤᠷᠤᠭᠰᠢᠯᠠᠨ ᠲᠠᠪᠰᠢᠪᠠᠯ ᠴᠢᠨᠦ ᠬᠤᠵᠢᠮᠤᠨ ᠦᠰᠦᠨ ᠪᠤᠢᠵᠢᠯᠲᠠ᠂ ᠰᠤᠷᠤᠯᠭ᠎ᠠ ᠠᠮᠢᠳᠤᠷᠠᠯᠳᠤ ᠴᠢᠨᠢ ᠪᠦᠷ ᠮᠠᠰᠢ ᠰᠠᠢᠨ ᠦᠢᠯᠡᠳᠦᠯ ᠦᠵᠡᠬᠦᠯᠦᠨ᠎ᠡ ᠰᠢᠦ᠃
ᠲᠡᠭᠦᠦ ᠮᠢᠨᠢ ᠠᠳᠠᠭᠠᠷᠬᠠᠯᠢᠶᠡᠨ ᠲᠡᠪᠴᠢᠵᠦ᠂ ᠠᠨᠳᠠ ᠨᠦᠬᠦᠳ ᠲᠡᠢ ᠪᠡᠨ ᠰᠠᠢᠬᠠᠨ ᠨᠦᠬᠦᠷᠯᠡᠭᠡᠷᠡᠢ !
ᠡᠬᠦᠨᠠ᠄ ᠵᠤᠯᠠ ᠡᠭᠡᠴᠢ ᠡᠴᠡ ᠴᠢᠨᠢ