​ᠮᠤᠭᠠᠢ ᠬᠦᠯ ᠦᠬᠡᠢ ᠪᠤᠯᠤᠭᠰᠠᠨ ᠦᠯᠢᠭᠡᠷ
2022-01-21 09:42:54
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠡᠷᠲᠡ ᠢᠵᠠᠭᠤᠷ ᠴᠠᠭ ᠲᠤ᠌ ᠮᠣᠭᠠᠢ ᠮᠡᠯᠡᠬᠡᠢ ᠬᠣᠶᠠᠷ ᠰᠠᠢᠨ ᠨᠠᠢᠵᠠ ᠪᠠᠢᠵᠡᠢ᠃ ᠮᠣᠭᠠᠶ ᠨᠢ ᠳᠥᠷᠪᠡᠨ ᠬᠥᠯ᠎ᠲᠡᠶ᠂ ᠮᠡᠯᠡᠬᠡᠢ ᠬᠥᠯ᠎ᠦᠭᠡᠢ ᠪᠤᠯᠬᠤᠷ ᠮᠥᠯᠬᠥᠵᠦ ᠶᠠᠪᠤᠳᠠᠭ ᠪᠠᠢᠯ᠎ᠠ᠃ ᠬᠠᠷᠢᠨ ᠮᠣᠭᠠᠶ ᠶᠡᠬᠡ ᠠᠯᠵᠠᠭᠤ᠂ ᠮᠡᠯᠡᠬᠡᠶ ᠠᠵᠢᠯᠴᠢ ᠪᠤᠯᠬᠤᠷ ᠬᠣᠷᠣᠬᠠᠶ ᠪᠠᠷᠢᠵᠤ ᠮᠣᠭᠠᠶ ᠵᠢ ᠲᠡᠵᠢᠭᠡᠳᠡᠭ᠃ ᠮᠡᠯᠡᠬᠡᠢ ᠪᠠᠰᠠ ᠬᠦᠨᠦᠭᠡᠯᠳᠦ ᠰᠢᠪᠡᠵᠢ ᠪᠠᠷᠢᠳᠠᠭ ᠪᠤᠯᠬᠤᠷ ᠬᠦᠮᠦᠰ ᠮᠤᠭᠠᠢ᠎ᠳᠤ ᠳᠤᠷ᠎ᠠ ᠦᠬᠡᠢ᠂ ᠮᠡᠯᠡᠬᠡᠶ ᠳ᠋ᠤ ᠶᠡᠬᠡ᠎ᠡᠭᠡᠯᠢ ᠳᠡᠢ ᠪᠠᠢᠳᠠᠭ᠃

ᠮᠣᠭᠠᠶ ᠡᠨᠡ ᠶᠠᠪᠤᠳᠠᠯ᠎ᠢ ᠮᠡᠳᠡᠭᠡᠳ ᠶᠡᠬᠡᠳᠡ ᠭᠤᠮᠤᠷᠬᠠᠨ ᠮᠡᠯᠡᠬᠡᠢ ᠳ᠋ᠤ ᠬᠣᠷᠣᠰᠴᠤ᠌ ᠡᠬᠢᠯᠡᠵᠡᠢ᠃ ᠲᠡᠭᠡᠭᠡᠳ ᠬᠥᠮᠦᠨ ᠦᠵᠡᠪᠡᠯ ᠬᠠᠳᠬᠤᠵᠦ᠂ ᠮᠠᠯ ᠦᠵᠡᠪᠡᠯ ᠢᠳᠡᠭᠡᠳ ᠠᠮᠤᠷ ᠲᠠᠢᠪᠤᠩ ᠠᠮᠢᠳᠤᠷᠠᠭᠤᠯᠬᠤ ᠦᠬᠡᠢ ᠪᠤᠯᠭᠠᠪᠠ᠃ ᠬᠤᠷᠮᠤᠰᠲᠠ ᠮᠣᠭᠠᠶ᠎ᠶ᠋ᠢ ᠪᠤᠷᠤᠭᠤ᠎ᠪᠠᠨ ᠬᠠᠯᠠᠵᠤ ᠰᠠᠢᠨ᠎ᠶᠠᠪᠤᠬᠤ᠎ᠶ᠋ᠢ ᠢᠳᠭᠠᠯ᠎ᠠ᠃ ᠮᠤᠭᠠᠢ ᠬᠤᠷᠮᠤᠰᠳᠠ ᠲᠡᠭᠷᠢ᠎ᠵᠢᠨ ᠦᠬᠡ ᠵᠢ ᠴᠢᠬᠢᠨ ᠳ᠋ᠤ ᠪᠠᠨ ᠴᠸ᠋ ᠤᠢᠷᠠᠳᠤᠭᠤᠯᠤᠬᠰᠠᠨ ᠦᠬᠡᠢ ᠪᠡᠷ ᠮᠠᠭᠤ ᠦᠢᠯᠡ ᠬᠢᠭᠰᠡᠭᠡᠷ ᠪᠠᠢᠪᠠ᠃ ᠡᠢᠨᠬᠦ ᠬᠤᠷᠮᠤᠰᠲᠠ ᠲᠩᠷᠢ ᠶᠡᠬᠡᠳᠡ ᠬᠢᠯᠢᠩᠨᠡᠵᠦ᠂ ᠰᠢᠳᠢᠳᠦ ᠳᠦᠷᠪᠡᠨ ᠴᠡᠷᠢᠭ᠎ᠵᠢᠡᠨ ᠲᠤᠮᠢᠯᠠᠵᠦ ᠮᠣᠭᠠᠶ᠎ᠶ᠋ᠢᠨ ᠳᠥᠷᠪᠡᠨ ᠬᠥᠯ᠎ᠢ ᠲᠠᠰᠤ ᠴᠠᠪᠴᠢᠭᠤᠯᠵᠡᠢ᠃ ᠮᠡᠯᠡᠬᠡᠶ ᠵᠢ ᠬᠥᠮᠦᠨ ᠲᠦᠷᠦᠯᠬᠢᠳᠡᠨ᠎ᠳᠦ ᠭᠠᠪᠢᠶ᠎ᠠ᠎ᠲᠠᠶ ᠭᠡᠮᠡᠨ ᠮᠣᠭᠠᠶ᠎ᠶ᠋ᠢᠨ ᠳᠥᠷᠪᠡᠨ ᠬᠥᠯ᠎ᠢ ᠱᠠᠩᠨᠠᠪᠠ᠃ ᠮᠤᠭᠠᠢ ᠴᠤ᠌ ᠭᠡᠮᠰᠢᠨ ᠤᠬᠠᠭᠠᠷᠠᠵᠦ ᠪᠤᠷᠤᠭᠤ ᠪᠠᠨ ᠬᠠᠯᠠᠬᠤ ᠪᠠᠷ ᠵᠤᠷᠢᠭ ᠱᠢᠭᠤᠳᠴᠡᠢ᠃ ᠲᠡᠭᠡᠭᠡᠳ ᠬᠥᠮᠦᠨ ᠲᠥᠷᠥᠯᠬᠢᠲᠡᠨ᠎ᠳᠦ ᠰᠠᠢᠨ ᠶᠠᠪᠤᠳᠠᠯ ᠬᠢᠬᠦ ᠪᠡᠷ ᠯᠤᠤ᠎ᠶ᠋ᠢ ᠳᠠᠭᠠᠵᠤ ᠤᠰᠤ ᠵᠠᠰᠠᠬᠤ᠎ᠶ᠋ᠢ ᠰᠤᠷᠤᠭᠰᠠᠨ ᠪᠦᠭᠡᠳ ᠬᠦᠨᠦᠭᠡᠯᠳᠦ ᠰᠢᠪᠡᠵᠢ ᠵᠢ ᠢᠳᠡᠳᠡᠭ ᠪᠤᠯᠪᠡ᠃ ᠡᠭᠦᠨ᠎ᠢᠶᠡᠷ ᠦᠯᠦ ᠪᠡᠷᠠᠮ ᠦᠬᠦᠭ᠌ᠰᠡᠨ᠎ᠦ ᠳᠠᠷᠠᠭ᠎ᠠ ᠪᠠᠷ ᠦᠪᠡᠷ᠎ᠤᠨ ᠬᠠᠢᠷᠰᠤ ᠪᠠᠨ ᠡᠮ ᠪᠤᠯᠭᠠᠨ ᠣᠯᠠᠨ ᠡᠪᠡᠳᠴᠢᠲᠡᠨ᠎ᠢ ᠠᠪᠤᠷᠠᠵᠡᠢ᠃

ᠬᠤᠷᠮᠤᠰᠲᠠ ᠲᠩᠷᠢ ᠮᠣᠭᠠᠶ᠎ᠵᠢᠨ ᠪᠤᠷᠤᠭᠤ ᠪᠠᠨ ᠬᠠᠯᠠᠵᠦ ᠤᠬᠠᠭᠠᠷᠠᠭᠰᠠᠨ᠎ᠢ ᠱᠠᠩᠨᠠᠵᠦ᠂ ᠠᠷᠪᠠᠨ ᠬᠣᠶᠠᠷ ᠵᠢᠯ᠎ᠢ ᠡᠷᠭᠦᠮᠵᠢᠯᠡᠬᠦ᠌᠎ᠦᠶᠡᠰ ᠯᠤᠤ᠎ᠶ᠋ᠢᠨ ᠠᠷᠤ᠎ᠳᠤ ᠵᠢᠭ᠍ᠰᠠᠭᠠᠭᠰᠠᠨ ᠭᠡᠳᠡᠭ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号