ᠪᠤᠷᠤᠳᠤᠬᠤᠢ ᠵᠢᠨ ᠲᠠᠯᠠᠳᠤ ᠡᠢᠮᠦ ᠨᠢᠭᠡᠨ ᠪᠠᠭᠰᠢ ᠪᠤᠢ᠃ ᠲᠡᠷᠡ 30 ᠭᠠᠷᠤᠢ ᠵᠢᠯᠤᠨ ᠵᠢᠭᠠᠨ ᠰᠤᠷᠭᠠᠯᠲᠠ ᠳ᠋ᠤ ᠪᠠᠨ ᠤᠷᠢᠳ ᠬᠤᠵᠢᠳ ᠤᠯᠤᠰᠤᠨ ᠲᠡᠰᠤᠨ ᠰᠢᠯᠢᠳᠡᠭ ᠵᠢᠱ᠌ᠢᠶᠠ ᠦᠵᠡᠬᠦᠯᠬᠦ ᠵᠢᠭᠠᠨ ᠰᠤᠳᠤᠯᠤᠭᠴᠢ᠂ ᠦᠪᠡᠷᠳᠡᠭᠡᠨ ᠵᠠᠰᠠᠬᠤ ᠤᠷᠤᠨᠤ ᠲᠡᠰᠤᠨ ᠬᠢᠴᠢᠶᠠᠯ ᠲᠦᠷᠦᠯᠤᠨ ᠲᠠᠭᠠᠭᠤᠯᠤᠭᠴᠢ᠂ ᠤᠷᠤᠨᠤ ᠲᠡᠰᠤᠨ ᠰᠢᠯᠢᠳᠡᠭ ᠵᠢᠭᠠᠨ ᠰᠤᠳᠤᠯᠤᠭᠴᠢ᠂ ᠬᠤᠲᠠ ᠵᠢᠨ ᠲᠡᠰᠤᠨ ᠨᠠᠷᠠᠳᠤ ᠪᠠᠭᠰᠢ᠂《ᠪᠤᠷᠤᠳᠤᠬᠤᠢ ᠵᠢᠨ ᠴᠢᠳᠠᠪᠤᠷᠢᠳᠠᠨ》 ᠵᠡᠷᠭᠡ ᠤᠯᠠᠨ ᠠᠷᠪᠢᠨ ᠢᠷᠠᠭᠤ ᠠᠯᠳᠠᠷ ᠬᠦᠷᠳᠡᠵᠦ ᠢᠷᠡᠭᠰᠡᠨ᠃ ᠲᠡᠭᠦᠨᠢ ᠰᠠᠢᠨᠳᠤ ᠬᠡᠳᠡᠭ᠃ ᠲᠦᠩᠯᠢᠶᠤᠤ ᠬᠤᠲᠠ ᠵᠢᠨ ᠨᠢ᠋ᠮᠠᠨ ᠬᠤᠰᠢᠭᠤᠨᠤ ᠬᠤᠩᠭᠤᠷᠳᠠᠯ᠎ᠠ ᠰᠤᠮᠤ ᠪᠡᠷ ᠨᠤᠳᠤᠭ ᠲᠠᠢ᠃

ᠭᠠᠴᠠᠭᠠᠨᠤ ᠪᠠᠨ ᠠᠩᠬᠠᠨᠤ ᠤᠶᠤᠳᠠᠨ
《ᠬᠦᠮᠦᠨ ᠪᠤᠯᠬᠤ ᠪᠠᠭ᠎ᠠ ᠡᠴᠡ ᠪᠠᠨ᠂ ᠬᠦᠯᠦᠭ ᠪᠤᠯᠬᠤ ᠤᠨᠠᠭ᠎ᠠ ᠡᠴᠡ ᠪᠠᠨ》 ᠬᠡᠳᠡᠭ ᠵᠢᠡᠷ᠂ ᠬᠠᠷᠠᠬᠠᠨ ᠪᠠᠭ᠎ᠠ ᠡᠴᠡ ᠪᠠᠨ ᠰᠤᠷᠤᠯᠴᠠᠬᠤ ᠤᠷᠮ᠎ᠠ ᠵᠤᠷᠢᠭ ᠲᠠᠢ ᠰᠠᠢᠨᠳᠤ 1982 ᠤᠨᠳᠤ ᠦᠪᠦᠷ ᠮᠤᠩᠭᠤᠯᠤᠨ ᠪᠠᠭᠰᠢ ᠵᠢᠨ ᠶᠡᠭᠡ ᠰᠤᠷᠭᠠᠭᠤᠯᠢ ᠵᠢᠨ ᠲᠤᠭᠠᠨᠤ ᠤᠬᠠᠭᠠᠨᠤ ᠰᠠᠯᠪᠤᠷᠢᠳᠤ ᠰᠢᠯᠭᠠᠨ ᠤᠷᠤᠵᠠᠢ᠃ ᠡᠨᠡ ᠨᠢ ᠭᠠᠴᠠᠭᠠᠨᠤ ᠪᠠᠨ ᠠᠩᠬᠠᠨᠤ ᠤᠶᠤᠳᠠᠨ ᠪᠠᠢᠵᠤ᠂ ᠠᠪᠤ ᠡᠵᠢ᠂ ᠠᠬᠠᠰ ᠵᠠᠬᠠᠰ ᠵᠢᠡᠨ ᠪᠠᠶᠠᠷᠯᠠᠭᠤᠯᠤᠨ᠂ ᠪᠦᠬᠦ ᠭᠠᠴᠠᠭ᠎ᠠ ᠵᠢᠨ ᠬᠢᠨᠤ ᠲᠠᠭᠤᠷᠢᠶᠠᠯ ᠪᠤᠯᠤᠭᠰᠠᠨ ᠪᠢᠯᠡ᠃
ᠰᠠᠢᠨᠳᠤ ᠪᠠᠭᠰᠢ ᠵᠢᠨ ᠠᠪᠤ ᠨᠢ ᠵᠢᠷᠤᠨ ᠨᠢᠭᠡᠨ ᠲᠠᠷᠢᠶᠠᠴᠢᠨ ᠬᠦᠮᠦᠨ᠃ ᠲᠠᠷᠢᠶᠠᠨ ᠠᠵᠢᠯ ᠵᠢᠡᠨ ᠬᠢᠵᠦ ᠲᠠᠭᠤᠰᠤᠭᠠᠳ ᠰᠤᠯᠠ ᠰᠡᠯᠡᠬᠦᠦ ᠴᠠᠭ ᠭᠠᠷᠪᠠᠯ ᠬᠡᠦᠬᠡᠳᠤᠳᠲᠤ ᠪᠠᠨ ᠬᠤᠭᠤᠷ ᠲᠠᠳᠠᠵᠦ ᠦᠯᠢᠭᠡᠷ ᠶᠠᠷᠢᠵᠦ ᠦᠭᠳᠡᠭ ᠪᠠᠢᠭᠰᠠᠨ᠃ ᠲᠡᠭᠡᠬᠦᠯᠡᠷ ᠰᠠᠢᠨᠳᠤ ᠴᠸ᠋ ᠠᠭᠠᠵᠢᠮᠳᠤ ᠪᠠᠨ ᠦᠯᠢᠭᠡᠷ ᠲᠸ᠋ ᠲᠤᠷ᠎ᠠ ᠰᠤᠨᠢᠷᠬᠠᠯ ᠲᠠᠢ ᠪᠤᠯᠵᠦ᠂ ᠦᠪᠡᠷ ᠵᠢᠡᠨ ᠪᠠᠰᠠ ᠦᠯᠢᠭᠡᠷ ᠶᠠᠷᠢᠬᠤ ᠲᠤᠷᠠᠳᠠᠢ ᠪᠠᠢᠯ᠎ᠠ᠃
— ᠠᠪᠤ ᠮᠢᠨᠢ ᠨᠢᠭᠡ ᠦᠯᠢᠭᠡᠷ ᠵᠢᠡᠨ ᠶᠠᠷᠢᠵᠦ ᠲᠠᠭᠤᠰᠪᠠᠯ ᠦᠯᠢᠭᠡᠷᠤᠨ ᠭᠤᠤᠯ ᠪᠠᠭᠠᠳᠤᠷᠤᠨ ᠵᠤᠷᠢᠭ ᠰᠦᠰᠦ᠂ ᠦᠯᠢᠭᠡᠷᠤᠨ ᠶᠠᠪᠤᠴᠠ ᠵᠡᠷᠭᠡ ᠵᠢ ᠨᠠᠮ᠎ᠠ ᠡᠴᠡ ᠲᠠᠬᠢᠨ ᠠᠰᠠᠭᠤᠳᠠᠭ᠃ ᠲᠡᠭᠡᠬᠦᠯᠡᠷ ᠪᠢ ᠲᠡᠷᠡ ᠦᠶ᠎ᠠ ᠡᠴᠡ ᠡᠬᠢᠯᠡᠨ ᠪᠢᠴᠢᠭᠢᠶᠡᠨ ᠰᠠᠢᠨ ᠰᠤᠷᠴᠦ ᠤᠯᠠᠨ ᠮᠡᠳᠡᠯᠭᠡ ᠡᠵᠡᠮᠰᠢᠨ᠎ᠠ ᠬᠡᠰᠡᠨ ᠪᠤᠳᠤᠯ ᠲᠠᠢ ᠪᠤᠯᠤᠬᠰᠠᠨ᠃ ᠠᠪᠤᠶᠢᠨ ᠮᠢᠨᠢ ᠶᠠᠷᠢᠵᠤ ᠦᠭᠳᠡᠭ ᠦᠯᠢᠭᠡᠷ ᠡᠴᠡ ᠪᠠᠭ᠎ᠠ ᠨᠠᠰᠤᠨᠤ ᠬᠦᠰᠡᠯ ᠮᠦᠷᠦᠭᠡᠳᠦᠯ ᠮᠢᠨᠢ ᠤᠷᠭᠤᠵᠤ᠂ ᠲᠡᠷᠡ ᠨᠢ ᠮᠢᠨᠦ ᠬᠤᠵᠢᠮ ᠬᠤᠢᠰᠢᠳᠠᠵᠢᠨ ᠵᠠᠮᠢ ᠭᠡᠭᠡᠷᠡᠬᠦᠯᠦᠭᠰᠡᠨ ᠬᠡᠵᠦ ᠰᠠᠢᠨᠳᠤ ᠪᠠᠭᠰᠢ ᠤᠨᠠᠭᠠᠨ ᠨᠠᠰᠤ ᠪᠠᠨ ᠡᠷᠬᠢᠴᠡᠬᠦᠯᠦᠯᠠ᠃
ᠲᠡᠭᠡᠷ᠎ᠠ ᠵᠠᠭᠤᠨᠤ ᠨᠠᠶᠠᠭᠠᠳ ᠤᠨᠤ ᠦᠶᠠᠳᠤ ᠶᠡᠭᠡ ᠰᠤᠷᠭᠠᠭᠤᠯᠢ ᠵᠢᠨ ᠵᠢᠩᠬᠢᠨᠢ ᠠᠩᠬᠢᠳᠤ ᠰᠢᠯᠭᠠᠨ ᠤᠷᠤᠬᠤ ᠭᠡᠭᠴᠢ ᠬᠤᠳᠠ ᠬᠦᠳᠡᠭᠡ ᠦᠭᠡᠢ ᠰᠤᠨᠤᠷ ᠴᠢᠮᠡᠭᠰᠡᠨ ᠰᠠᠢᠬᠠᠨ ᠰᠤᠨᠤᠰᠬᠠᠯ ᠶᠤᠮ᠃ ᠲᠡᠷᠡ ᠪᠡᠷ ᠶᠡᠬᠡ ᠰᠤᠷᠭᠠᠭᠤᠯᠢᠳᠤ ᠡᠯᠰᠡᠭᠳᠡᠭᠰᠡᠨ ᠮᠡᠳᠡᠭᠳᠡᠯ ᠵᠢᠡᠨ ᠲᠤᠰᠬᠤ ᠳ᠋ᠤ ᠠᠪᠤ ᠨᠢ ᠶᠠᠭ ᠬᠡᠭᠡᠷ᠎ᠡ ᠭᠠᠳᠠᠨ᠎ᠠ ᠠᠵᠢᠯ ᠬᠢᠵᠦ ᠪᠠᠢᠭᠰᠠᠨ ᠭᠡᠨ᠎ᠡ᠃ 《ᠪᠠᠶᠠᠷᠯᠠᠬᠰᠠᠨ ᠬᠡᠷᠢᠶ᠎ᠡ ᠪᠠᠷᠬᠢᠷᠠᠭ᠎ᠠ》ᠭᠡᠭᠴᠢ ᠪᠡᠷ ᠡᠨᠡᠬᠦ ᠪᠠᠶᠠᠷᠳᠤ ᠴᠢᠮᠡᠭᠡ ᠵᠢ ᠰᠤᠨᠤᠰᠤᠮᠠᠭᠴᠠ ᠠᠪᠤ ᠨᠢ ᠬᠡᠷᠲᠤ ᠪᠠᠨ ᠲᠦᠷᠭᠡᠨ ᠬᠠᠷᠢᠵᠦ᠂ ᠬᠦᠦ ᠪᠠᠨ ᠲᠠᠪᠠᠷᠢᠵᠦ ᠠᠪᠤᠭᠰᠠᠨ ᠬᠡᠳᠡᠭ᠃
— ᠲᠤᠬᠠᠢ ᠵᠢᠨ ᠦᠶᠠᠳᠤ ᠠᠪᠤ ᠮᠢᠨᠢ ᠬᠡᠳᠦᠷᠭᠡᠢ ᠪᠠᠶᠠᠷᠯᠠᠭᠰᠠᠨ ᠡᠴᠡ ᠬᠡᠷᠲᠤ ᠪᠠᠨ ᠶᠠᠭᠠᠬᠢᠵᠦ ᠬᠠᠷᠢᠭᠰᠠᠨ ᠵᠢᠡᠨ ᠪᠤᠳᠤᠵᠦ ᠤᠯᠬᠤ ᠪᠠᠨ ᠪᠠᠢᠯ᠎ᠠ ᠬᠡᠳᠡᠭ᠃ ᠦᠨᠡᠨᠳᠤ ᠪᠠᠨ ᠶᠡᠭᠡ ᠰᠤᠷᠭᠠᠭᠤᠯᠢᠳᠤ ᠰᠢᠯᠭᠠᠵᠦ ᠤᠷᠤᠴᠢᠬᠠᠨ᠎ᠠ ᠭᠡᠮᠡᠨ ᠪᠢ ᠦᠪᠡᠷ ᠵᠢᠡᠨᠴᠤ ᠪᠤᠳᠤᠵᠦ ᠤᠯᠤᠭᠰᠠᠨ ᠦᠭᠡᠢ᠃ ᠬᠦᠬᠡᠬᠤᠲᠠᠳᠤ ᠬᠦᠷᠬᠦ ᠭᠠᠯᠳᠤ ᠲᠡᠷᠭᠡᠨ ᠲᠡᠭᠡᠷ᠎ᠠ ᠰᠠᠭᠤᠴᠢᠬᠠᠭᠠᠳ ᠪᠠᠰᠠ ᠢᠳᠡᠭᠡᠵᠦ ᠶᠠᠳᠠᠨ ᠪᠠᠢᠬᠰᠠᠨ ᠰᠢᠤ ᠬᠡᠵᠦ ᠰᠠᠢᠨᠳᠤ ᠪᠠᠭᠰᠢ ᠦᠩᠭᠡᠷᠡᠭᠰᠡᠨ ᠤᠴᠢᠷᠤᠳ ᠵᠢᠡᠨ ᠪᠠᠶᠠᠷᠳᠠᠢᠬᠠᠨ ᠲᠤᠭᠠᠴᠢᠨ᠎ᠠ᠃
ᠪᠠᠭᠰᠢᠶᠢᠨ《 ᠪᠠᠬᠰᠢ》
《ᠰᠠᠨᠠᠭ᠎ᠠ ᠦᠭᠡᠳᠠ ᠪᠤᠯ ᠵᠠᠶᠠᠭ᠎ᠠ ᠦᠭᠡᠳᠠ》 ᠬᠡᠳᠡᠭ᠃ 5 ᠵᠢᠯᠤᠨ ᠤᠶᠤᠳᠠᠨ ᠠᠮᠢᠳᠤᠷᠠᠯ ᠵᠢᠡᠨ ᠠᠮᠵᠢᠯᠲᠠ ᠲᠠᠢ ᠲᠡᠬᠦᠰᠭᠡᠵᠦ᠂ 1987 ᠤᠨᠳᠤ ᠰᠠᠢᠨᠳᠤ ᠪᠠᠭᠰᠢ ᠲᠤᠬᠠᠢᠶᠢᠨ ᠦᠶ᠎ᠡᠶᠢᠨ ᠪᠠᠶᠠᠨᠨᠠᠭᠤᠷ ᠠᠢᠮᠠᠭᠤᠨ ᠮᠤᠩᠭᠤᠯ ᠦᠨᠳᠦᠰᠦᠲᠠᠨᠤ ᠲᠤᠮᠳᠠᠳᠤ ᠰᠤᠷᠭᠠᠭᠤᠯᠢᠳᠤ ᠠᠵᠢᠯᠤᠨ ᠭᠠᠷᠤᠭ᠎ᠠ ᠪᠠᠨ ᠠᠪᠴᠠᠢ᠃ ᠲᠠᠷᠠᠭᠠᠴᠢ ᠪᠡᠷ 17 ᠵᠢᠯ ᠠᠩᠬᠢ ᠵᠢᠨ ᠡᠷᠬᠢᠯᠡᠭᠴᠢᠶᠢᠨ ᠠᠵᠢᠯᠢ ᠬᠠᠷᠢᠭᠤᠴᠠᠬᠤ ᠳ᠋ᠤ ᠪᠠᠨ ᠲᠡᠬᠦᠰᠭᠡᠭᠰᠡᠨ ᠰᠤᠷᠤᠭᠴᠢᠳᠤᠨ ᠬᠢᠨᠢ ᠶᠡᠭᠡ ᠰᠤᠷᠭᠠᠭᠤᠯᠢ ᠵᠢᠨ ᠵᠢᠩᠬᠢᠨᠢ ᠠᠩᠬᠢᠳᠤ ᠰᠢᠯᠭᠠᠨ ᠤᠷᠤᠭᠰᠠᠨ ᠲᠤᠭ᠎ᠠ ᠨᠢ ᠰᠤᠷᠭᠠᠭᠤᠯᠢ ᠵᠢᠨᠢᠶᠡᠨ ᠲᠡᠦᠭᠡᠨ ᠲᠡᠮᠳᠡᠭᠯᠡᠯᠢ ᠭᠤᠷᠪᠠᠨᠳᠡ ᠰᠢᠨᠡᠳᠭᠡᠵᠡᠢ᠃ ᠡᠨᠡ ᠨᠢ ᠲᠡᠭᠦᠨᠤ ᠵᠢᠭᠠᠨ ᠰᠤᠷᠭᠠᠬᠤ ᠡᠷᠳᠡᠮ᠂ ᠢᠯᠠᠩᠭᠤᠶ᠎ᠠ ᠪᠠᠬᠰᠢ ᠬᠦᠮᠦᠨᠤ ᠡᠷᠬᠢᠮ ᠲᠡᠭᠡᠳᠦ ᠬᠠᠢᠷ᠎ᠠ ᠬᠠᠷᠢᠭᠤᠴᠠᠯᠭ᠎ᠠ ᠵᠢ ᠲᠡᠭᠡᠳᠦᠯᠡᠳᠡᠭ ᠲᠠᠢ ᠰᠢᠭᠤᠳ ᠬᠤᠯᠪᠤᠭ᠎ᠠ ᠲᠠᠢ᠃
ᠪᠤᠯᠤᠳ ᠪᠤᠯ ᠰᠠᠢᠨᠳᠤ ᠪᠠᠭᠰᠢ ᠵᠢᠨ ᠨᠢᠭᠡᠨ ᠰᠤᠷᠤᠭᠴᠢ ᠶᠤᠮ᠃ ᠲᠡᠷᠡ ᠶᠡᠭᠡ ᠰᠤᠷᠭᠠᠭᠤᠯᠢ ᠰᠢᠯᠭᠠᠭᠰᠠᠨ ᠠᠩᠬᠠᠨᠤ ᠵᠢᠯᠳᠤ ᠪᠠᠨ ᠬᠦᠰᠠᠵᠦ ᠰᠠᠨᠠᠭᠰᠠᠨ ᠰᠤᠷᠭᠠᠭᠤᠯᠢᠳᠤ ᠪᠠᠨ ᠤᠷᠤᠵᠦ ᠴᠢᠳᠠᠭ᠎ᠠ ᠦᠭᠡᠢ ᠲᠤᠯᠠ ᠲᠠᠬᠢᠨ ᠨᠢᠭᠡ ᠵᠢᠯ ᠲᠠᠪᠳᠠᠪᠠ᠃ ᠲᠤᠬᠠᠢ ᠵᠢᠨ ᠦᠶᠠᠳᠤ ᠠᠩᠬᠢ ᠵᠢᠨ ᠡᠷᠬᠢᠯᠡᠭᠴᠢ ᠨᠢ ᠪᠠᠢᠭᠰᠠᠨ ᠰᠠᠢᠨᠳᠤ ᠪᠠᠭᠰᠢ ᠲᠡᠬᠦᠨᠢ ᠤᠷᠮᠠᠰᠢᠭᠤᠯᠤᠨ ᠵᠤᠷᠢᠭᠵᠢᠭᠤᠯᠵᠦ᠂ ᠰᠤᠷᠤᠯᠭ᠎ᠠ ᠵᠢ ᠨᠢ ᠵᠢᠯᠤᠭᠤᠳᠬᠤ ᠵᠢᠨ ᠲᠦᠯᠦᠭᠡ ᠬᠡᠷᠲᠤ ᠪᠠᠨ ᠲᠤᠰᠤᠨ ᠠᠪᠠᠴᠢᠪᠠ᠃ ᠪᠠᠭᠰᠢ ᠵᠢᠨ ᠵᠢᠡᠨ ᠬᠠᠢᠷ᠎ᠠ ᠬᠠᠯᠠᠮᠵᠢ᠂ ᠬᠠᠪᠰᠤᠷᠤᠯᠭ᠎ᠠ ᠲᠡᠮᠵᠢᠯᠭᠡ ᠲᠤᠤᠷ᠎ᠠ ᠪᠤᠯᠤᠳ ᠲᠠᠷᠠᠭ᠎ᠠ ᠵᠢᠯᠳᠤ ᠨᠢ ᠦᠪᠦᠷ ᠮᠤᠩᠭᠤᠯᠤᠨ ᠲᠠᠷᠢᠶᠠᠯᠠᠩᠤᠨ ᠶᠡᠭᠡ ᠰᠤᠷᠭᠠᠭᠤᠯᠢᠳᠤ ᠰᠢᠯᠭᠠᠨ ᠤᠷᠤᠵᠦ᠂ ᠦᠪᠡᠷᠤᠨ ᠤᠳᠠᠭᠠᠨ ᠵᠢᠯᠤᠨ ᠬᠦᠰᠡᠯ ᠮᠦᠷᠦᠭᠡᠳᠦᠯᠢᠶᠡᠨ ᠪᠡᠶᠡᠯᠡᠭᠦᠯᠦᠭᠰᠡᠨ ᠪᠠᠢᠯ᠎ᠠ᠃ 《ᠪᠠᠭᠰᠢ ᠰᠠᠢᠳᠤᠶᠢᠨ ᠱᠠᠪᠢ ᠪᠠᠷᠳᠠᠮ》 ᠭᠡᠭᠴᠢ ᠡᠨᠡ ᠪᠠᠢᠬ᠎ᠠ ?
2004 ᠤᠨᠳᠤ ᠰᠠᠢᠨᠳᠤ ᠪᠠᠭᠰᠢ ᠪᠠᠶᠠᠨᠨᠠᠭᠤᠷ ᠬᠤᠲᠠ ᠵᠢᠨ ᠪᠠᠭᠰᠢ ᠵᠢᠨ ᠬᠦᠭᠵᠢᠬᠦᠯᠦᠯᠲᠠ ᠵᠢᠨ ᠲᠦᠪ ᠲᠸ᠋ ᠠᠵᠢᠯ ᠰᠢᠯᠵᠢᠵᠦ ᠲᠤᠭᠠᠨᠤ ᠤᠬᠠᠭᠠᠨᠤ ᠵᠢᠭᠠᠨ ᠰᠤᠳᠤᠯᠤᠭᠴᠢ ᠪᠡᠷ ᠠᠵᠢᠯᠯᠠᠭᠠᠳ ᠤᠳᠤ ᠪᠤᠯᠵᠦ ᠪᠤᠢ᠃ ᠵᠢᠭᠠᠨ ᠰᠤᠳᠤᠯᠤᠭᠴᠢ ᠵᠢ ᠶᠡᠷᠦᠳᠤ ᠪᠠᠨ ᠪᠠᠭᠰᠢ ᠵᠢᠨ《ᠪᠠᠭᠰᠢ》 ᠬᠡᠳᠡᠭ᠃
— ᠮᠠᠨᠤ ᠵᠠᠯᠠᠭᠤ ᠪᠠᠭᠰᠢ ᠨᠠᠷ ᠵᠠᠪᠠᠯ ᠲᠤᠰᠬᠠᠢ ᠮᠡᠷᠭᠡᠵᠢᠯᠤᠨ ᠬᠢᠷᠢ ᠲᠦᠪᠰᠢᠨ ᠵᠢᠡᠨ ᠲᠡᠭᠡᠭᠰᠢᠯᠡᠬᠦᠯᠵᠦ᠂ ᠵᠢᠭᠠᠨ ᠰᠤᠷᠭᠠᠯᠲᠠ ᠵᠢᠨ ᠠᠷᠭ᠎ᠠ ᠠᠪᠴᠠᠯ ᠵᠢᠡᠨ ᠰᠢᠨᠡᠳᠭᠡᠨ ᠦᠭᠡᠷᠡᠴᠢᠯᠠᠬᠦ ᠬᠡᠷᠡᠭᠲᠠᠢ᠃ ᠰᠤᠷᠤᠭᠴᠢᠳᠲᠤ ᠲᠤᠭᠠᠨᠤ ᠤᠬᠠᠭᠠᠨᠢ ᠦᠬᠦᠮᠡᠯ ᠵᠢᠡᠷ ᠵᠢᠭᠠᠨ ᠰᠤᠷᠭᠠᠵᠦ ᠪᠤᠯᠬᠤ ᠦᠭᠡᠢ᠂ ᠬᠠᠷᠢᠨ ᠲᠡᠳᠡᠨᠳᠤ ᠲᠤᠭᠠᠨᠤ ᠤᠬᠠᠭᠠᠨᠤ ᠦᠵᠠᠯ ᠰᠠᠨᠠᠭ᠎ᠠ᠂ ᠯᠤᠬᠢᠭ ᠰᠡᠳᠬᠢᠬᠦᠢ᠂ ᠠᠷᠭ᠎ᠠ ᠠᠪᠴᠠᠯᠢ ᠵᠢᠭᠠᠨ ᠰᠡᠳᠬᠢᠬᠦᠯᠵᠦ᠂ ᠤᠷᠮ᠎ᠠ ᠪᠠᠬ᠎ᠠ ᠵᠢ ᠨᠢ ᠲᠡᠳᠠᠵᠦ ᠴᠢᠳᠠᠪᠠᠯ ᠲᠤᠭᠠᠨᠤ ᠤᠬᠠᠭᠠᠨ ᠰᠤᠷᠬᠤ ᠡᠬᠦᠳᠠ ᠵᠢ ᠨᠡᠭᠡᠭᠡᠵᠦ ᠦᠭᠭᠦᠯ᠎ᠡ ᠬᠡᠵᠦ ᠪᠢ ᠦᠵᠡᠳᠡᠭ ᠬᠡᠵᠦ ᠰᠠᠢᠨᠳᠤ ᠪᠠᠭᠰᠢ ᠵᠢᠭᠠᠨ ᠰᠤᠷᠭᠠᠯᠲᠠ ᠵᠢᠨ ᠲᠤᠷᠰᠢᠯᠭ᠎ᠠ ᠪᠠᠨ ᠬᠤᠪᠢᠶᠠᠯᠴᠠᠨ᠎ᠠ᠃
《ᠬᠠᠢᠷ᠎ᠠ ᠪᠠᠢᠬᠤ ᠦᠭᠡᠢ ᠪᠤᠯ ᠰᠤᠷᠭᠠᠨ ᠬᠦᠮᠦᠵᠢᠯ ᠪᠠᠢᠬᠤ ᠦᠭᠡᠢ᠂ ᠲᠤᠷ᠎ᠠ ᠪᠠᠬ᠎ᠠ ᠪᠠᠢᠬᠤ ᠦᠭᠡᠢ ᠪᠤᠯ ᠰᠤᠷᠤᠯᠴᠠᠯᠭ᠎ᠠ ᠪᠠᠢᠵᠦ ᠴᠢᠳᠠᠬᠤ ᠦᠭᠡᠢ》ᠬᠡᠬᠦ ᠦᠭᠡ ᠵᠢ ᠰᠠᠢᠨᠳᠤ ᠪᠠᠭᠰᠢ ᠡᠷᠬᠢᠮᠯᠡᠳᠡᠭ᠃ ᠪᠠᠭᠰᠢ ᠨᠠᠷᠤᠨ ᠵᠢᠭᠠᠨ ᠰᠤᠷᠭᠠᠯᠲᠠ ᠵᠢᠨ ᠬᠢᠷᠢ ᠲᠦᠪᠰᠢᠨᠢ ᠲᠡᠭᠡᠭᠰᠢᠯᠡᠬᠦᠯᠬᠦ ᠵᠢᠨ ᠲᠤᠰᠠᠲᠠ ᠰᠠᠢᠨᠳᠤ ᠪᠠᠭᠰᠢ ᠪᠠᠰᠠ ᠠᠵᠢᠯᠤᠨ ᠴᠢᠯᠦᠭᠡ ᠪᠡᠷ ᠵᠢᠡᠨ ᠪᠠᠶᠠᠨᠨᠠᠭᠤᠷ ᠬᠤᠲᠠ ᠵᠢᠨ ᠪᠠᠭᠰᠢ ᠨᠠᠷᠤᠨ ᠵᠢᠷᠬᠢᠶ᠎ᠠ ᠵᠢᠨ ᠬᠤᠯᠪᠤᠭ᠎ᠠ ᠵᠢ ᠪᠠᠢᠭᠤᠯᠵᠦ᠂ ᠵᠢᠭᠠᠨ ᠰᠤᠷᠭᠠᠯᠲᠠ ᠵᠢᠨ ᠲᠠᠯ᠎ᠠ ᠪᠡᠷ ᠬᠢ ᠤᠢᠯᠠᠭᠠᠯᠳᠠ ᠪᠠ ᠬᠢᠴᠢᠶᠠᠯ ᠦᠨᠡᠯᠡᠭᠰᠡᠨᠤ ᠲᠠᠷᠠᠭᠠᠬᠢ ᠪᠤᠳᠤᠯᠬᠢᠯᠡᠯ ᠵᠢᠡᠨ ᠵᠢᠷᠬᠢᠶ᠎ᠠ ᠵᠢᠨ ᠬᠤᠯᠪᠤᠭ᠎ᠠ ᠳ᠋ᠤ ᠪᠠᠨ ᠰᠠᠴᠤᠵᠤ ᠦᠢᠯᠡᠰ ᠨᠢᠭᠡᠳᠡᠳ ᠲᠸ᠋ ᠪᠠᠨ ᠯᠠᠪᠯᠠᠯᠲᠠ ᠪᠤᠯᠭᠠᠵᠤ ᠪᠤᠢ᠃
《ᠰᠠᠷᠭᠠᠢ ᠴᠡᠴᠡᠭᠢ ᠬᠦᠮᠦᠨᠳᠤ ᠬᠦᠷᠭᠡᠬᠦᠳᠤ ᠰᠠᠢᠬᠠᠨ ᠦᠨᠦᠷ ᠨᠢ ᠭᠠᠷᠲᠤ ᠰᠢᠩᠭᠡᠳᠡᠭ》ᠬᠡᠳᠡᠭᠴᠢᠯᠠᠨ᠂ ᠵᠢᠭᠠᠨ ᠰᠤᠳᠤᠯᠤᠭᠴᠢ ᠪᠤᠯᠤᠭᠰᠠᠨ ᠠᠷᠪᠠᠭᠠᠳ ᠵᠢᠯᠤᠨ ᠲᠤᠷᠰᠢ ᠰᠠᠢᠨᠳᠤ ᠪᠠᠭᠰᠢ 3800 ᠭᠠᠷᠤᠢ ᠬᠢᠴᠢᠶᠠᠯ ᠰᠤᠨᠤᠰᠴᠦ ᠵᠢᠯᠤᠭᠤᠳᠤᠨ᠂ 4800 ᠭᠠᠷᠤᠢ ᠪᠠᠭᠰᠢ ᠨᠠᠷᠲᠤ ᠵᠢᠭᠠᠨ ᠰᠤᠷᠭᠠᠯᠲᠠ ᠵᠢᠨ ᠪᠤᠯᠪᠠᠰᠤᠷᠠᠯ ᠬᠦᠷᠳᠡᠭᠡᠵᠦ᠂ ᠪᠠᠶᠠᠨᠨᠠᠭᠤᠷ ᠬᠤᠲᠠ ᠵᠢᠨ ᠲᠤᠭᠠᠨᠤ ᠤᠬᠠᠭᠠᠨᠤ ᠪᠠᠭᠰᠢ ᠨᠠᠷᠤᠨ ᠶᠡᠷᠦᠩᠬᠡᠢ ᠬᠢᠷᠢ ᠲᠦᠪᠰᠢᠨᠤ ᠲᠡᠭᠡᠭᠰᠢᠯᠡᠯᠳᠡ ᠳ᠋ᠤ ᠮᠠᠰᠢ ᠶᠡᠬᠡ ᠬᠦᠴᠦᠨ ᠵᠢᠳᠭᠦᠯ ᠦᠵᠡᠭᠦᠯᠦᠭᠰᠡᠨ ᠶᠤᠮ᠃