— ᠪᠢ ᠲᠠᠢᠺᠢᠨᠳᠤᠤ ᠰᠤᠷᠤᠭᠠᠳ ᠭᠤᠷᠪᠠᠨ ᠵᠢᠯ ᠭᠠᠷᠤᠢ ᠪᠤᠯᠵᠤ ᠪᠠᠢᠨ᠎ᠠ᠃ ᠲᠠᠢᠺᠢᠨᠳᠤᠤ ᠰᠤᠷᠪᠠᠯ ᠪᠡᠶ᠎ᠡ ᠮᠠᠬᠠᠪᠤᠳᠢᠶᠡᠨ ᠴᠢᠬᠢᠷᠠᠬᠵᠢᠭᠤᠯᠵᠦ᠂ ᠵᠤᠷᠢᠭ ᠰᠦᠰᠦ ᠪᠠᠨ ᠲᠠᠪᠳᠠᠨ ᠪᠤᠯᠪᠠᠰᠤᠷᠠᠭᠤᠯᠬᠤᠮᠦᠷᠳᠡᠭᠡᠨ ᠦᠪᠡᠷᠤᠨ ᠪᠡᠶ᠎ᠡ ᠪᠠᠨ ᠬᠠᠮᠠᠭᠠᠯᠠᠵᠤ ᠴᠢᠳᠠᠨ᠎ᠠ ᠭᠡᠵᠦ ᠴᠠᠰᠤᠨ᠎ᠠ ᠶᠠᠷᠢᠨ᠎ᠠ᠃

ᠬᠦᠳᠡᠯᠦᠯ ᠪᠠᠷᠢᠯ ᠨᠢ ᠬᠦᠩᠭᠡᠨ᠂ ᠪᠤᠰᠢᠭᠤ᠂ ᠢᠳᠡᠯᠢᠭ ᠴᠠᠰᠤᠨ᠎ᠠ ᠨᠢᠭᠡᠨᠲᠡ ᠲᠠᠢᠺᠢᠨᠳᠤᠤᠶᠢᠨ ᠨᠤᠭᠤᠭᠠᠨ ᠬᠦᠬᠡ ᠪᠦᠰᠡ ᠪᠦᠰᠡᠯᠡᠵᠡᠢ᠃ ᠨᠤᠭᠤᠭᠠᠨ ᠬᠦᠬᠡ ᠪᠦᠰᠡ ᠭᠡᠭᠴᠢ ᠲᠠᠢᠺᠢᠨᠳᠤᠤᠶᠢᠨ ᠮᠡᠷᠭᠡᠵᠢᠯᠤᠨ ᠲᠠᠪᠤᠳᠤᠭᠠᠷ ᠲᠡᠰ ᠭᠡᠰᠡᠨ ᠦᠭᠡ᠃ ᠲᠡᠷᠡ ᠪᠤᠯ ᠳᠦᠷᠪᠡᠳ ᠬᠤᠰᠢᠭᠤᠨᠤ ᠮᠤᠩᠭᠤᠯ ᠦᠨᠳᠦᠰᠦᠲᠡᠨᠤ ᠪᠠᠭ᠎ᠠ ᠰᠤᠷᠭᠠᠭᠤᠯᠢᠶᠢᠨ 5 ᠤᠨᠤ ᠰᠤᠷᠤᠬᠴᠢ᠂ ᠡᠨᠡ ᠵᠢᠯ 11 ᠨᠠᠰᠤᠲᠠᠢ᠃
ᠴᠠᠰᠤᠨ᠎ᠠ ᠨᠠᠶ᠋ᠮᠠᠨ ᠨᠠᠰᠤᠲᠠᠢ ᠳ᠋ᠤ ᠪᠠᠨ ᠨᠢᠭᠡ ᠤᠳᠠᠭ᠎ᠠ ᠲᠸᠯᠸᠢᠰ ᠡᠴᠡ ᠲᠠᠢᠺᠢᠨᠳᠤᠤᠶᠢᠨ ᠤᠷᠤᠯᠳᠤᠭᠠᠨᠢ ᠦᠵᠡᠭᠡᠳ ᠡᠷᠳᠡᠮ ᠴᠢᠳᠠᠪᠤᠷᠢ᠂ ᠠᠷᠭ᠎ᠠ ᠰᠠᠮᠪᠠᠭ᠎ᠠ᠂ ᠵᠤᠷᠢᠭ ᠵᠤᠯᠪᠤᠭ᠎ᠠ ᠪᠦᠷᠢᠳᠦᠭᠰᠡᠨ ᠡᠮᠡᠭᠲᠡᠢ ᠲᠠᠮᠢᠷᠴᠢᠳᠢ ᠪᠠᠬᠠᠷᠬᠠᠵᠤ᠂ ᠬᠦᠳᠡᠯᠦᠯ ᠪᠠᠷᠢᠯᠢ ᠨᠢ ᠳᠠᠭᠤᠷᠢᠶᠠᠨ ᠬᠢᠪᠡ᠃ ᠬᠡᠤᠬᠡᠨᠤ ᠪᠠᠨ ᠬᠦᠭᠡᠷᠦᠬᠦᠨ ᠱᠤᠭ ᠲᠠᠢ ᠬᠦᠳᠡᠯᠦᠯ ᠪᠠᠷᠢᠯᠢ ᠬᠤᠭᠤᠯᠠ ᠪᠡᠯᠡᠳᠭᠡᠵᠤ ᠪᠠᠢᠬᠰᠠᠨ ᠡᠵᠢ ᠨᠢ ᠬᠠᠷᠠᠭᠠᠳ ᠲᠡᠰᠭᠡᠯ ᠦᠭᠡᠢ ᠢᠨᠢᠶᠡᠲᠤ ᠬᠦᠷᠴᠦ᠄《ᠮᠢᠨᠦ ᠬᠡᠤᠬᠡᠨ᠂ ᠲᠠᠢᠺᠢᠨᠳᠤᠤ ᠰᠤᠷᠬᠤ ᠰᠠᠨᠠᠭ᠎ᠠ ᠲᠠᠢ ᠶᠤᠮᠤᠤ ?》ᠭᠡᠵᠤ ᠵᠦᠭᠡᠷ ᠨᠢᠭᠡ ᠠᠰᠠᠭᠤᠬᠰᠠᠨ ᠴᠢᠨᠢ ᠴᠠᠰᠤᠨᠠᠶᠢᠨ ᠰᠠᠨᠠᠭ᠎ᠠ ᠲᠠᠢ ᠶᠠᠪ ᠴᠠᠪ ᠨᠡᠢᠴᠡᠭᠰᠡᠨ ᠪᠠᠢᠵᠠᠢ᠃
ᠢᠩᠬᠢᠭᠡᠳ ᠴᠠᠰᠤᠨ᠎ᠠ ᠦᠪᠴᠢ ᠴᠠᠭᠠᠨ ᠬᠤᠪᠴᠠᠰᠤ ᠲᠠᠢ ᠲᠠᠢᠺᠢᠨᠳᠤᠤᠶᠢᠨ ᠰᠤᠷᠤᠬᠴᠢ ᠪᠤᠯᠪᠠ᠃ ᠳᠤᠷ᠎ᠠ ᠪᠠᠬᠠᠵᠢᠨᠢᠶᠡᠨ ᠲᠦᠯᠦᠭᠡ ᠴᠢᠷᠮᠠᠢᠬᠤ ᠰᠢᠭ᠋ ᠵᠢᠷᠭᠠᠯ ᠦᠭᠡᠷ᠎ᠡ ᠶᠠᠭᠤ ᠪᠠᠢᠬᠤᠪ ? ᠲᠡᠷᠡ ᠠᠮᠠᠷᠠᠯᠲᠠᠶᠢᠨ ᠴᠠᠭᠢᠶᠡᠷᠢᠶᠡᠨ ᠡᠷᠲᠡᠯᠡᠵᠤ ᠤᠷᠤᠢᠯᠠᠨ᠂ ᠬᠠᠳᠠᠭᠤᠵᠢᠯᠲᠠᠢ ᠪᠤᠯᠪᠠᠰᠤᠷᠠᠬᠰᠠᠨ ᠡᠴᠡ ᠤᠬᠤᠷᠬᠠᠨ 2 ᠵᠢᠯᠤᠨ ᠬᠤᠭᠤᠴᠠᠭᠠᠨᠳᠤ ᠨᠤᠭᠤᠭᠠᠨ ᠬᠦᠬᠡ ᠪᠦᠰᠡ ᠪᠦᠰᠡᠯᠡᠬᠦ ᠪᠤᠯᠪᠠ᠃
— ᠬᠡᠤᠬᠡᠨ ᠮᠢᠨᠢ ᠲᠠᠢᠺᠢᠨᠳᠤᠤ ᠰᠤᠷᠬᠤ ᠶᠠᠪᠤᠴᠠ ᠳ᠋ᠤ ᠬᠦᠯ ᠭᠠᠷ ᠨᠢ ᠤᠯᠠᠨᠳᠠ ᠡᠪᠡᠳᠴᠤ ᠬᠠᠪᠤᠳᠤᠬᠰᠠᠨ᠃ ᠬᠡᠢᠰᠴᠤ ᠢᠷᠡᠭᠰᠡᠨ ᠶᠠᠭᠤᠮ᠎ᠠ ᠭᠡᠵᠦ ᠪᠠᠢᠳᠠᠭ ᠦᠬᠡᠢ ᠪᠤᠯᠬᠤᠷ ᠶᠠᠮᠠᠷ ᠡᠷᠳᠡᠮᠢ ᠰᠤᠷᠤᠬᠰᠠᠨᠴᠤ ᠬᠦᠴᠦ ᠬᠦᠯᠦᠰᠦ ᠤᠷᠤᠰᠬᠠᠬᠤ ᠶᠤᠰᠤᠳᠠᠢ ᠭᠡᠵᠤ ᠡᠵᠢ ᠨᠢ ᠶᠠᠷᠢᠨ᠎ᠠ᠃
ᠬᠤᠷᠢ ᠭᠠᠷᠤᠢ ᠵᠢᠯ ᠪᠠᠬᠰᠢᠶᠢᠨ ᠠᠯᠪᠠᠨ ᠳ᠋ᠤ ᠵᠢᠳᠭᠦᠵᠦ ᠢᠷᠡᠭᠰᠡᠨ ᠡᠵᠢ ᠨᠢ ᠦᠪᠡᠷᠤᠨ ᠬᠡᠤᠬᠡᠳ᠂ ᠦᠷᠦᠭᠡᠯᠤᠨ ᠬᠡᠤᠬᠡᠳ ᠭᠡᠵᠤ ᠢᠯᠭᠠᠯ ᠦᠭᠡᠢ ᠡᠷᠳᠡᠮ ᠮᠡᠳᠡᠯᠭᠡ ᠪᠠᠨ ᠶᠡᠬᠦᠯᠡᠵᠤ᠂ ᠬᠠᠳᠠᠭᠤ ᠴᠢᠨᠭᠭ᠎ᠠ ᠱᠠᠭᠠᠷᠳᠠᠳᠠᠭ ᠪᠠᠢᠯ᠎ᠠ᠃ ᠡᠢᠨᠬᠦ᠂ ᠪᠠᠬᠰᠢ ᠡᠵᠢᠶᠢᠨᠢᠶᠡᠨ ᠴᠢᠨᠭᠭ᠎ᠠ ᠬᠦᠮᠦᠵᠢᠯ ᠳᠤᠤᠷ᠎ᠠ ᠴᠠᠰᠤᠨ᠎ᠠ ᠴᠸ᠋ ᠪᠡᠶ᠎ᠡ ᠪᠠᠨ ᠳᠠᠭᠠᠭᠠᠵᠤ ᠦᠪᠡᠷᠤᠨ ᠶᠠᠪᠤᠳᠠᠯᠢᠶᠡᠨ ᠬᠢᠯᠠᠷᠠᠲᠠᠯ᠎ᠠ ᠬᠢᠬᠦ ᠳᠠᠳᠬᠠᠯ ᠲᠠᠢ ᠪᠤᠯᠵᠠᠢ᠃
— ᠬᠡᠤᠬᠡᠨ ᠮᠢᠨᠢ ᠤᠯᠠᠨ ᠭᠠᠵᠠᠷᠢᠶᠡᠷ ᠤᠯᠠᠨ ᠵᠦᠢᠯᠤᠨ ᠤᠷᠤᠯᠳᠤᠭᠠᠨᠳᠤ ᠶᠠᠪᠤᠳᠠᠭ᠃ ᠭᠡᠪᠡᠴᠦ ᠪᠢ ᠪᠤᠰᠤᠳᠤᠨ ᠠᠪᠤ ᠡᠵᠢ ᠲᠠᠢ ᠠᠳᠠᠯᠢᠬᠠᠨ ᠳᠠᠭᠠᠵᠤ ᠶᠠᠪᠤᠳᠠᠭ ᠦᠭᠡᠢ᠃ ᠦᠬᠢᠨ ᠮᠢᠨᠢ ᠰᠤᠷᠭᠠᠬᠴᠢ ᠪᠠᠨ ᠳᠠᠭᠠᠵᠤ ᠶᠠᠪᠤᠭᠠᠳ ᠱᠠᠨᠭᠨᠠᠯᠢᠶᠡᠨ ᠳᠡᠪᠡᠷᠢᠭᠡᠳ ᠢᠷᠡᠳᠡᠭ᠃ ᠢᠨᠭᠬᠢᠬᠦ ᠨᠢ ᠬᠡᠤᠬᠡᠨᠤ ᠮᠢᠨᠢ ᠪᠡᠶ᠎ᠡ ᠪᠠᠨ ᠳᠠᠭᠠᠭᠠᠬᠤ᠂ ᠬᠦᠴᠢᠷ ᠪᠡᠷᠭᠡᠰᠢᠶᠡᠯᠢ ᠢᠯᠠᠨ ᠳᠠᠪᠠᠬᠤ ᠵᠢᠴᠢ ᠵᠤᠷᠢᠭ ᠰᠦᠰᠦᠶᠢ ᠨᠢ ᠲᠠᠪᠳᠠᠨ ᠪᠤᠯᠪᠠᠰᠤᠷᠠᠭᠤᠯᠬᠤᠳᠤ ᠲᠤᠰᠠ ᠳᠠᠢ ᠪᠤᠯᠤᠬᠰᠠᠨ ᠭᠡᠵᠤ ᠡᠵᠢ ᠨᠢ ᠤᠴᠢᠷᠯᠠᠨ᠎ᠠ᠃
ᠤᠷᠤᠯᠳᠤᠭᠠᠨ ᠮᠦᠷᠦᠢᠴᠡᠭᠡᠨᠢᠶᠡᠷ ᠳᠠᠮᠵᠢᠨ ᠤᠷ᠎ᠠ ᠳᠡᠮᠢᠶᠡᠨ ᠭᠠᠢᠬᠠᠭᠤᠯᠵᠤ᠂ ᠡᠵᠡᠮᠰᠢᠭᠰᠡᠨ ᠮᠡᠷᠭᠡᠵᠢᠯᠢᠶᠡᠨ ᠬᠢᠨᠠᠨ ᠦᠨᠡᠯᠡᠭᠦᠯᠳᠡᠭ ᠨᠢ ᠲᠠᠢᠺᠢᠨᠳᠤᠤᠶᠢᠨ ᠵᠢᠮ᠎ᠠ᠃ ᠲᠠᠢᠺᠢᠨᠳᠤᠤᠶᠢᠨ ᠳᠡᠰ ᠪᠦᠷᠢᠶᠢᠨ ᠤᠨᠴᠠᠯᠢᠭ ᠱᠠᠭᠠᠷᠳᠠᠯᠭ᠎ᠠ ᠵᠢ ᠦᠨᠳᠦᠰᠦᠯᠡᠵᠤ ᠰᠢᠯᠭᠠᠯᠲᠠᠶᠢᠨ ᠠᠭᠤᠯᠭ᠎ᠠ ᠪᠠᠨᠴᠤ ᠠᠳᠠᠯᠢ ᠦᠭᠡᠢ ᠲᠤᠬᠢᠷᠠᠭᠤᠯᠳᠠᠭ᠃ ᠡᠬᠦᠨᠳᠤ᠂ ᠦᠨᠳᠦᠰᠦᠨ ᠬᠦᠳᠡᠯᠦᠯ ᠪᠠᠷᠢᠯ᠂ ᠬᠦᠯᠤᠨ ᠡᠷᠳᠡᠮ᠂ ᠨᠢᠳᠤᠷᠭᠠᠶᠢᠨ ᠡᠷᠳᠡᠮ᠂ ᠴᠦᠷᠭᠡᠯᠡᠭᠡ ᠡᠷᠳᠡᠮ᠂ ᠤᠷᠤᠯᠳᠤᠭᠴᠢᠶᠢᠨ ᠪᠡᠶ᠎ᠡ ᠮᠠᠬᠠᠪᠤᠳᠤᠨ ᠴᠢᠨᠠᠷ ᠴᠢᠨᠰᠠᠭ᠎ᠠ ᠵᠡᠷᠭᠡ ᠠᠳᠠᠯᠢ ᠪᠤᠰᠤ ᠲᠠᠯᠠᠳᠤ ᠬᠢᠨᠡᠨ ᠰᠢᠯᠭᠠᠯᠲᠠ ᠬᠢᠳᠡᠭ᠃ ᠤᠢᠯᠠᠭᠠᠬᠰᠠᠨᠢᠶᠡᠷ᠂ ᠬᠡᠤᠬᠡᠳ ᠪᠦᠬᠦᠯᠢ 6 ᠨᠠᠰᠤᠯᠠᠪᠠᠯ ᠲᠠᠢᠺᠢᠨᠳᠤᠤᠡᠬᠢᠯᠡᠵᠤ ᠰᠤᠷᠴᠤ ᠪᠤᠯᠬᠤ ᠪᠦᠭᠡᠳ ᠬᠠᠮᠤᠭᠤᠨ ᠳᠡᠭᠡᠲᠤ ᠳᠡᠰᠤᠨ ᠬᠠᠷ᠎ᠠ ᠪᠦᠰᠡᠶᠢ ᠪᠦᠬᠦᠯᠢ 15 ᠨᠠᠰᠤᠯᠠᠪᠠᠯ ᠰᠢᠯᠭᠠᠵᠤ ᠪᠤᠯᠳᠠᠭ᠃
ᠴᠠᠰᠤᠨ᠎ᠠ 3 ᠵᠢᠯᠤᠨ ᠬᠤᠭᠤᠴᠠᠭᠠᠨᠳᠤ ᠤᠷ᠎ᠠ ᠠᠪᠢᠶᠠᠰ᠂ ᠡᠷᠡᠮᠡᠬᠡᠢ ᠵᠤᠷᠢᠭᠢᠶᠡᠨ ᠪᠠᠳᠠᠷᠠᠭᠤᠯᠵᠦ᠂ ᠡᠩᠭᠡᠷ ᠳᠦᠭᠦᠷᠡᠩ ᠱᠠᠩᠨᠠᠯ ᠬᠦᠷᠳᠡᠭᠰᠡᠨ᠃ 2020 ᠤᠨᠤ 10 ᠰᠠᠷᠠᠳᠤ ᠬᠦᠬᠡᠬᠤᠲᠠᠨ᠎ᠠ ᠶᠠᠪᠤᠭᠳᠠᠭᠰᠠᠨ ᠪᠦᠬᠦ ᠤᠷᠤᠨᠤ《CK ᠬᠤᠨᠳᠠᠭᠠᠲᠤ》ᠲᠠᠢᠺᠢᠨᠳᠤᠤᠶᠢᠨ ᠤᠷᠤᠯᠳᠤᠭᠠᠨᠳᠤ ᠬᠤᠶᠠᠷ ᠮᠢᠨᠭᠭᠠ ᠭᠠᠷᠤᠢ ᠬᠡᠤᠬᠡᠳᠤᠨ ᠳᠤᠮᠳᠠ ᠡᠴᠡ ᠴᠤᠯᠭᠤᠷᠠᠨ ᠭᠠᠷᠴᠤ ᠮᠦᠩᠬᠦᠨ ᠮᠸᠳ᠋ᠠᠯ ᠭᠠᠷᠳᠠᠵᠤ ᠪᠢᠯᠡ᠃
《ᠲᠠᠢᠺᠢᠨᠳᠤᠤᠶᠢᠨ ᠬᠠᠮᠤᠭᠤᠨ ᠳᠡᠭᠡᠲᠤ ᠳᠡᠰᠤᠨ ᠬᠠᠷ᠎ᠠ ᠪᠦᠰᠡ ᠪᠤᠯ ᠮᠢᠨᠦ ᠡᠴᠦᠰᠤᠨ ᠲᠡᠮᠡᠴᠡᠬᠦ ᠬᠠᠷᠠᠯᠲᠠ ᠪᠤᠯᠤᠨ᠎ᠠ᠂ ᠪᠢ ᠡᠳᠦᠷ ᠪᠦᠷᠢ ᠰᠠᠢᠨ ᠪᠤᠯᠪᠠᠰᠤᠷᠠᠵᠤ ᠪᠠᠢᠨ᠎ᠠ》ᠭᠡᠵᠤ ᠴᠠᠰᠤᠨ᠎ᠠ ᠵᠤᠷᠢᠬᠰᠠᠨ ᠵᠦᠭᠲᠤ ᠪᠠᠨ ᠲᠡᠮᠡᠤᠯᠵᠤ ᠶᠠᠪᠤᠨ᠎ᠠ᠃
ᠤᠨᠭᠰᠢᠪᠤᠷᠢ᠄
ᠲᠠᠢᠺᠢᠨᠳᠤᠤᠶᠢᠨ ᠳᠡᠰᠢ ᠪᠦᠰᠡᠶᠢᠨ ᠦᠨᠭᠭᠡ ᠪᠡᠷ ᠢᠯᠭᠠᠵᠤ ᠬᠤᠪᠢᠶᠠᠳᠠᠭ᠃ ᠴᠠᠭᠠᠨ ᠪᠦᠰᠡ ᠨᠢ ᠬᠠᠮᠤᠭ ᠳᠤᠤᠷ᠎ᠠ ᠳᠡᠰ ᠪᠠᠢᠵᠤ᠂ 10᠂ 9 ᠳ᠋ᠤᠭᠡᠷ ᠳᠡᠰ ᠢ᠋ ᠲᠦᠯᠦᠭᠡᠯᠡᠵᠤ᠂ ᠰᠢᠷ᠎ᠡ ᠪᠦᠰᠡ ᠨᠢ 8 ᠳ᠋ᠤᠭᠠᠷ ᠳᠡᠰᠢ᠂ ᠰᠢᠷ᠎ᠡ ᠨᠤᠭᠤᠭᠠᠨ ᠪᠦᠰᠡ ᠨᠢ 7 ᠳ᠋ᠤᠭᠠᠷ ᠳᠡᠰᠢ᠂ ᠨᠤᠭᠤᠭᠠᠨ ᠪᠦᠰᠡ ᠨᠢ 6 ᠳ᠋ᠤᠭᠠᠷ ᠳᠡᠰᠢ᠂ ᠨᠤᠭᠤᠭᠠᠨ ᠬᠦᠬᠡ ᠪᠦᠰᠡ ᠨᠢ 5 ᠳ᠋ᠤᠭᠠᠷ ᠳᠡᠰᠢ᠂ ᠬᠦᠭᠡ ᠪᠦᠰᠡ ᠨᠢ 4 ᠳ᠋ᠤᠭᠡᠷ ᠳᠡᠰᠢ᠂ ᠬᠦᠬᠡ ᠤᠯᠠᠭᠠᠨ ᠪᠦᠰᠡ ᠨᠢ 3 ᠳ᠋ᠤᠭᠠᠷ ᠳᠡᠰᠢ᠂ ᠤᠯᠠᠭᠠᠨ ᠪᠦᠰᠡ ᠨᠢ 2 ᠳ᠋ᠤᠭᠠᠷ ᠳᠡᠰᠢ᠂ ᠤᠯᠠᠭᠠᠨ ᠬᠠᠷ᠎ᠠ ᠪᠦᠰᠡ ᠨᠢ 1 ᠳ᠋ᠤᠭᠡᠷ ᠳᠡᠰᠢ ᠲᠦᠯᠦᠭᠡᠯᠡᠵᠦ᠂ ᠬᠠᠮᠤᠭᠤᠨ ᠳᠡᠭᠡᠲᠤ ᠳᠡᠰ ᠨᠢ ᠬᠠᠷ᠎ᠠ ᠪᠦᠰᠡ ᠵᠡᠭᠦᠳᠡᠭ᠃
ᠤᠨᠭᠰᠢᠪᠤᠷᠢ᠄
ᠲᠠᠢᠺᠢᠨᠳᠤᠤᠶᠢᠨ ᠳᠡᠰᠢ ᠪᠦᠰᠡᠶᠢᠨ ᠦᠨᠭᠭᠡ ᠪᠡᠷ ᠢᠯᠭᠠᠵᠤ ᠬᠤᠪᠢᠶᠠᠳᠠᠭ᠃ ᠴᠠᠭᠠᠨ ᠪᠦᠰᠡ ᠨᠢ ᠬᠠᠮᠤᠭ ᠳᠤᠤᠷ᠎ᠠ ᠳᠡᠰ ᠪᠠᠢᠵᠤ᠂ 10᠂ 9 ᠳ᠋ᠤᠭᠡᠷ ᠳᠡᠰ ᠢ᠋ ᠲᠦᠯᠦᠭᠡᠯᠡᠵᠤ᠂ ᠰᠢᠷ᠎ᠡ ᠪᠦᠰᠡ ᠨᠢ 8 ᠳ᠋ᠤᠭᠠᠷ ᠳᠡᠰᠢ᠂ ᠰᠢᠷ᠎ᠡ ᠨᠤᠭᠤᠭᠠᠨ ᠪᠦᠰᠡ ᠨᠢ 7 ᠳ᠋ᠤᠭᠠᠷ ᠳᠡᠰᠢ᠂ ᠨᠤᠭᠤᠭᠠᠨ ᠪᠦᠰᠡ ᠨᠢ 6 ᠳ᠋ᠤᠭᠠᠷ ᠳᠡᠰᠢ᠂ ᠨᠤᠭᠤᠭᠠᠨ ᠬᠦᠬᠡ ᠪᠦᠰᠡ ᠨᠢ 5 ᠳ᠋ᠤᠭᠠᠷ ᠳᠡᠰᠢ᠂ ᠬᠦᠭᠡ ᠪᠦᠰᠡ ᠨᠢ 4 ᠳ᠋ᠤᠭᠡᠷ ᠳᠡᠰᠢ᠂ ᠬᠦᠬᠡ ᠤᠯᠠᠭᠠᠨ ᠪᠦᠰᠡ ᠨᠢ 3 ᠳ᠋ᠤᠭᠠᠷ ᠳᠡᠰᠢ᠂ ᠤᠯᠠᠭᠠᠨ ᠪᠦᠰᠡ ᠨᠢ 2 ᠳ᠋ᠤᠭᠠᠷ ᠳᠡᠰᠢ᠂ ᠤᠯᠠᠭᠠᠨ ᠬᠠᠷ᠎ᠠ ᠪᠦᠰᠡ ᠨᠢ 1 ᠳ᠋ᠤᠭᠡᠷ ᠳᠡᠰᠢ ᠲᠦᠯᠦᠭᠡᠯᠡᠵᠦ᠂ ᠬᠠᠮᠤᠭᠤᠨ ᠳᠡᠭᠡᠲᠤ ᠳᠡᠰ ᠨᠢ ᠬᠠᠷ᠎ᠠ ᠪᠦᠰᠡ ᠵᠡᠭᠦᠳᠡᠭ᠃