ᠤᠰᠤᠨ ᠲᠤᠲᠤᠷ᠎ᠠ ᠤᠬᠠᠭᠠᠨ ᠤᠷᠤᠰᠤᠨ᠎ᠠ
2022-01-21 16:21:27
ᠵᠣᠬᠢᠶᠠᠭ᠍ᠴᠢ᠄
ᠴᠤᠯᠮᠤᠨ
ᠣᠩᠱᠢᠭ᠍ᠰᠠᠨ ᠣᠳᠠᠭ᠎ᠠ᠄
★★★☆☆

— ᠡᠵᠢ ᠡ᠂ ᠠᠬ᠎ᠠ ᠪᠠᠰᠠ ᠨᠢᠭᠡᠳᠦᠭᠡᠷ᠎ᠲᠤ ᠢᠷᠡᠭ᠌ᠰᠡᠨ᠃

— ᠮᠢᠨᠤ ᠬᠦᠦ᠂ ᠤᠳᠤ ᠴᠢᠨᠤᠬᠢ ᠪᠤᠯᠤᠭ᠍ᠰᠠᠨ ᠡ ᠁

ᠡᠨᠡ ᠪᠤᠯ ᠬᠦᠯᠦᠨ ᠪᠤᠢᠷ ᠬᠤᠳᠠ᠎ᠶ᠋ᠢᠨ ᠠᠷᠤᠨ ᠬᠤᠱᠢᠭᠤᠨ᠎ᠳᠤ ᠶᠠᠪᠤᠭ᠍ᠳᠠᠭ᠍ᠰᠠᠨ 2021 ᠤᠨ᠎ᠤ《ᠪᠡᠶ᠎ᠡ᠎ᠶ᠋ᠢᠨ ᠲᠠᠮᠢᠷ᠎ᠤᠨ ᠱᠠᠩᠨᠠᠯᠲᠤ ᠰᠤᠭᠤᠯᠤᠭ᠎ᠠ ᠬᠤᠨᠳᠠᠭᠠᠲᠤ》 ᠬᠥᠯᠥᠨ ᠪᠤᠢᠷ ᠬᠤᠲᠠ᠎ᠶ᠋ᠢᠨ ᠵᠠᠯᠠᠭᠤᠴᠤᠳ ᠪᠠᠭᠠᠴᠤᠳ᠎ᠤᠨ ᠤᠮᠪᠠᠯᠲᠠ᠎ᠶ᠋ᠢᠨ ᠮᠠᠩᠯᠠᠶ ᠱᠢᠯᠭᠠᠷᠠᠭᠤᠯᠬᠤ ᠤᠷᠤᠯᠳᠤᠭᠠᠨ᠎ᠤ ᠠᠬᠤᠢ ᠲᠠᠯᠠᠪᠠᠢ ᠳ᠋ᠡᠭᠢ ᠡᠬᠡ ᠬᠦᠦ ᠬᠤᠶᠠᠷ᠎ᠤᠨ ᠶᠠᠷᠢᠯᠴᠠᠭ᠎ᠠ ᠪᠤᠯᠤᠨ᠎ᠠ᠃


QQ图片20220121162100.png


ᠤᠰᠤ ᠬᠦᠮᠦᠨ ᠬᠤᠶᠠᠷ ᠰᠠᠯᠵᠦ᠍ ᠪᠤᠯᠤᠰᠢ ᠦᠬᠡᠢ ᠪᠠᠢᠳᠠᠭ᠃ ᠤᠰᠤᠨ᠎ᠤ ᠦᠢᠯᠡᠳᠦᠯ ᠮᠠᠰᠢ ᠠᠷᠪᠢᠨ᠂ ᠤᠮᠪᠠᠯᠳᠠ ᠪᠤᠯ ᠳᠠᠷᠤᠢ ᠦᠢᠯᠡᠳᠦᠯ᠎ᠤᠨ ᠬᠢᠨᠢ ᠨᠢᠭᠡ ᠪᠤᠯᠤᠨ᠎ᠠ᠃ ᠡᠨᠡ ᠠᠬ᠎ᠠ ᠳᠡᠬᠦᠦ ᠬᠤᠶᠠᠭᠤᠯᠠ ᠪᠤᠯ 12 ᠨᠠᠰᠤᠳᠠᠢ ᠰᠧᠷᠠᠨᠫᠤᠩᠴᠤᠭ ᠪᠤᠯᠤᠨ 9 ᠨᠠᠰᠤᠳᠠᠢ ᠳ᠋ᠠᠱᠢᠵᠠᠮᠰᠦ ᠪᠤᠯᠤᠨ᠎ᠠ᠃ ᠠᠬ᠎ᠠ ᠰᠧᠷᠠᠨᠫᠤᠩᠴᠤᠭ ᠨᠢ ᠬᠦᠯᠦᠨ ᠪᠤᠢᠷ᠎ᠤᠨ ᠰᠢᠨ ᠬᠠᠢ ᠳᠤᠮᠳᠠᠳᠤ ᠰᠤᠷᠭᠠᠭᠤᠯᠢ᠎ᠳᠤ ᠰᠤᠷᠤᠯᠴᠠᠵᠦ᠍ ᠪᠤᠢ᠂ ᠳᠡᠬᠦᠦ᠍ ᠳ᠋ᠠᠱᠢᠵᠠᠮᠰᠦ ᠨᠢ ᠬᠦᠯᠦᠨ ᠪᠠᠭ᠎ᠠ ᠰᠤᠷᠭᠠᠭᠤᠯᠢ᠎ᠶ᠋ᠢᠨ ᠲᠦᠷᠪᠡᠳᠦᠭᠡᠷ ᠤᠨ ᠳ᠋ᠤ ᠰᠤᠷᠤᠯᠴᠠᠳᠠᠭ᠃

— ᠡᠵᠢ ᠮᠢᠨᠢ ᠪᠢᠳᠠ ᠬᠤᠶᠠᠷ ᠲᠸ᠋ ᠤᠮᠪᠠᠭᠤᠯᠬᠤ᠎ᠶ᠋ᠢ ᠰᠤᠷᠭᠠᠭ᠍ᠰᠠᠨ᠃ ᠪᠢ ᠤᠰᠤ ᠤᠮᠪᠠᠭ᠍ᠤ᠎ᠶ᠋ᠢ ᠰᠤᠷᠤᠭᠠᠳ ᠬᠤᠶᠠᠷ ᠵᠢᠯ ᠪᠤᠯᠵᠦ᠍ ᠪᠠᠢᠨ᠎ᠠ᠃ ᠡᠨᠡ ᠤᠳᠠᠭᠠᠨ᠎ᠤ ᠤᠷᠤᠯᠳᠤᠭᠠᠨ ᠪᠤᠯ ᠮᠢᠨᠤ ᠠᠩᠬᠠᠨ᠎ᠤ ᠤᠷᠤᠯᠳᠤᠭᠠᠨ ᠪᠤᠯᠤᠨ᠎ᠠ ᠭᠡᠵᠦ᠍ ᠳᠡᠬᠦᠦ ᠳ᠋ᠠᠱᠢᠵᠠᠮᠰᠦ ᠨᠢ ᠪᠠᠶᠠᠷᠳᠠᠢᠬᠠᠨ᠃

ᠠᠬ᠎ᠠ ᠰᠧᠷᠠᠨᠫᠤᠩᠴᠤᠭ᠎ᠨᠢ 9 ᠨᠠᠰᠤᠳᠠᠢ ᠤᠰᠤ ᠤᠮᠪᠠᠵᠦ᠍ ᠰᠤᠷᠤᠬ᠍ᠰᠠᠨ᠃ ᠲᠤᠰ ᠤᠳᠠᠭ᠎ᠠ᠎ᠶ᠋ᠢᠨ ᠤᠷᠤᠯᠳᠤᠭᠠᠨ᠎ᠳᠤ ᠲᠡᠷᠡ 2008 — 2009 ᠤᠨ᠎ᠳᠤ ᠲᠦᠷᠦᠭ᠌ᠰᠡᠨ ᠪᠠᠭᠠᠴᠤᠳ᠎ᠤᠨ 100 ᠮᠧᠲᠷ᠎ᠤᠨ ᠴᠢᠯᠥᠭᠡᠲᠦ ᠤᠮᠪᠠᠯᠲᠠ᠂ 200 ᠮᠧᠲᠷ᠎ᠤᠨ ᠬᠤᠯᠢᠮᠠᠭ ᠤᠮᠪᠠᠯᠳᠠ ᠪᠡ 800 ᠮᠧᠲᠷ᠎ᠤᠨ ᠴᠢᠯᠥᠭᠡᠲᠦ ᠤᠮᠪᠠᠯᠲᠠ᠎ᠳᠤ ᠪᠦᠷ ᠲᠡᠷᠢᠬᠦᠯᠡᠭ᠌ᠰᠡᠨ ᠪᠦᠭᠡᠳ 50 ᠮᠧᠲᠷ᠎ᠤᠨ ᠲᠠᠩᠭᠠᠢ᠌ᠮᠠᠯ ᠤᠮᠪᠠᠯᠲᠠ᠎ᠳᠤ ᠬᠤᠶᠠᠳᠤᠭᠠᠷ ᠨᠡᠷᠡᠰ᠎ᠲᠤ ᠲᠤᠳᠤᠷᠠᠵᠡᠢ᠃ ᠲᠡᠬᠦᠦ ᠳ᠋ᠠᠱᠢᠵᠠᠮᠰᠦ᠎ᠨᠢ 2012 — 2013 ᠤᠨ᠎ᠳᠤ ᠲᠦᠷᠦᠭ᠌ᠰᠡᠨ ᠪᠠᠭᠠᠴᠤᠳ᠎ᠤᠨ 50 ᠮᠧᠲᠷ᠎ᠤᠨ ᠡᠷᠪᠡᠬᠡᠶ ᠤᠮᠪᠠᠯᠲᠠ᠂ 50 ᠮᠧᠲᠷ᠎ᠤᠨ ᠲᠠᠩᠭᠠᠢᠮᠠᠯ ᠤᠮᠪᠠᠯᠲᠠ ᠪᠠ 100 ᠮᠧᠲᠷ᠎ᠤᠨ ᠡᠷᠪᠡᠬᠡᠶ ᠤᠮᠪᠠᠯᠲᠠ᠂ 400 ᠮᠧᠲᠷ᠎ᠤᠨ ᠴᠢᠯᠥᠭᠡᠲᠦ ᠤᠮᠪᠠᠯᠲᠠ᠎ᠳᠤ ᠪᠦᠷ ᠲᠡᠳ᠋ᠯᠡᠵᠡᠢ᠃


QQ图片20220121162107.png


— ᠲᠤᠰ ᠤᠳᠠᠭᠠᠨ᠎ᠤ ᠤᠷᠤᠯᠳᠤᠭᠠᠨ ᠪᠤᠯ ᠮᠢᠨᠤ ᠬᠠᠮᠤᠭ᠎ᠤᠨ ᠮᠠᠷᠳᠠᠭ᠍ᠳᠠᠰᠢ ᠦᠭᠡᠢ ᠤᠷᠤᠯᠳᠤᠭᠠᠨ ᠪᠤᠯᠤᠨ᠎ᠠ᠃ ᠡᠨᠡ ᠤᠷᠤᠯᠳᠤᠭᠠᠨ᠎ᠳᠤ ᠪᠢ ᠭᠤᠷᠪᠠᠨ ᠠᠯᠲᠠᠨ ᠮᠧᠳᠠᠯ᠂ ᠨᠢᠭᠡ ᠮᠦᠩᠬᠦᠨ ᠮᠧᠳᠠᠯ ᠠᠪᠤᠭᠠᠳ ᠡᠵᠢ᠎ᠳᠤ᠎ᠪᠠᠨ ᠥᠭ᠌ᠬᠦᠭ᠌ᠰᠡᠨ᠃ ᠳᠡᠬᠦᠦ ᠪᠢᠳᠠ ᠬᠤᠶᠠᠷ ᠡᠷᠪᠡᠬᠡᠶ ᠤᠮᠪᠠᠯᠲᠠ᠂ ᠲᠠᠩᠭᠠᠢ᠌ᠮᠠᠯ ᠤᠮᠪᠠᠯᠳᠠ᠂ ᠴᠢᠯᠥᠭᠡᠲᠦ ᠤᠮᠪᠠᠯᠲᠠ᠂ ᠮᠡᠯᠡᠬᠡᠶ ᠤᠮᠪᠠᠯᠲᠠ ᠵᠢ ᠪᠦᠷ ᠴᠢᠳᠠᠨ᠎ᠠ ᠭᠡᠵᠦ᠍ ᠰᠧᠷᠠᠨᠫᠤᠩᠴᠤᠭ ᠶᠠᠷᠢᠯ᠎ᠠ᠃

ᠴᠢᠯᠦᠭᠡᠲᠤ ᠤᠮᠪᠠᠯᠲᠠ᠎ᠨᠢ 1896 ᠣᠨ᠎ᠤ ᠠᠩᠬᠠᠳᠤᠭᠠᠷ ᠬᠤᠭᠤᠴᠠᠭᠠᠨ᠎ᠤ ᠣᠯᠢᠮᠫᠢᠺ᠎ᠤᠨ ᠴᠤᠭ᠍ᠯᠠᠭᠠᠨ᠎ᠤ ᠵᠢᠩᠬᠢᠨᠢ ᠤᠷᠤᠯᠳᠤᠭᠠᠨ᠎ᠤ ᠲᠦᠷᠦᠯ ᠪᠤᠯᠵᠡᠢ᠃ ᠲᠤᠰ ᠤᠮᠪᠠᠯᠲᠠ᠎ᠶ᠋ᠢᠨ ᠰᠠᠭᠠᠲᠠᠭᠤᠯᠬᠤ ᠬᠦᠴᠦᠨ᠎ᠨᠢ ᠪᠠᠭ᠎ᠠ᠂ ᠬᠤᠷᠳᠤᠴᠠ᠎ᠨᠢ ᠵᠢᠭ᠌ᠳᠡ᠂ ᠲᠦᠷᠭᠡᠨ ᠮᠦᠷᠳᠡᠭᠡᠨ ᠬᠦᠴᠦ᠍ ᠠᠷᠪᠢᠯᠠᠳᠠᠭ᠂ ᠬᠤᠷᠳᠤᠴᠠ ᠬᠠᠮᠤᠭ᠎ᠤᠨ ᠬᠤᠷᠳᠤᠨ ᠨᠢᠭᠡ ᠵᠦᠢᠯ᠎ᠤᠨ ᠤᠮᠪᠠᠯᠲᠠ᠎ᠶ᠋ᠢᠨ ᠬᠡᠯᠪᠡᠷᠢ ᠪᠣᠯᠤᠨ᠎ᠠ᠃ ᠮᠡᠯᠡᠬᠡᠶ ᠤᠮᠪᠠᠯᠲᠠ ᠪᠣᠯ ᠮᠡᠯᠡᠬᠡᠶ᠎ᠶᠢᠨ ᠤᠮᠪᠠᠬᠤ ᠬᠥᠳᠡᠯᠦᠯ᠎ᠢ ᠳᠠᠭᠤᠷᠢᠶᠠᠭ᠍ᠰᠠᠨ ᠪᠥᠭᠡᠳ ᠬᠠᠮᠤᠭ᠎ᠤᠨ ᠡᠷᠲᠡᠨ᠎ᠤ ᠤᠮᠪᠠᠯᠲᠠ᠎ᠶ᠋ᠢᠨ ᠬᠡᠯᠪᠡᠷᠢ ᠪᠣᠯᠤᠨ᠎ᠠ᠃ ᠮᠡᠯᠡᠬᠡᠶ ᠤᠮᠪᠠᠯᠲᠠ᠎ᠨᠢ ᠬᠦᠴᠦ᠍ᠨ᠎ᠳᠤ ᠠᠷᠪᠢᠲᠠᠶ ᠲᠤᠯᠠ ᠵᠢᠭᠠᠰᠤ ᠠᠩᠨᠠᠬᠤ᠂ ᠤᠰᠤᠨ᠎ᠳᠤ ᠤᠮᠪᠠᠭ᠍ᠤ᠂ ᠠᠪᠤᠷᠨᠨ ᠲᠤᠰᠠᠯᠠᠬᠤ ᠵᠡᠷᠭᠡ ᠤᠯᠠᠨ ᠵᠦᠢᠯ᠎ᠳᠤ ᠬᠡᠷᠡᠭ᠌ᠯᠡᠭᠳᠡᠳᠡᠭ᠃ ᠮᠦᠨ ᠬᠦ᠌ ᠪᠠᠰᠠ ᠤᠰᠤ ᠤᠮᠪᠠᠵᠦ᠍ ᠰᠤᠷᠬᠤ᠎ᠳᠤ ᠠᠩᠬᠠᠨ᠎ᠤ ᠰᠤᠷᠬᠤ ᠶᠤᠰᠤᠳᠠᠢ ᠬᠡᠯᠪᠡᠷᠢ ᠪᠤᠯᠤᠨ᠎ᠠ᠃ ᠲᠠᠩᠭᠠᠢᠮᠠᠯ ᠤᠮᠪᠠᠯᠲᠠ᠎ᠶ᠋ᠢ ᠪᠠᠰᠠ ᠨᠢᠷᠤᠭᠤ᠎ᠪᠠᠷ᠎ᠢᠶᠠᠨ ᠤᠮᠪᠠᠭ᠍ᠤ ᠭᠡᠳᠡᠭ᠂ ᠨᠢᠭᠤᠷ᠎ᠨᠢ ᠤᠰᠤᠨ ᠭᠠᠳᠠᠷᠭᠤ ᠳ᠋ᠤ ᠪᠠᠢᠳᠠᠭ ᠪᠤᠯᠬᠤᠷ ᠠᠮᠢᠰᠭᠤᠬᠤ᠎ᠳᠤ ᠮᠠᠰᠢ ᠳᠥᠭᠦᠮ᠂ ᠬᠠᠷᠢᠨ ᠡᠮᠦᠨᠠᠬᠢ ᠵᠠᠮ᠎ᠢᠶᠠᠨ ᠣᠯᠵᠤ ᠦᠵᠡᠬᠦ᠌ ᠦᠭᠡᠢ ᠪᠤᠯᠬᠤᠷ ᠠᠮᠠᠷᠬᠠᠨ ᠴᠢᠭ᠌ᠯᠡᠯ ᠠᠯᠳᠠᠳᠠᠭ ᠲᠤᠯᠡ ᠠᠪᠬᠠᠯᠵᠢ ᠤᠬᠠᠭᠠᠨ ᠱᠠᠭᠠᠷᠳᠠᠭᠳᠠᠳᠠᠭ᠃ ᠡᠷᠪᠡᠬᠡᠶ ᠤᠮᠪᠠᠯᠲᠠ ᠪᠣᠯ ᠮᠡᠯᠡᠬᠡᠶ ᠤᠮᠪᠠᠯᠲᠠ᠎ᠶ᠋ᠢᠨ ᠬᠥᠳᠡᠯᠦᠯ᠎ᠤᠨ ᠰᠠᠭᠤᠷᠢᠨ ᠳᠡᠭᠡᠷ᠎ᠡ ᠤᠯᠠᠷᠢᠨ ᠬᠤᠪᠢᠷᠠᠵᠤ ᠢᠷᠡᠭ᠌ᠰᠡᠨ ᠶᠤᠮ᠃ ᠡᠷᠪᠡᠬᠡᠶ ᠤᠮᠪᠠᠯᠲᠠ ᠨᠢ ᠲᠦᠷᠪᠡᠨ ᠵᠦᠢᠯ᠎ᠤᠨ ᠤᠷᠤᠯᠳᠤᠭᠠᠨ᠎ᠤ ᠳᠤᠲᠤᠷ᠎ᠠ᠎ᠪᠠᠨ ᠬᠠᠮᠤᠭ᠎ᠤᠨ ᠰᠡᠭᠦᠯ᠎ᠳᠤ ᠬᠥᠭ᠌ᠵᠢᠭ᠌ᠰᠡᠨ ᠤᠮᠪᠠᠯᠲᠠ᠎ᠶ᠋ᠢᠨ ᠲᠦᠷᠦᠯ ᠪᠣᠯᠤᠨ᠎ᠠ᠃ ᠬᠥᠯ᠎ᠤᠨ ᠬᠥᠳᠡᠯᠭᠡᠭᠡᠨ᠎ᠨᠢ ᠭᠠᠭ᠍ᠠᠶ ᠬᠠᠯᠢᠮᠤ᠎ᠶᠢᠨ ᠬᠢ᠎ᠲᠠᠢ ᠠᠳᠠᠯᠢᠪᠳᠤᠷ ᠪᠤᠯᠬᠤᠷ《ᠭᠠᠭ᠍ᠠᠶ ᠬᠠᠯᠢᠮᠤ᠎ᠶ᠋ᠢᠨ ᠤᠮᠪᠠᠯᠲᠠ》ᠴᠸ᠋ ᠭᠡᠳᠡᠭ᠃


QQ图片20220121162117.png


— ᠪᠢ ᠤᠮᠪᠠᠯᠳᠠ ᠰᠤᠷᠴᠤ ᠪᠠᠢᠬᠤ ᠳ᠋ᠤ ᠪᠠᠨ ᠪᠠᠭ᠍ᠰᠢ᠎ᠳᠤ᠎ᠪᠠᠨ ᠵᠦᠩᠳᠡᠭᠡᠨ ᠵᠠᠩᠨᠠᠭᠳᠠᠵᠦ᠍ ᠪᠠᠢᠭ᠍ᠰᠠᠨ᠃ ᠭᠡᠪᠡᠴᠦ ᠪᠢ ᠬᠠᠯᠠᠰᠢᠷᠠᠯ ᠦᠭᠡᠢ ᠴᠢᠷᠮᠠᠢᠭᠠᠳ ᠯᠠ ᠢᠷᠡᠭᠰᠡᠨ᠃ ᠮᠢᠨᠤ ᠠᠩᠬᠠᠨ᠎ᠤ ᠤᠷᠤᠯᠳᠤᠭᠠᠨ ᠪᠤᠯ 2019 ᠣᠨ᠎ᠤ ᠠᠷᠪᠠᠨ ᠳᠥᠷᠪᠡᠳᠦᠭᠡᠷ ᠬᠤᠭᠤᠴᠠᠭᠠᠨ᠎ᠤ ᠪᠥᠬᠦ᠌ ᠤᠯᠤᠰ᠎ᠤᠨ ᠡᠪᠦᠯ᠎ᠤᠨ ᠤᠯᠠᠷᠢᠯ᠎ᠤᠨ ᠲᠠᠮᠢᠷ᠎ᠤᠨ ᠴᠤᠭ᠍ᠯᠠᠭᠠᠨ ᠪᠤᠯᠤᠨ᠎ᠠ᠃ ᠲᠡᠷᠡ ᠤᠳᠠᠭ᠎ᠠ ᠪᠢ ᠪᠠᠭᠠᠴᠤᠳ᠎ᠤᠨ ᠤᠮᠪᠠᠯᠲᠠ᠎ᠶ᠋ᠢᠨ ᠤᠷᠤᠯᠳᠤᠭᠠᠨ᠎ᠤ 50 ᠮᠧᠲᠷ᠎ᠤᠨ ᠴᠢᠯᠥᠭᠡᠲᠦ ᠤᠮᠪᠠᠯᠲᠠ᠎ᠶ᠋ᠢᠨ ᠬᠤᠶᠠᠳᠤᠭᠠᠷ᠂ 50 ᠮᠧᠲᠷ᠎ᠤᠨ ᠮᠡᠯᠡᠬᠡᠶ ᠤᠮᠪᠠᠯᠲᠠ᠎ᠶ᠋ᠢᠨ ᠳᠣᠯᠣᠳᠤᠭᠠᠷ᠎ᠲᠤ ᠤᠷᠤᠭ᠍ᠰᠠᠨ ᠭᠡᠵᠦ᠍ ᠠᠬ᠎ᠠ ᠰᠧᠷᠠᠨᠫᠤᠩᠴᠤᠭ ᠨᠢ ᠶᠠᠷᠢᠪᠠ᠃

ᠰᠧᠷᠠᠨᠫᠤᠩᠴᠤᠭ ᠠᠩᠬᠠᠨ᠎ᠤ ᠤᠷᠤᠯᠳᠤᠭᠠᠨ᠎ᠠᠴᠠ ᠪᠠᠨ ᠬᠤᠢᠰᠢ ᠲᠤᠲᠠᠭᠳᠠᠯ᠎ᠢᠶᠡᠨ ᠨᠦᠬᠦᠵᠦ᠍ ᠬᠦᠴᠦ᠍ ᠭᠠᠷᠭᠠᠨ ᠴᠢᠷᠮᠠᠢᠭ᠍ᠰᠠᠨ᠎ᠤ ᠡᠴᠦᠰ᠎ᠲᠤ ᠡᠯ᠎ᠡ ᠵᠦᠢᠯ᠎ᠤᠨ ᠤᠷᠤᠯᠳᠤᠭᠠᠨ᠎ᠤ ᠴᠢᠯᠦᠭᠡᠲᠤ ᠤᠮᠪᠠᠯᠳᠠ᠎ᠳᠤ ᠲᠤᠯᠤᠭ᠎ᠠ ᠨᠢ᠋ᠮᠠᠨ ᠠᠯᠳᠠᠨ ᠮᠧᠲᠡᠯ ᠠᠪᠴᠤ᠌ ᠪᠠᠢᠭ᠍ᠰᠠᠨ᠃ 2019 ᠣᠨ᠎ᠤ ᠬᠥᠯᠥᠨ ᠪᠤᠢᠷ᠎ᠤᠨ ᠵᠠᠯᠠᠭᠤᠴᠤᠳ ᠪᠠᠭᠠᠴᠤᠳ᠎ᠤᠨ《ᠳ᠋ᠠ ᠴᠢᠥᠧᠠᠨ ᠲᠠᠮᠢᠷ᠎ᠤᠨ ᠬᠤᠨᠳᠠᠭᠠᠲᠤ》ᠤᠮᠪᠠᠯᠲᠠ᠎ᠶ᠋ᠢᠨ ᠤᠷᠤᠯᠳᠤᠭᠠᠨ᠎ᠳᠤ 2008 — 2009 ᠤᠨ᠎ᠳᠤ ᠲᠦᠷᠦᠭ᠌ᠰᠡᠨ ᠪᠠᠭᠠᠴᠤᠳ᠎ᠤᠨ 50 ᠮᠧᠲᠷ᠎ᠤᠨ ᠴᠢᠯᠥᠭᠡᠲᠦ ᠤᠮᠪᠠᠯᠲᠠ᠂ 100 ᠮᠧᠲᠷ᠎ᠤᠨ ᠴᠢᠯᠥᠭᠡᠲᠦ ᠤᠮᠪᠠᠯᠳᠠ ᠪᠡ ᠪᠤᠤᠬᠢᠶ᠎ᠠ ᠤᠷᠤᠯᠳᠤᠭᠠᠨ᠎ᠤ ᠲᠡᠷᠢᠬᠦᠨ ᠂ 2020 ᠤᠨ᠎ᠳᠤ 《ᠹᠠ ᠳ᠋ᠠ ᠬᠤᠨᠳᠠᠭᠠᠲᠤ》ᠬᠥᠯᠥᠨ ᠪᠤᠢᠷ ᠬᠤᠲᠠ᠎ᠶ᠋ᠢᠨ ᠶᠢᠰᠦᠳᠦᠭᠡᠷ ᠬᠤᠭᠤᠴᠠᠭᠠᠨ᠎ᠤ ᠤᠮᠪᠠᠯᠲᠠ᠎ᠶ᠋ᠢᠨ ᠤᠷᠤᠯᠳᠤᠭᠠᠨ᠎ᠳᠤ 2008 — 2009 ᠤᠨ᠎ᠳᠤ ᠲᠦᠷᠦᠭ᠌ᠰᠡᠨ ᠪᠠᠭᠠᠴᠤᠳ᠎ᠤᠨ 50 ᠮᠧᠲᠷ᠎ᠤᠨ ᠴᠢᠯᠥᠭᠡᠲᠦ ᠤᠮᠪᠠᠯᠲᠠ ᠪᠡ 100 ᠮᠧᠲᠷ᠎ᠤᠨ ᠴᠢᠯᠥᠭᠡᠲᠦ ᠤᠮᠪᠠᠯᠲᠠ᠎ᠳᠤ ᠲᠤᠰᠪᠤᠷᠢ ᠲᠡᠷᠢᠬᠦᠯᠡᠵᠦ᠍ ᠪᠠᠢᠭᠰᠠᠨ ᠶᠤᠮ᠃

— ᠤᠰᠤ ᠤᠮᠪᠠᠭ᠍ᠤ᠎ᠳᠤ ᠬᠠᠮᠤᠭ ᠲᠦᠷᠦᠭᠦᠨ ᠳ᠋ᠤ ᠠᠮᠤᠷ ᠲᠦᠪᠱᠢᠨ᠎ᠢ ᠠᠩᠬᠠᠷᠬᠤ ᠴᠢᠬᠤᠯᠠ ᠳᠠᠢ᠃ ᠪᠠᠰᠠ ᠤᠷᠤᠯᠳᠤᠭᠠᠨ᠎ᠤ ᠲᠦᠷᠦᠯ ᠪᠦᠷᠢ ᠦᠪᠡᠷ ᠦᠪᠡᠷ᠎ᠤᠨ ᠤᠨᠴᠠᠯᠢᠭ᠎ᠲᠠᠢ ᠪᠤᠯᠬᠤᠷ ᠤᠨᠴᠠᠯᠢᠭ ᠲᠸ᠋ ᠨᠢ ᠲᠤᠬᠢᠷᠠᠭᠤᠯᠤᠨ ᠰᠠᠢᠨ ᠪᠤᠯᠪᠠᠰᠤᠷᠠᠬᠤ ᠴᠢᠬᠤᠯᠠ ᠳᠠᠢ᠃ ᠵᠢᠱ᠌ᠢᠶᠡᠯᠡᠪᠡᠯ ᠲᠠᠩᠭᠠᠢᠮᠠᠯ ᠤᠮᠪᠠᠯᠲᠠ᠎ᠳᠤ ᠤᠮᠪᠠᠬᠴᠢ᠎ᠶᠢᠨ ᠨᠢᠭᠤᠷ᠎ᠨᠢ ᠤᠰᠤᠨ ᠭᠠᠳᠠᠷᠭᠤ ᠳ᠋ᠤ ᠪᠠᠢᠳᠠᠭ ᠪᠤᠯᠬᠤᠷ ᠡᠮᠦᠨᠠᠬᠢ ᠵᠠᠮ᠎ᠢᠶᠠᠨ ᠣᠯᠵᠤ ᠦᠵᠡᠬᠦ᠌ ᠦᠭᠡᠢ ᠪᠠᠢᠵᠤ ᠠᠮᠠᠷᠬᠠᠨ ᠴᠢᠭ᠌ᠯᠡᠯ ᠠᠯᠳᠠᠨ ᠬᠠᠵᠠᠭᠤ ᠲᠡᠰᠢ ᠪᠠᠨ ᠮᠦᠷᠬᠦᠬᠦ ᠪᠤᠶᠤ ᠤᠷᠤᠯᠳᠤᠭᠠᠨ᠎ᠤ ᠱᠤᠭᠤᠮ ᠡᠴᠡ ᠮᠤᠷᠤᠢᠬᠤ ᠶᠠᠪᠤᠳᠠᠯ ᠭᠠᠷᠳᠠᠭ᠃ ᠲᠡᠢᠮᠦ ᠡᠴᠡ ᠪᠤᠯᠪᠠᠰᠤᠷᠠᠯ ᠳᠤᠮᠳᠠ ᠪᠠᠨ ᠡᠳᠡᠭᠡᠷ ᠵᠦᠢᠯ᠎ᠢ ᠰᠠᠢᠨ ᠠᠩᠬᠠᠷᠬᠤ ᠬᠡᠷᠡᠭᠳᠡᠢ᠃ ᠳᠠᠬᠢᠪᠠᠯ ᠤᠷᠤᠯᠳᠤᠭᠠᠨ᠎ᠤ ᠳᠤᠮᠳᠠ ᠰᠠᠨᠳᠤᠷᠴᠤ᠌ ᠪᠤᠯᠬᠤ ᠦᠬᠡᠢ᠂ ᠴᠢᠳᠠᠯ᠎ᠤᠨ ᠬᠢᠷᠢ ᠪᠡᠷ᠎ᠢᠶᠡᠨ ᠴᠢᠷᠮᠠᠢᠪᠠᠯ ᠪᠤᠯᠴᠢᠬᠠᠨ᠎ᠠ ᠭᠡᠵᠦ᠍ ᠰᠧᠷᠠᠨᠫᠤᠩᠴᠤᠭ ᠲᠤᠷᠱᠢᠯᠭ᠎ᠠ᠎ᠪᠠᠨ ᠶᠠᠷᠢᠯ᠎ᠠ᠃

ᠤᠭᠤᠰᠤᠷ ᠪᠦᠴᠡ ᠦᠬᠡᠢ ᠤᠰᠤᠨ᠎ᠳᠤ ᠤᠮᠪᠠᠵᠦ᠍ ᠰᠤᠷᠬᠤ᠎ᠳᠤ ᠰᠦᠰᠦ ᠵᠤᠷᠢᠭ᠂ ᠠᠪᠬᠠᠯᠵᠢ ᠰᠠᠮᠪᠠᠭ᠎ᠠ ᠱᠠᠭᠠᠷᠳᠠᠨ᠎ᠠ᠃ ᠭᠡᠬᠦ ᠳ᠋ᠤ ᠤᠰᠤ ᠤᠮᠪᠠᠵᠤ ᠴᠢᠳᠠᠬᠤ ᠨᠢ ᠪᠠᠰᠠ ᠠᠵᠠ ᠵᠢᠷᠭᠠᠯ᠂ ᠲᠡᠰᠪᠦᠷᠢ ᠲᠡᠪᠴᠢᠶᠡᠷᠢ᠂ ᠡᠷᠡᠮᠡᠬᠡᠢ ᠵᠤᠷᠢᠭ᠂ ᠠᠮᠵᠢᠯᠳᠠ᠎ᠵᠢᠨ ᠪᠠᠯ᠎ᠢ ᠠᠮᠳᠠᠯᠠᠭᠤᠯᠳᠠᠭ ᠰᠠᠨ᠃

— ᠪᠢᠳᠠ ᠬᠤᠶᠠᠷ ᠤᠰᠤ ᠤᠮᠪᠠᠯᠳᠠ᠎ᠠᠴᠠ ᠨᠢᠭᠡ ᠵᠦᠢᠯ᠎ᠢ ᠰᠤᠷᠴᠤ᠌ ᠠᠪᠤᠭ᠍ᠰᠠᠨ᠃ ᠬᠡᠷᠪᠡ ᠨᠢᠭᠡ ᠶᠠᠪᠤᠳᠠᠯ᠎ᠳᠤ ᠰᠢᠭᠤᠳᠴᠤ ᠴᠢᠷᠮᠠᠢᠪᠠᠯ ᠯᠠᠪᠳᠠᠢ ᠠᠮᠵᠢᠯᠳᠠ ᠤᠯᠤᠨ᠎ᠠ ᠭᠡᠳᠡᠭ ᠶᠤᠰᠤ᠎ᠶ᠋ᠢ ᠮᠡᠳᠡᠭ᠌ᠰᠡᠨ ᠱᠢᠦ ᠭᠡᠵᠦ᠍ ᠠᠬ᠎ᠠ ᠳᠡᠬᠦᠦ ᠬᠤᠶᠠᠷ ᠳᠠᠭᠤ ᠨᠢᠭᠡᠳᠡᠢ᠃

《ᠤᠰᠤᠨ᠎ᠤ ᠲᠤᠩᠭᠠᠯᠠᠭ᠎ᠨᠢ ᠤᠷᠤᠰᠭᠠᠯ᠎ᠳᠤ᠎ᠪᠠᠨ᠂ ᠤᠬᠠᠭᠠᠨ᠎ᠤ ᠲᠤᠩᠭᠠᠯᠠᠭ᠎ᠨᠢ ᠡᠷᠳᠡᠮ᠎ᠳᠤ᠎ᠪᠠᠨ》ᠭᠡᠳᠡᠭ᠃ ᠤᠰᠤ ᠤᠮᠪᠠᠭ᠍ᠤ᠎ᠳᠤ᠎ᠪᠠᠨ ᠰᠠᠢᠨ ᠠᠬ᠎ᠠ ᠳᠡᠬᠦᠦ ᠬᠤᠶᠠᠷ᠎ᠤᠨ ᠤᠷᠤᠰᠭᠠᠯ ᠲᠤᠩᠭᠠᠯᠠᠭ ᠤᠰᠤᠨ᠎ᠠᠴᠠ ᠪᠠᠨ ᠱᠦᠭᠦᠭᠰᠡᠨ ᠤᠬᠠᠭᠠᠨ ᠡᠨᠡ ᠪᠢᠯᠢᠦ ⁈

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号