ᠬᠤᠨᠢᠨᠴᠢᠷ ᠭᠠᠬᠠᠢ
2022-01-21 10:05:25
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠪᠢᠴᠢᠬᠠᠨ ᠨᠠᠢᠵᠠ ᠨᠠᠷ ᠮᠢᠨᠢ᠂ ᠬᠤᠨᠢᠨ᠎ᠤ ᠨᠤᠤᠰᠤ ᠭᠠᠬᠠᠢ᠎ᠶᠢᠨ ᠪᠡᠶ᠎ᠡ ᠲᠠᠢ ᠠᠮᠢᠳᠠᠨ᠎ᠢ ᠦᠵᠡᠵᠦ ᠪᠠᠢᠪᠠᠤ ? ᠳᠡᠷᠡ ᠨᠢ ᠡᠭᠦᠯᠳᠡᠷ ᠰᠠᠢᠵᠢᠷᠠᠭᠤᠯᠬᠤ ᠮᠡᠷᠭᠡᠵᠢᠯ᠎ᠳᠦ ᠳᠦᠰᠢᠭᠯᠡᠭᠰᠡᠨ ᠪᠢᠰᠢ᠂ ᠬᠠᠷᠢᠨ ᠵᠡᠷᠯᠢᠭ ᠭᠠᠬᠠᠢ ᠡᠴᠡ ᠤᠯᠠᠷᠢᠨ ᠢᠷᠡᠭᠰᠡᠨ ᠡᠸᠥ᠋ᠷᠥᠫᠡ ᠲᠢᠪ᠎ᠲᠦ ᠪᠠᠢᠳᠠᠭ ᠨᠢᠭᠡ ᠲᠦᠷᠦᠯ᠎ᠤᠨ ᠭᠠᠬᠠᠢ ᠪᠤᠯᠤᠨ᠎ᠠ᠃ ᠳᠡᠭᠦᠨ᠎ᠢ Mangtalitsa Pigs ᠪᠤᠶᠤ 《ᠬᠤᠨᠢᠨᠴᠢᠷ ᠭᠠᠬᠠᠢ》 ᠭᠡᠮᠡᠳᠡᠭ᠃ ᠬᠤᠨᠢᠨᠴᠢᠷ ᠭᠠᠬᠠᠢ ᠪᠤᠯ ᠳᠡᠯᠡᠬᠡᠢ ᠳᠡᠭᠡᠷᠡᠬᠢ ᠬᠠᠮᠤᠭ ᠵᠤᠵᠠᠭᠠᠨ ᠦᠭᠡᠬᠦ ᠲᠠᠢ ᠭᠠᠬᠠᠢ ᠪᠤᠯᠤᠨ᠎ᠠ᠂ ᠳᠠᠷᠤᠢ ᠡᠩ᠎ᠤᠨ ᠳᠡᠵᠢᠭᠡᠪᠦᠷᠢ ᠭᠠᠬᠠᠢ᠎ᠶᠢᠨ ᠦᠭᠡᠬᠦ ᠨᠢ ᠭᠠᠬᠠᠢ᠎ᠶᠢᠨ ᠳᠤᠰ ᠪᠡᠶᠡᠨ᠎ᠤ 25%—30% ᠵᠢ ᠡᠵᠡᠯᠡᠳᠡᠭ ᠪᠤᠯ ᠬᠤᠨᠢᠨᠴᠢᠷ ᠭᠠᠬᠠᠢ᠎ᠶᠢᠨ ᠦᠭᠡᠬᠦ ᠨᠢ ᠪᠠᠷᠤᠭ 70% ᠵᠢ ᠡᠵᠡᠯᠡᠨ᠎ᠡ᠃ ᠭᠡᠬᠦ᠎ᠳᠦ ᠬᠤᠨᠢᠨᠴᠢᠷ ᠭᠠᠬᠠᠢ᠎ᠶᠢᠨ ᠦᠷᠡᠵᠢᠯᠳᠡ ᠨᠢᠭᠡᠨ ᠦᠶ᠎ᠡ ᠵᠤᠭᠰᠤᠩᠭᠤᠢᠷᠠᠵᠤ᠂ 1970 ᠤᠨ ᠪᠤᠯᠬᠤ᠎ᠳᠦ  ᠪᠦᠬᠦ ᠳᠡᠯᠡᠬᠡᠢ᠎ᠳᠦ ᠠᠷᠠᠢ 200 ᠳᠤᠯᠤᠭᠠᠢ᠎ᠴᠤ ᠬᠦᠷᠬᠦ ᠦᠭᠡᠢ ᠪᠤᠯᠪᠠ᠃ ᠡᠭᠦᠨ ᠡᠴᠡ ᠡᠮᠦᠨ᠎ᠡ᠂ ᠠᠩᠭᠯᠢ᠎ᠳᠦ ᠪᠠᠢᠳᠠᠭ ᠬᠤᠷᠭᠤᠯᠵᠢᠨ ᠦᠰᠦᠳᠦ ᠭᠠᠬᠠᠢ ᠤᠰᠠᠳᠤᠭᠰᠠᠨ ᠡᠴᠡ ᠰᠤᠷᠭᠠᠮᠵᠢ ᠠᠪᠴᠤ ᠂ 1994 ᠤᠨ᠎ᠳᠦ ᠬᠠᠩᠭᠠᠷᠢ᠎ᠶᠢᠨ ᠬᠢᠨ ᠳᠤᠰ ᠡᠭᠦᠯᠳᠡᠷ᠎ᠤᠨ ᠭᠠᠬᠠᠢ ᠵᠢ ᠬᠠᠮᠠᠭᠠᠯᠠᠨ ᠦᠷᠡᠵᠢᠭᠦᠯᠵᠦ ᠡᠬᠢᠯᠡᠪᠡ᠃


QQ截图20220121100617.jpg

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号