ᠱ᠌ᠢᠷᠦᠨ ᠬᠠᠳᠠᠨᠤ ᠳᠠᠯᠠᠪᠠᠢ ᠨᠢ ᠳᠠᠯᠠᠢ ᠳᠠᠩᠬᠢᠰᠤᠨ 0.1% ᠵᠢ ᠯᠡ ᠡᠵᠡᠯᠡᠬᠦ ᠪᠤᠯᠪᠠᠴᠤ 25%ᠶᠢᠨ ᠳᠠᠯᠠᠢ ᠳᠠᠩᠬᠢᠰᠤᠨ ᠠᠮᠢᠳᠤ ᠪᠤᠳᠠᠰᠲᠦ ᠤᠷᠤᠰᠢᠨ ᠳᠤᠭᠳᠠᠨᠢᠬᠤ ᠭᠠᠵᠠᠷ ᠬᠠᠩᠭᠠᠵᠤ ᠪᠠᠢᠳᠠᠭ᠃ ᠦᠨᠦᠳᠦᠷ ᠪᠢᠳᠡ ᠱ᠌ᠢᠷᠦᠨ ᠬᠠᠳᠠᠨᠳᠦ ᠤᠷᠤᠩᠨᠠᠳᠠᠭ ᠬᠡᠳᠦᠨ ᠵᠦᠢᠯᠤᠨ ᠠᠮᠢᠳᠠᠳ ᠲᠠᠢ ᠳᠠᠨᠢᠯᠴᠠᠶᠠ !
ᠦᠷᠭᠡᠰᠦᠳᠦ ᠴᠤᠬᠤᠷ ᠬᠤᠰᠬᠠ

ᠳᠡᠭᠦᠨᠤ ᠪᠦᠬᠦ ᠪᠡᠶᠡᠳᠦ ᠴᠤᠬᠤᠷ ᠳᠤᠯᠪᠤ ᠪᠠ ᠬᠦᠳᠡᠯᠵᠦ ᠴᠢᠳᠠᠳᠠᠭ ᠦᠷᠭᠡᠰᠦ ᠪᠦᠷᠬᠦᠵᠦ ᠪᠡᠶᠡᠶᠢᠨ ᠤᠷᠳᠤ ᠨᠢ 90 ᠰᠡᠨᠲ᠋ᠢᠮᠸᠲᠷ ᠬᠦᠷᠳᠡᠭ᠃ ᠤᠮᠪᠠᠬᠤ ᠬᠤᠷᠳᠤᠴᠠ ᠨᠢ ᠮᠠᠰᠢ ᠤᠳᠠᠭᠠᠨ ᠪᠠᠢᠵᠤ᠂ ᠳᠠᠭᠠᠷᠢᠯᠳᠠᠳᠦ ᠤᠴᠠᠷᠠᠪᠠᠯ ᠳᠠᠯᠠᠢᠶᠢᠨ ᠤᠰᠤ ᠵᠢ ᠰᠤᠷᠤᠵᠤ ᠪᠦᠬᠦ ᠪᠡᠶᠡ ᠪᠠᠨ ᠪᠦᠮᠪᠦᠭᠡ ᠬᠡᠯᠪᠡᠷᠢ ᠲᠠᠢ ᠪᠤᠯᠭᠠᠭᠠᠳ ᠰᠡᠷᠪᠡᠭᠡ ᠦᠷᠭᠡᠰᠦ ᠪᠠᠨ ᠰᠡᠷᠡᠢᠯᠭᠡᠳᠡᠭ᠃ ᠬᠠᠨᠢ ᠢᠵᠢᠯᠢ ᠡᠷᠢᠬᠦ ᠬᠤᠭᠤᠴᠠᠭᠠ ᠡᠴᠡ ᠤᠨᠳᠤᠤ ᠦᠶᠡᠳᠦ ᠳᠡᠳᠡ ᠭᠠᠭᠴᠠᠭᠠᠷ ᠠᠮᠢᠳᠤᠷᠠᠳᠠᠭ᠃ 50 ᠮᠸᠲᠷᠤᠨ ᠬᠦᠢᠬᠡᠨ ᠳ᠋ᠡᠬᠢ ᠱ᠌ᠢᠷᠦᠨ ᠬᠠᠳᠠ ᠪᠡᠷ ᠤᠷᠤᠩᠨᠠᠳᠠᠭ᠃
ᠡᠷᠭᠢᠭᠦᠯᠭᠡᠳᠦ ᠵᠠᠯᠮᠠᠭᠠᠢ

ᠨᠢᠭᠡ ᠵᠦᠢᠯᠤᠨ ᠴᠠᠭᠠᠷᠢᠭ ᠦᠶᠡᠳᠦ ᠵᠢᠭᠠᠰᠤ ᠪᠤᠯᠤᠨᠠ᠃ ᠡᠷᠭᠢᠬᠦᠯᠭᠡᠳᠦ ᠵᠠᠯᠮᠠᠭᠠᠢ ᠨᠢ ᠭᠤᠤᠷᠰᠤ ᠬᠡᠯᠪᠡᠷᠢ ᠲᠠᠢ ᠪᠠᠢᠵᠤ᠂ ᠪᠦᠬᠦ ᠪᠡᠶᠡ ᠨᠢ ᠦᠶᠡ ᠲᠠᠢ᠂ ᠨᠠᠷᠢᠬᠠᠨ ᠪᠦᠭᠡᠳ ᠰᠢᠷᠦᠬᠦᠨ ᠤᠷᠭᠤᠭᠰᠠᠨ ᠦᠰᠦ ᠨᠢ ᠬᠦᠳᠡᠯᠭᠡᠭᠡᠨ ᠬᠢᠬᠦᠳᠦ ᠨᠢ ᠳᠤᠰᠠᠯᠠᠳᠠᠭ᠃ ᠳᠡᠳᠡ ᠱ᠌ᠢᠷᠦᠨ ᠬᠠᠳᠠᠨᠤ ᠤᠷᠤᠢᠶᠢᠨ ᠬᠡᠰᠡᠭᠲᠦ ᠰᠢᠭᠢᠳᠴᠦ᠂ ᠪᠦᠬᠦ ᠪᠡᠶᠡᠨᠤ ᠪᠠᠨ ᠡᠷᠭᠢᠨ ᠳᠤᠭᠤᠷᠢᠨᠳᠦ ᠺᠠᠯᠼᠯᠢᠭ᠋ ᠴᠢᠨᠠᠷᠳᠠᠢ ᠭᠤᠤᠷᠰᠤ ᠢᠯᠭᠠᠷᠠᠭᠤᠯᠤᠭᠠᠳ ᠳᠤᠳᠤᠷᠠ ᠨᠢ ᠠᠮᠢᠳᠤᠷᠠᠳᠠᠭ᠃ ᠡᠷᠭᠢᠭᠦᠯᠭᠡᠳᠦ ᠵᠠᠯᠮᠠᠭᠠᠢ ᠨᠢ ᠰᠠᠭᠤᠷᠢᠰᠢᠵᠤ ᠠᠮᠢᠳᠤᠷᠠᠳᠠᠭ ᠠᠮᠢᠳᠠᠨ ᠪᠠᠢᠵᠤ ᠤᠰᠤᠨ ᠳᠤᠳᠤᠷᠠᠬᠢ ᠪᠢᠴᠢᠯ ᠠᠮᠢᠳᠤ ᠪᠤᠳᠠᠰᠢ ᠱᠦᠭᠦᠵᠦ ᠢᠳᠡᠳᠡᠭ ᠪᠦᠭᠡᠳ ᠢᠳᠡᠭᠡᠨᠢᠶᠡᠨ ᠱᠢᠭᠤᠳ ᠰᠢᠩᠭᠡᠭᠡᠯᠳᠡᠶᠢᠨ ᠰᠢᠰᠲ᠋ᠸᠮᠳᠦ ᠪᠠᠨ ᠤᠷᠤᠭᠤᠯᠳᠠᠭ᠃
ᠤᠷᠳᠤ ᠦᠷᠭᠡᠰᠦᠳᠦ ᠳᠠᠯᠠᠢᠶᠢᠨ ᠵᠠᠷᠠᠭᠠ

ᠳᠡᠭᠦᠨᠤ ᠤᠷᠳᠤ ᠦᠷᠭᠡᠰᠦ ᠨᠢ ᠬᠤᠤᠷᠳᠠᠢ ᠪᠤᠯᠬᠤᠷ ᠬᠠᠳᠬᠤᠭᠳᠠᠪᠠᠯ ᠰᠦᠷᠡᠬᠡᠢ ᠡᠪᠡᠳᠳᠡᠭ᠃ ᠤᠷᠳᠤ ᠦᠷᠭᠡᠰᠦᠳᠦ ᠳᠠᠯᠠᠢᠶᠢᠨ ᠵᠠᠷᠠᠭᠠ ᠨᠢ ᠬᠦᠷᠡᠩ ᠦᠩᠭᠡ ᠲᠠᠢ᠂ ᠭᠠᠳᠠᠷ ᠬᠠᠯᠢᠰᠤ ᠨᠢ ᠨᠢᠮᠭᠡᠨ ᠪᠦᠭᠡᠳ ᠬᠡᠪᠡᠷᠡᠭ᠃ᠪᠡᠶᠡᠨᠤ ᠳ᠋ᠢᠶᠠᠮᠸᠲᠷ ᠨᠢ 5 — 9 ᠰᠡᠨᠲ᠋ᠢᠮᠸᠲᠷ ᠪᠠᠢᠵᠤ ᠬᠠᠷᠠᠬᠤᠳᠦ ᠶᠠᠭ ᠬᠠᠭᠠᠰ ᠪᠦᠮᠪᠦᠭᠡ ᠰᠢᠭ ᠶᠤᠮ᠃ ᠪᠡᠶᠡᠨᠶᠢᠨ ᠬᠢᠨᠢ ᠬᠤᠶᠠᠷ ᠲᠠᠯᠠ ᠪᠠᠷ ᠮᠠᠰᠢ ᠢᠯᠡᠷᠬᠡᠢ ᠳᠠᠪᠤᠨ ᠴᠠᠭᠠᠨ ᠳᠤᠯᠪᠤ ᠲᠠᠢ᠃ ᠦᠷᠭᠡᠰᠦ ᠨᠢ ᠲᠤᠮᠳᠠᠴᠢ ᠪᠡᠷ 30 ᠰᠡᠨᠲ᠋ᠢᠮᠸᠲᠷ ᠤᠷᠳᠤ ᠪᠠᠢᠵᠤ᠂ ᠳᠡᠭᠡᠭᠰᠢ ᠤᠷᠭᠤᠭᠰᠠᠨ ᠨᠢ ᠤᠷᠳᠤ ᠳᠤᠷᠤᠭᠰᠢ ᠬᠠᠨᠳᠤᠭᠰᠠᠨ ᠨᠢ ᠤᠬᠤᠷ ᠪᠠᠢᠳᠠᠭ᠃
ᠤᠬᠤᠷ ᠪᠠᠭᠤᠤᠳᠤ ᠬᠠᠳᠠᠨ ᠰᠠᠮ

ᠳᠡᠭᠦᠨᠤ ᠪᠦᠬᠦ ᠪᠡᠶᠡ ᠨᠢ ᠳᠤᠩᠭᠠᠯᠠᠭ᠃ ᠳᠤᠯᠤᠭᠠᠢ᠂ ᠴᠡᠭᠡᠵᠢ᠂ ᠬᠡᠪᠡᠯᠢᠶᠢᠨ ᠬᠡᠰᠡᠭ ᠳᠡᠬᠢ ᠴᠠᠭᠠᠨ ᠳᠤᠯᠪᠤ ᠪᠠ ᠰᠡᠭᠦᠯᠤᠨ ᠬᠡᠰᠡᠭ ᠳᠡᠬᠢ ᠬᠠᠷᠠ ᠬᠦᠷᠢᠶᠡᠳᠦ ᠵᠦᠷᠵᠢᠨ ᠰᠢᠷᠠ ᠦᠩᠭᠡᠶᠢᠨ ᠳᠤᠯᠪᠤ ᠪᠡᠷᠢᠶᠡᠨ ᠢᠯᠭᠠᠭᠳᠠᠳᠠᠭ᠃ ᠳᠠᠯᠠᠢᠶᠢᠨ ᠭᠠᠳᠠᠯᠢᠶᠢᠨ ᠰᠠᠯᠢᠰᠤ᠂ ᠬᠡᠮᠬᠡᠳᠡᠭ ᠪᠤᠶᠤ ᠳᠠᠯᠠᠢᠶᠢᠨ ᠵᠢᠵᠢᠭ ᠠᠮᠢᠳᠠᠨᠢᠶᠡᠷ ᠢᠳᠡᠰᠢᠯᠡᠳᠡᠭ᠃ ᠤᠬᠤᠷ ᠪᠠᠭᠤᠤᠳᠤ ᠬᠠᠳᠠᠨ ᠰᠠᠮ ᠤᠯᠠᠩᠬᠢᠳᠦ ᠪᠠᠨ ᠬᠤᠤᠰ ᠬᠤᠤᠰᠢᠶᠡᠷ ᠢᠯᠡᠷᠡᠳᠡᠭ᠂ ᠭᠤᠤᠯᠳᠠᠭᠤ ᠳᠤᠮᠤ ᠳᠠᠯᠠᠢᠶᠢᠨ ᠭᠠᠳᠠᠯᠢᠶᠢᠨ ᠰᠤᠷᠤᠭᠤᠯᠤᠨ ᠬᠡᠰᠡᠭᠢᠶᠡᠷ ᠤᠷᠤᠩᠨᠠᠳᠠᠭ᠃ ᠭᠤᠤᠯᠳᠠᠭᠤ ᠡᠨᠡᠳᠬᠡᠭ — ᠨᠤᠮᠤᠬᠠᠨ ᠳᠠᠯᠠᠢ ᠪᠡᠷ ᠳᠠᠷᠬᠠᠨ ᠠᠮᠢᠳᠤᠷᠠᠨᠠ᠃