ᠬᠦᠢᠳᠡᠨ ᠠᠭᠠᠷ ᠪᠦᠬᠦᠨ ᠬᠦᠢᠳᠡᠨ ᠤᠷᠤᠰᠬᠠᠯ ᠪᠢᠰᠢ
2022-01-21 16:36:31
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠬᠦᠢᠳᠡᠨ ᠠᠭᠠᠷ ᠭᠡᠳᠡᠭ ᠨᠢ ᠬᠦᠷᠴᠦ ᠦᠩᠭᠡᠷᠡᠭᠰᠡᠨ ᠭᠠᠵᠠᠷ᠎ᠤᠨ᠎ᠢᠶᠡᠨ ᠠᠭᠠᠷ᠎ᠤᠨ ᠳᠤᠯᠠᠭᠠᠨ᠎ᠢ  ᠪᠠᠭᠤᠷᠠᠭᠤᠯᠳᠠᠭ ᠠᠭᠠᠷ᠎ᠤᠨ ᠪᠦᠭᠡᠮᠨᠡᠷᠡᠯ᠎ᠢ ᠬᠡᠯᠡᠨ᠎ᠡ᠃ ᠳᠡᠭᠦᠨ᠎ᠤ ᠨᠦᠯᠦᠭᠡᠯᠡᠯ ᠡᠴᠡ ᠪᠤᠯᠵᠤ ᠠᠭᠠᠷ᠎ᠤᠨ ᠳᠤᠯᠠᠭᠠᠨ᠎ᠳᠦ ᠬᠤᠪᠢᠷᠠᠯᠳᠠ ᠭᠠᠷᠬᠤ ᠪᠤᠶᠤ ᠴᠠᠰᠤ ᠪᠤᠷᠤᠭᠠᠨ ᠤᠷᠤᠳᠠᠭ᠃ ᠳᠡᠭᠦᠨ᠎ᠤ ᠠᠭᠠᠷ᠎ᠤᠨ ᠳᠤᠯᠠᠭᠠᠨ᠎ᠢ ᠪᠠᠭᠤᠷᠠᠭᠤᠯᠬᠤ ᠬᠡᠮᠵᠢᠶ᠎ᠡ ᠵᠢ ᠨᠢ ᠦᠨᠳᠦᠰᠦᠯᠡᠨ ᠪᠠᠭᠤᠷᠠᠢ ᠬᠦᠢᠳᠡᠨ ᠠᠭᠠᠷ᠂ ᠴᠢᠩᠭᠠᠪᠳᠤᠷ ᠬᠦᠢᠳᠡᠨ ᠠᠭᠠᠷ᠂ ᠴᠢᠩᠭ᠎ᠠ ᠬᠦᠢᠳᠡᠨ ᠠᠭᠠᠷ᠂ ᠬᠦᠢᠳᠡᠨ ᠤᠷᠤᠰᠬᠠᠯ ᠭᠡᠵᠦ ᠬᠤᠪᠢᠶᠠᠨ᠎ᠠ᠃


QQ图片20220121163725.png


ᠮᠠᠨ᠎ᠤ ᠤᠯᠤᠰ᠎ᠢ ᠨᠦᠯᠦᠭᠡᠯᠡᠳᠡᠭ ᠬᠦᠢᠳᠡᠨ ᠠᠭᠠᠷ ᠨᠢ ᠭᠤᠤᠯᠳᠠᠭᠤ ᠤᠮᠠᠷᠠᠳᠤ ᠲᠤᠢᠯ ᠡᠴᠡ ᠡᠭᠦᠰᠴᠦ᠂ ᠰᠢᠪᠸᠷᠢᠶ᠎ᠡ ᠵᠢ ᠳᠠᠮᠵᠢᠨ ᠡᠮᠦᠨᠡᠰᠢᠯᠡᠨ ᠢᠷᠡᠵᠡᠢ᠃ ᠰᠢᠪᠸᠷᠢᠶ᠎ᠡ᠎ᠶᠢᠨ ᠦᠷᠭᠡᠷᠢᠭ ᠪᠠ ᠡᠷᠭᠦᠭᠳᠡᠴᠡ ᠨᠢ ᠦᠨᠳᠦᠷ ᠪᠦᠭᠡᠳ ᠳᠤᠳᠤᠭᠠᠳᠤ ᠬᠠᠭᠤᠷᠠᠢ᠎ᠳᠦ ᠪᠠᠢᠷᠢᠰᠢᠵᠤ᠂ ᠳᠤᠯᠠᠭᠠᠨ᠎ᠤ ᠬᠡᠮᠵᠢᠶ᠎ᠡ ᠳᠤᠤᠷ᠎ᠠ ᠪᠤᠯᠬᠤᠷ ᠤᠮᠠᠷᠠᠳᠤ ᠬᠠᠭᠠᠰ ᠪᠦᠮᠪᠦᠷᠴᠡᠭ᠎ᠤᠨ ᠬᠦᠢᠳᠡᠨ ᠠᠭᠠᠷ᠎ᠤᠨ《ᠳᠤᠰᠤ ᠨᠡᠮᠡᠬᠦ ᠦᠷᠳᠡᠭᠡ》 ᠭᠡᠮᠡᠭᠳᠡᠳᠡᠭ᠃ ᠳᠠᠷᠤᠢ᠂ ᠬᠦᠢᠳᠡᠨ ᠠᠭᠠᠷ ᠨᠢ ᠡᠨᠳᠡ ᠴᠤᠭᠯᠠᠷᠠᠭᠠᠳ ᠠᠭᠠᠷ᠎ᠤᠨ ᠤᠷᠤᠰᠬᠠᠯ᠎ᠳᠦ ᠳᠦᠯᠬᠢᠭᠳᠡᠨ ᠮᠠᠨ᠎ᠤ ᠤᠯᠤᠰ᠎ᠢ ᠨᠦᠯᠦᠭᠡᠯᠡᠳᠡᠭ᠃ ᠮᠠᠨ᠎ᠤ ᠤᠯᠤᠰ ᠵᠢᠯ᠎ᠤᠨ ᠳᠦᠷᠪᠡᠨ ᠤᠯᠠᠷᠢᠯ᠎ᠳᠦ ᠬᠦᠢᠳᠡᠨ ᠠᠭᠠᠷ᠎ᠤᠨ ᠨᠦᠯᠦᠭᠡᠯᠡᠯ᠎ᠢ ᠬᠦᠷᠳᠡᠵᠦ᠂ ᠵᠢᠯ ᠪᠤᠯᠭᠠᠨ᠎ᠤ 9 ᠰᠠᠷ᠎ᠠ ᠡᠴᠡ ᠳᠠᠷᠠᠭ᠎ᠠ ᠵᠢᠯ᠎ᠤᠨ 4 ᠰᠠᠷ᠎ᠠ ᠪᠤᠯᠳᠠᠯ᠎ᠠ ᠬᠠᠮᠤᠭ᠎ᠤᠨ ᠢᠯᠡᠷᠬᠡᠢ ᠪᠠᠢᠳᠠᠭ᠃ ᠦᠷᠭᠡᠷᠢᠭ᠂ ᠭᠠᠵᠠᠷ ᠵᠦᠢ᠎ᠶᠢᠨ ᠪᠠᠢᠷᠢᠰᠢᠯ᠂ ᠭᠠᠵᠠᠷ᠎ᠤᠨ ᠪᠠᠢᠴᠠ ᠵᠡᠷᠭᠡ᠎ᠶᠢᠨ ᠨᠦᠯᠦᠭᠡᠯᠡᠯ ᠡᠴᠡ ᠪᠤᠯᠵᠤ ᠮᠠᠨ᠎ᠤ ᠤᠯᠤᠰ᠎ᠤᠨ ᠬᠦᠢᠳᠡᠨ ᠠᠭᠠᠷ᠎ᠤᠨ ᠬᠦᠳᠡᠯᠭᠡᠭᠡᠨ ᠨᠢ ᠤᠮᠠᠷᠠᠳᠤ ᠤᠷᠤᠨ᠎ᠳᠦ ᠤᠯᠠᠨ ᠡᠮᠦᠨᠡᠳᠦ ᠤᠷᠤᠨ᠎ᠳᠦ ᠴᠦᠬᠡᠨ ᠪᠠᠢᠳᠠᠭ᠃ ᠰᠢᠨᠵᠢᠶᠠᠩ᠎ᠤᠨ ᠬᠤᠢᠳᠤ ᠭᠡᠰᠡᠭ᠂ ᠦᠪᠦᠷ ᠮᠤᠩᠭᠤᠯ᠎ᠤᠨ ᠰᠢᠯᠢᠩᠬᠤᠳᠠ᠎ᠶᠢᠨ ᠤᠢᠷ᠎ᠠ ᠬᠠᠪᠢ᠂ ᠭᠢᠷᠢᠨ ᠮᠤᠵᠢ᠎ᠶᠢᠨ ᠵᠡᠭᠦᠨ ᠬᠡᠰᠡᠭ ᠬᠦᠢᠳᠡᠨ ᠠᠭᠠᠷ᠎ᠤᠨ ᠨᠦᠯᠦᠭᠡᠯᠡᠯ᠎ᠢ ᠬᠠᠷᠢᠴᠠᠩᠭᠤᠢ ᠦᠷᠬᠦᠯᠵᠢ ᠬᠦᠷᠳᠡᠳᠡᠭ᠃ ᠶᠦᠨᠨᠠᠨ ᠮᠤᠵᠢ᠎ᠶᠢᠨ ᠪᠠᠷᠠᠭᠤᠨ ᠬᠡᠰᠡᠭ᠂ ᠭᠤᠸᠠᠩᠳᠥ᠋ᠩ ᠭᠤᠸᠠᠩᠰᠢ ᠬᠢᠭᠡᠳ ᠰᠸᠴᠤᠸᠠᠨ᠎ᠤ ᠬᠤᠳᠤᠭᠤᠷ᠎ᠲᠦ ᠬᠦᠢᠳᠡᠨ ᠠᠭᠠᠷ᠎ᠤᠨ ᠬᠦᠳᠡᠯᠭᠡᠭᠡᠨ ᠴᠦᠬᠡᠨ ᠪᠠᠢᠳᠠᠭ᠃

ᠬᠦᠢᠳᠡᠨ ᠠᠭᠠᠷ᠎ᠤᠨ ᠳᠤᠳᠤᠭᠠᠳᠤ ᠬᠠᠭᠤᠷᠠᠢ᠎ᠳᠦ ᠰᠢᠯᠵᠢᠬᠦ ᠬᠤᠷᠳᠤᠴᠠ ᠨᠢ ᠴᠠᠭ ᠪᠦᠷᠢ ᠲᠤᠮᠳᠠᠴᠢ ᠪᠠᠷ 50 ᠺᠢᠯᠤᠮᠸᠲᠷ ᠪᠠᠢᠵᠤ᠂ ᠡᠨᠡ ᠨᠢ ᠬᠤᠳᠠ᠎ᠶᠢᠨ ᠵᠠᠮ᠎ᠢᠶᠡᠷ ᠳᠠᠪᠬᠢᠬᠤ ᠮᠠᠰᠢᠨ ᠳᠡᠷᠭᠡᠨ᠎ᠤ ᠬᠤᠷᠳᠤᠴᠠ ᠲᠠᠢ ᠠᠳᠠᠯᠢᠪᠳᠤᠷ ᠪᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号