《 ᠵᠠ᠂ ᠮᠡᠳᠡᠯ᠎ᠡ !》
2022-01-25 16:37:55
ᠵᠣᠬᠢᠶᠠᠭ᠍ᠴᠢ᠄
ᠰᠢᠶᠠᠩ ᠲᠤᠤ ᠰᠦᠨ ᠯᠢ ᠶᠢᠩ ᠢᠳᠡᠷᠡᠬᠦᠨ ᠶᠢᠰᠦᠨ᠎ᠡ
ᠣᠩᠱᠢᠭ᠍ᠰᠠᠨ ᠣᠳᠠᠭ᠎ᠠ᠄
★★★☆☆



《ᠵᠠ᠂ ᠮᠡᠳᠡᠯ᠎ᠡ!》ᠬᠡᠬᠦ ᠡᠨᠡ ᠬᠦ᠌ ᠲᠦᠬᠦᠮᠬᠡᠨ ᠬᠤᠶᠠᠷ ᠦᠬᠡ ᠬᠡᠲᠦᠢ ᠶᠡᠬᠡ ᠬᠦᠨᠲᠦ᠎ᠶᠢᠨ ᠵᠢᠩ ᠲᠠᠢ ᠭᠡᠳᠡᠭ᠎ᠢ ᠲᠠ ᠮᠡᠳᠡᠨ᠎ᠡ᠎ᠤᠤ?ᠡᠨᠡ ᠦᠬᠡ᠎ᠶᠢᠨ ᠵᠢᠨᠭᠬᠢᠨᠢ ᠤᠳᠬ᠎ᠠ᠎ᠶᠢ ᠮᠠᠯᠴᠢᠨ ᠲᠦᠯᠦᠬᠡᠯᠡᠭᠴᠢ ᠴᠡᠨᠭᠭᠡᠯᠪᠠᠶᠠᠷ ᠭᠤᠸᠠᠢ ᠦᠨᠭᠭᠡᠷᠡᠭᠰᠡᠨ 5 ᠵᠢᠯ᠎ᠳᠤ ᠪᠤᠲᠠᠲᠦ ᠦᠢᠯᠡ ᠠᠵᠢᠯᠯᠠᠭ᠎ᠠ ᠪᠡᠷ᠎ᠶ᠋ᠢᠡᠨ ᠲᠠᠢᠯᠪᠦᠷᠢᠯᠠᠬᠰᠠᠨ ᠶᠤᠮ᠃

ᠲᠡᠷᠡ᠂᠎ᠬᠤᠶᠠᠷ᠎ᠬᠤᠭᠤᠴᠠᠭ᠎ᠠ᠎ᠲᠠᠷᠠᠭᠠᠯᠠᠨ ᠦᠪᠡᠷᠳᠡᠭᠡᠨ ᠵᠠᠰᠠᠬᠤ ᠤᠷᠤᠨ᠎ᠤ ᠠᠷᠠᠳ᠎ᠤᠨ ᠲᠦᠯᠦᠬᠡᠯᠡᠭᠴᠢᠳ᠎ᠤᠨ ᠶᠡᠬᠡ ᠬᠤᠷᠠᠯ᠎ᠳᠤ ᠤᠷᠤᠯᠴᠠᠵᠦ᠂ ᠤᠲᠠᠭ᠎ᠠ ᠪᠦᠷᠢ ᠦᠨᠲᠦᠰᠦᠨ ᠱᠠᠲᠦᠨ᠎ᠤ ᠤᠯᠠᠨ ᠲᠦᠮᠡᠨ᠎ᠤ ᠪᠠᠨ ᠬᠦᠰᠡᠯ ᠨᠠᠢᠳᠠᠯᠭ᠎ᠠ᠎ᠶᠢ《ᠵᠠ᠂ ᠮᠡᠳᠡᠯ᠎ᠡ!》 ᠭᠡᠵᠦ ᠬᠤᠷᠢᠶᠠᠵᠦ ᠠᠪᠤᠭᠠᠳ ᠮᠠᠯᠵᠢᠬᠤ ᠤᠷᠤᠨ᠎ᠤ ᠪᠠᠨ ᠪᠤᠲᠠᠲᠦ ᠪᠠᠢᠲᠠᠯ ᠲᠠᠢ ᠤᠶᠠᠯᠲᠤᠭᠤᠯᠵᠦ ᠰᠠᠨᠠᠯ ᠵᠦᠪᠯᠡᠯᠭᠡ ᠪᠤᠯᠭᠠᠭᠠᠳ ᠦᠪᠡᠷᠳᠡᠭᠡᠨ ᠵᠠᠰᠠᠬᠤ ᠤᠷᠤᠨ᠎ᠤ《ᠬᠤᠶᠠᠷ ᠬᠤᠷᠠᠯ》 ᠲᠡᠭᠡᠷ᠎ᠡ ᠲᠤᠷᠠᠲᠤᠭᠰᠠᠭᠠᠷ ᠢᠷᠡᠵᠡᠢ᠃


01.jpg


ᠡᠨᠡ ᠵᠢᠯ᠂ ᠴᠡᠨᠭᠭᠡᠯᠪᠡᠶᠠᠷ ᠲᠦᠯᠦᠭᠡᠯᠡᠭᠴᠢ᠎ᠶᠢᠨ ᠲᠠᠷᠠᠭᠠᠯᠠᠨ 3 ᠵᠢᠯ ᠰᠠᠨᠠᠯ ᠵᠦᠪᠯᠡᠯᠭᠡ ᠳᠡᠪᠰᠢᠭᠦᠯᠦᠭᠰᠡᠨ᠎ᠤ ᠬᠢᠨᠢ ᠬᠠᠷᠢᠭᠤ᠎ᠳᠤ ᠬᠦᠪᠡᠭᠡᠲᠦ ᠰᠢᠷ᠎ᠠ ᠬᠤᠰᠢᠭᠤᠨ ᠡᠴᠡ ᠰᠢᠯᠤᠭᠤᠨ ᠬᠦᠪᠡᠭᠡᠲᠦ ᠴᠠᠭᠠᠨ ᠬᠤᠰᠢᠭᠤᠨ᠎ᠤ ᠮᠢᠨᠭᠭᠠᠲᠦ ᠪᠠᠯᠭᠠᠰᠦ ᠬᠦᠷᠬᠦ 303 ᠵᠠᠰᠠᠮᠠᠯ ᠵᠠᠮ ᠨᠡᠪᠳᠡᠷᠡᠵᠦ᠂ ᠬᠤᠰᠢᠭᠤ ᠬᠤᠭᠤᠷᠤᠨᠲᠦᠬᠢ ᠵᠠᠮ ᠬᠠᠷᠢᠯᠴᠠᠭ᠎ᠠ ᠰᠢᠯᠤᠭᠤᠳᠴᠤ᠂ ᠬᠤᠶᠠᠷ ᠬᠤᠰᠢᠭᠤ᠎ᠶᠢᠨ ᠠᠷᠠᠳ ᠲᠦᠮᠡᠨ ᠮᠠᠨᠭᠨᠠᠢ ᠲᠡᠨᠢᠢᠨ ᠪᠠᠶᠠᠰᠦᠯ᠎ᠠ᠃


02.jpg


ᠮᠦᠨ ᠡᠨᠡ ᠵᠢᠯ ᠴᠡᠨᠭᠭᠡᠯᠪᠠᠶᠠᠷ ᠭᠤᠸᠠᠢ ᠪᠠᠰᠠ ᠬᠦᠭᠵᠢᠯᠪᠠᠶᠠᠷ ᠵᠡᠷᠭᠡ ᠦᠶ ᠤᠯᠠᠨ ᠦᠨᠲᠦᠰᠦᠨ ᠱᠠᠲᠦᠨ᠎ᠤ ᠮᠠᠯᠴᠢᠨ ᠲᠦᠮᠡᠨ᠎ᠤ ᠪᠠᠨ ᠬᠦᠰᠡᠯ ᠨᠠᠢᠲᠠᠯᠭ᠎ᠠ᠎ᠶᠢ《ᠵᠠ᠂ ᠮᠡᠳᠡᠯ᠎ᠡ!》 ᠭᠡᠵᠦ ᠲᠤᠰᠴᠦ ᠠᠪᠤᠭᠠᠳ᠂ ᠬᠤᠶᠠᠲᠡᠬᠢ 5 ᠵᠢᠯ᠎ᠤᠨ ᠠᠷᠠᠳ᠎ᠤᠨ ᠲᠦᠯᠦᠬᠡᠯᠡᠭᠴᠢ᠎ᠶᠢᠨ ᠡᠬᠦᠷᠬᠡ ᠪᠠᠨ ᠬᠢᠯᠠᠷᠠᠲᠠᠯ᠎ᠠ ᠪᠡᠶᠡᠯᠡᠬᠦᠯᠵᠦ᠂ ᠪᠡᠶᠡᠯᠡᠬᠦᠯᠵᠦ ᠲᠡᠢᠯᠦᠬᠡ ᠦᠬᠡᠢ ᠰᠠᠨᠠᠯ ᠵᠦᠪᠯᠡᠯᠭᠡ ᠪᠠᠨ ᠲᠠᠷᠠᠭ᠎ᠠ᠎ᠬᠤᠭᠤᠴᠠᠭ᠎ᠠ᠎ᠶ᠋ᠢᠨ᠎ᠱᠢᠨ᠎ᠡ᠎ᠲᠦᠯᠦᠭᠡᠯᠡᠭᠴᠢᠳ᠎ᠲᠡᠭᠡᠨ《ᠪᠤᠤᠬᠢᠶ᠎ᠠ》ᠪᠤᠯᠭᠠᠨ ᠲᠠᠮᠵᠢᠭᠤᠯᠬᠤ ᠪᠡᠷ ᠪᠡᠯᠡᠭᠡᠨ ᠪᠤᠯᠵᠠᠢ᠃


03.jpg


ᠦᠨᠲᠦᠰᠦᠨ ᠱᠠᠲᠦᠨ᠎ᠤ ᠮᠠᠯᠴᠢᠨ ᠲᠦᠮᠡᠨ ᠮᠠᠨᠢ ᠴᠡᠨᠭᠭᠡᠯᠪᠠᠶᠠᠷ ᠲᠦᠯᠦᠬᠡᠯᠡᠭᠴᠢ᠎ᠶᠢᠨ ᠤᠯᠠᠮᠵᠢᠯᠠᠬᠰᠠᠨ ᠬᠤᠷᠠᠯ᠎ᠤᠨ ᠵᠤᠷᠢᠭ ᠰᠠᠨᠠᠭ᠎ᠠ᠎ᠶᠢ 《ᠵᠠ᠂ ᠮᠡᠳᠡᠯ᠎ᠡ!》 ᠭᠡᠵᠦ ᠬᠦᠯᠢᠶᠡᠨ ᠠᠪᠲᠠᠭ᠂ 《ᠵᠠ᠂ ᠮᠡᠳᠡᠯ᠎ᠡ!》 ᠭᠡᠵᠦ ᠴᠡᠨᠭᠭᠡᠯᠪᠠᠶᠠᠷ ᠭᠤᠸᠠᠢ ᠮᠠᠯᠴᠢᠨ ᠲᠦᠮᠡᠨ ᠲᠠᠢ ᠪᠠᠨ ᠲᠠᠰᠤᠷᠠᠵᠦ ᠪᠤᠯᠤᠰᠢ ᠦᠬᠡᠢ ᠰᠡᠳᠬᠢᠯ᠎ᠤᠨ ᠪᠠᠳᠤ ᠬᠤᠯᠪᠤᠭ᠎ᠠ ᠲᠠᠢ᠃

《ᠵᠠ᠂ ᠮᠡᠳᠡᠯ᠎ᠡ!》ᠡᠨᠡ ᠪᠤᠯ ᠴᠡᠨᠭᠭᠡᠯᠪᠠᠶᠠᠷ᠎ᠰᠢᠭ᠋ ᠪᠦᠬᠦ ᠤᠷᠤᠨ᠎ᠤ 500 ᠭᠠᠷᠤᠢ ᠠᠷᠠᠳ᠎ᠤᠨ ᠲᠦᠯᠦᠭᠡᠯᠡᠭᠴᠢ᠎ᠵᠢᠨ ᠠᠮᠠᠯᠠᠯᠲᠠ ᠮᠦᠨ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号