
ᠭᠠᠯ ᠲᠠᠬᠢᠯᠭᠠᠨᠢ ᠮᠠᠨᠤ ᠤᠯᠤᠰᠤᠨ ᠤᠯᠠᠮᠵᠢᠯᠠᠯᠲᠤ ᠪᠠᠶᠠᠷ ᠳᠤᠷᠠᠰᠬᠠᠯᠤᠨ ᠡᠳᠦᠷ ᠪᠠᠢᠵᠤ᠂ ᠪᠠᠰᠠ
ᠪᠠᠭ᠎ᠠ ᠵᠢᠯ ᠭᠡᠳᠡᠭ᠃ ᠠᠯᠢ ᠡᠷᠲᠡ ᠵᠡᠭᠦᠨ ᠬᠠᠨ ᠤᠯᠤᠰᠤᠨ《ᠰᠾᠢ ᠮᠢᠨ ᠶᠤᠸᠠᠢ ᠯᠢᠩ》 ᠪᠢᠴᠢᠭ ᠲᠤ᠌ ᠪᠠᠭ᠎ᠠ
ᠵᠢᠯᠤᠨ ᠲᠤᠬᠠᠢ ᠲᠡᠮᠳᠡᠭᠯᠡᠯ ᠲᠠᠢ ᠪᠠᠢᠵᠤ᠂ ᠰᠦᠩ ᠤᠯᠤᠰ ᠡᠴᠡ ᠬᠤᠢᠰᠢ ᠭᠠᠯᠤᠨ ᠪᠤᠷᠬᠠᠨ ᠲᠠᠬᠢᠬᠤ ᠨᠢ ᠪᠠᠭ᠎ᠠ
ᠵᠢᠯᠤᠨ ᠭᠤᠤᠯ ᠠᠵᠢᠯᠯᠠᠭ᠎ᠠ ᠪᠤᠯᠵᠤ ᠤᠳᠤᠳᠤ ᠬᠦᠷᠴᠡᠢ᠃

ᠭᠠᠯ ᠲᠠᠬᠢᠯᠭᠠᠶᠢᠨ ᠡᠳᠦᠷ ᠨᠢ
ᠭᠠᠵᠠᠷ ᠤᠷᠤᠨᠤ ᠵᠦᠷᠢᠶ᠎ᠡ ᠡᠴᠡ ᠪᠤᠯᠵᠤ᠂ ᠬᠦᠭᠡᠭᠡ ᠰᠠᠷ᠎ᠠ ᠶᠢᠨ ᠬᠤᠷᠢᠨ ᠭᠤᠷᠪᠠᠨ ᠪᠤᠶᠤ ᠬᠤᠷᠢᠨ
ᠳᠦᠷᠪᠡᠨ ᠳ᠋ᠤ ᠲᠤᠬᠢᠶᠠᠳᠠᠭ᠃ ᠤᠯᠠᠩᠬᠢ ᠳ᠋ᠠᠭᠠᠨ ᠡᠮᠦᠨᠡᠲᠦ ᠤᠷᠤᠨᠤ ᠬᠢᠨ ᠬᠤᠷᠢᠨ ᠳᠦᠷᠪᠡᠨ᠂ ᠤᠮᠠᠷᠠᠲᠤ
ᠤᠷᠤᠨᠤ ᠬᠢᠨ ᠬᠤᠷᠢᠨ ᠭᠤᠷᠪᠠᠨ ᠳ᠋ᠤ ᠭᠠᠯ ᠲᠠᠬᠢᠬᠤ ᠨᠢ ᠵᠤᠩᠬᠢᠯᠠᠳᠠᠭ᠃ ᠮᠤᠩᠭᠤᠯᠴᠤᠳᠤᠨ ᠬᠤᠪᠢ ᠳ᠋ᠤ
ᠲᠠᠢᠵᠢ ᠬᠦᠮᠦᠰ ᠬᠤᠷᠢᠨ ᠳᠦᠷᠪᠡᠨ ᠳ᠋ᠤ ᠭᠠᠯ ᠲᠠᠬᠢᠵᠤ᠂ ᠬᠠᠷᠠᠴᠤ ᠬᠦᠮᠦᠰ ᠬᠤᠷᠢᠨ ᠭᠤᠷᠪᠠᠨ ᠳ᠋ᠤ ᠭᠠᠯᠢᠶᠡᠨ
ᠲᠠᠬᠢᠳᠠᠭ ᠭᠡᠯᠴᠡᠳᠡᠭ᠃
ᠭᠠᠯ ᠲᠠᠬᠢᠬᠤ ᠳ᠋ᠤ ᠡᠷᠭᠦᠯᠤᠨ ᠪᠤᠳᠠᠰ
ᠪᠡᠯᠡᠳᠬᠡᠵᠦ᠂ ᠬᠤᠨᠢ ᠮᠠᠯᠢᠶᠡᠨ ᠬᠤᠲᠠᠯᠠᠵᠤ᠂ ᠤᠳᠤᠳ ᠲᠦᠭᠡᠭᠡᠳ ᠢᠷᠡᠬᠦ ᠪᠡᠷ ᠡᠬᠢᠯᠡᠨ ᠭᠠᠯᠢᠶᠡᠨ
ᠲᠠᠬᠢᠳᠠᠭ᠃ ᠡᠷᠭᠦᠯᠤᠨ ᠪᠤᠳᠠᠰ ᠲᠤ᠌ ᠭᠤᠤᠯᠳᠠᠭᠤ ᠬᠤᠨᠢᠨᠤ ᠡᠪᠴᠢᠭᠦᠦ᠂ ᠦᠭᠡᠬᠦ ᠲᠤᠰᠤ᠂ ᠲᠠᠪᠤᠨ ᠲᠠᠷᠢᠶᠠᠨ
ᠦᠷ᠎ᠡ᠂ ᠪᠦᠰ ᠲᠤᠷᠭᠠᠨᠤ ᠦᠭᠡᠳᠡᠰᠦ᠂ ᠴᠢᠪᠠᠭ᠎ᠠ ᠵᠡᠷᠭᠡᠶᠢ ᠪᠡᠯᠡᠳᠬᠡᠵᠦ᠂ ᠬᠠᠭᠤᠷᠠᠢ ᠲᠦᠯᠡᠭᠡ ᠪᠡᠷ
ᠭᠠᠯᠢᠶᠡᠨ ᠬᠦᠭᠵᠢᠭᠡᠵᠦ ᠡᠷᠭᠦᠯᠢᠶᠡᠨ ᠡᠷᠭᠦᠳᠡᠭ᠃ ᠭᠠᠯ ᠲᠠᠬᠢᠬᠤ ᠦᠶ᠎ᠡ ᠳ᠋ᠤ ᠭᠠᠯ ᠬᠡᠳᠦᠢ ᠬᠦᠭᠵᠢᠪᠡᠯ
ᠲᠡᠳᠦᠢ ᠰᠠᠢᠨ ᠪᠡᠯᠭᠡ ᠲᠠᠢ ᠪᠡᠷ ᠦᠵᠡᠵᠦ᠂ 《ᠭᠠᠯ ᠰᠠᠢᠨ ᠡᠭᠦᠰᠦᠯ᠎ᠡ᠂ ᠦᠨᠢᠷ ᠬᠦᠭᠵᠢᠬᠦᠶᠢᠨ ᠪᠡᠯᠭᠡ ᠡ
!》 ᠭᠡᠵᠦ ᠪᠡᠯᠭᠡᠰᠢᠶᠡᠳᠡᠭ᠃

ᠡᠷᠭᠦᠯᠢᠶᠡᠨ ᠡᠷᠭᠦᠵᠦ᠂ ᠭᠠᠯᠢᠶᠡᠨ
ᠰᠠᠢᠨ ᠬᠦᠭᠵᠢᠭᠡᠭᠡᠳ ᠭᠡᠷ ᠬᠤᠲᠠᠯᠠᠭᠠᠷᠢᠶᠡᠨ ᠭᠠᠯ ᠳ᠋ᠠᠭᠠᠨ ᠮᠦᠷᠭᠦᠵᠦ᠂ ᠰᠠᠢᠨ ᠰᠠᠢᠬᠠᠨᠢᠶᠡᠨ ᠳᠠᠭᠠᠳᠬᠠᠳᠠᠭ᠃
ᠭᠠᠯᠤᠨ
ᠢᠷᠦᠭᠡᠯ
ᠡᠷᠭᠢᠬᠦ ᠳᠦᠷᠪᠡᠨ ᠤᠯᠠᠷᠢᠯ ᠳ᠋ᠠᠭᠠᠨ
ᠡᠳ᠋ ᠬᠦᠷᠦᠩᠭᠡ ᠮᠠᠨᠢ ᠵᠤᠵᠠᠭᠠᠷᠠᠵᠤ
ᠡᠷᠡᠭᠦᠯ ᠰᠠᠷᠠᠭᠤᠯ ᠵᠢᠷᠭᠠᠬᠤᠶᠢ
ᠡᠯᠢᠭᠡ ᠪᠦᠲᠦᠨ ᠥᠭᠡᠳᠡᠯᠡᠬᠦᠶᠢ
ᠡᠬᠡ — ᠭᠠᠯᠢᠬᠠᠨ ᠳ᠋ᠠᠭᠠᠨ ᠵᠠᠯᠪᠠᠷᠢᠮᠦ
ᠡᠨᠡᠷᠢᠨ ᠬᠠᠢᠷᠠᠯᠠᠵᠤ ᠢᠪᠡᠭᠡᠮᠦ
ᠠᠷᠢᠭᠤᠨ ᠢᠳᠡᠭᠡᠨᠤ ᠳᠡᠭᠡᠵᠢ ᠪᠠᠨ
ᠠᠷᠴᠠ ᠽᠠᠨᠳᠠᠨ ᠦᠨᠦᠷᠲᠡᠨᠢᠶᠡᠨ
ᠠᠷᠢᠭᠤᠬᠠᠨ ᠭᠠᠯᠤᠨ ᠬᠠᠨ ᠳ᠋ᠠᠭᠠᠨ ᠡᠷᠭᠦᠮᠦ
ᠠᠢᠯᠠᠳᠬᠠᠨ ᠦᠷᠦᠰᠢᠶᠡᠵᠦ ᠰᠤᠶᠤᠷᠬᠠᠮᠤ
ᠭᠡᠨᠡᠳᠡᠯ ᠪᠠᠷᠴᠢᠳᠢ ᠵᠠᠢᠯᠠᠭᠤᠯᠤᠨ
ᠭᠡᠷ ᠬᠤᠲᠠᠯᠠᠶᠢ ᠪᠠᠶᠠᠰᠬᠠᠨ
ᠭᠡᠭᠡᠨ ᠭᠤᠯᠤᠮᠲᠠᠶᠢ ᠳᠡᠭᠵᠢᠷᠡᠭᠦᠯᠬᠦ ᠶᠢ
ᠭᠡᠭᠡᠷᠡᠭᠦᠯᠦᠨ ᠰᠤᠶᠤᠷᠬᠠᠵᠤ ᠢᠪᠡᠭᠡᠮᠦ!
ᠬᠤᠷᠤᠢ᠂ ᠬᠤᠷᠤᠢ᠂ ᠬᠤᠷᠤᠢ!

ᠢᠷᠡᠯᠲᠡ ᠄ ᠦᠪᠦᠷ
ᠮᠤᠩᠭᠤᠯᠤᠨ ᠷᠠᠳᠢᠣ᠋ ᠂ ᠬᠠᠷᠠᠭ᠎ᠠ ᠵᠢᠷᠭᠢᠶ᠎ᠡ ᠲᠠᠪᠴᠠᠩ